ᠭᠡᠳᠦᠨ ᠵᠦᠢᠯ ᠤᠨ ᠭᠡᠷᠡᠭᠯᠡᠭᠡᠨ ᠤ ᠮᠡᠷᠭᠡᠵᠢᠯ
ᠨᠡᠶᠢᠲᠡᠯᠡᠭᠰᠡᠨ ᠴᠠᠭ᠄
2019-12-25
    ᠨᠢᠭᠡ᠂ ᠮᠠᠯ ᠵᠢᠭᠦᠷᠳᠡᠨ ᠤ ᠲᠡᠵᠢᠭᠡᠯᠭᠡ ᠲᠤᠮᠳᠠ ᠰᠦᠯᠢᠶᠤᠤ ᠫᠧᠩ ᠭᠡᠷᠡᠭᠯᠡᠬᠦ ᠳᠤ ᠠᠩᠬᠠᠷᠬᠤ ᠵᠦᠢᠯ     1. ᠰᠠᠯᠬᠢ ᠴᠠᠰᠤ ᠶᠢ ᠰᠡᠷᠭᠡᠶᠢᠯᠡᠬᠦ᠄ ᠰᠦᠯᠢᠶᠤᠤ ᠫᠧᠩ ᠤᠨ ᠨᠢᠮᠭᠡᠨ ᠪᠦᠷᠭᠦᠭᠦᠯ ᠢ ᠰᠠᠶᠢᠳᠤᠷ ᠪᠦᠳᠡᠭᠡᠵᠦ᠂ ᠶᠡᠭᠡ ᠰᠠᠯᠬᠢᠨ ᠳᠤ ᠭᠡᠶᠢᠰᠴᠦ ᠤᠨᠠᠭᠠᠳ ᠲᠤᠯᠠᠭᠠᠨ ᠢ ᠨᠢᠭᠡᠯᠡ ᠲᠤᠤᠷ᠎ᠠ ᠪᠠᠭᠤᠷᠠᠭᠤᠯᠵᠦ᠂ ᠲᠡᠵᠢᠭᠡᠵᠦ ᠪᠠᠶᠢᠭ᠎ᠠ ᠮᠠᠯ ᠵᠢᠭᠦᠷᠳᠡᠨ ᠢ ᠭᠡᠮᠳᠦᠭᠡᠬᠦ ᠠᠴᠠ ᠰᠡᠷᠭᠡᠶᠢᠯᠡᠨ᠎ᠠ᠃ ᠴᠠᠰᠤ ᠲᠠᠢ ᠡᠳᠦᠷ ᠪᠤᠯᠪᠠᠯ ᠰᠦᠯᠢᠶᠤᠤ ᠪᠦᠷᠭᠦᠭᠦᠯ ᠲᠡᠭᠡᠷᠡᠬᠢ ᠴᠠᠰᠤ ᠶᠢ ᠴᠠᠭ ᠲᠠᠷᠤᠢ ᠳᠤᠨᠢ ᠱᠦᠭᠦᠷᠳᠡᠵᠦ ᠠᠷᠢᠯᠭᠠᠨ᠎ᠠ᠃     2. ᠬᠦᠢᠳᠡᠨ ᠢ ᠰᠡᠷᠭᠡᠶᠢᠯᠡᠬᠦ᠄ ᠰᠦᠯᠢᠶᠤᠤ ᠫᠧᠩ ᠳᠤ ᠮᠠᠯ ᠵᠢᠭᠦᠷᠳᠡᠨ ᠲᠡᠵᠢᠭᠡᠬᠦ ᠳᠡᠭᠡᠨ ᠤᠨᠴᠠᠭᠠᠢ ᠬᠦᠢᠳᠡᠷᠡᠭᠰᠡᠨ ᠦᠶ᠎ᠠ ᠳᠤ ᠰᠦᠯᠢᠶᠤᠤ ᠫᠧᠩ ᠤᠨ ᠲᠡᠭᠡᠷ᠎ᠠ ᠨᠢ ᠵᠤᠵᠠᠭᠠᠨ ᠴᠠᠭᠠᠰᠤ ᠪᠤᠶᠤ ᠡᠪᠡᠰᠦᠨ ᠪᠦᠳᠡᠭᠡᠯᠭᠡ ᠪᠠᠷ ᠲᠠᠪᠬᠤᠷ ᠪᠦᠳᠡᠭᠡᠵᠦ ᠲᠤᠯᠠᠭᠠᠨ ᠢ ᠬᠠᠮᠠᠭᠠᠯᠠᠨ᠎ᠠ᠃     3. ᠵᠤᠬᠢᠰᠳᠠᠢ ᠦᠶ᠎ᠠ ᠳᠤ ᠰᠠᠯᠬᠢ ᠨᠡᠪᠳᠡᠷᠡᠭᠦᠯᠵᠦ ᠠᠭᠠᠷ ᠰᠤᠯᠢᠬᠤ᠄ ᠰᠦᠯᠢᠶᠤᠤ ᠫᠧᠩ ᠳᠤ ᠰᠠᠯᠬᠢ ᠨᠡᠪᠳᠡᠷᠡᠭᠦᠯᠵᠦ ᠠᠭᠠᠷ ᠰᠤᠯᠢᠬᠤ ᠳᠠᠭᠠᠨ ᠨᠠᠷᠠ ᠲᠠᠢ ᠰᠠᠯᠬᠢᠨ ᠦᠭᠡᠢ ᠡᠳᠦᠷ ᠤᠨ ᠦᠳᠡ ᠶᠢᠨ ᠴᠠᠭ ᠢᠶᠠᠷ ᠡᠭᠦᠳᠡ ᠴᠤᠩᠬᠤ ᠶᠢ ᠨᠡᠭᠡᠭᠡᠵᠦ᠂ ᠤᠳᠠᠭ᠎ᠠ ᠪᠦᠷᠢ ᠬᠠᠭᠠᠰ ᠴᠠᠭ ᠠᠴᠠ ᠨᠢᠭᠡ ᠴᠠᠭ ᠰᠠᠯᠬᠢ ᠨᠡᠪᠳᠡᠷᠡᠭᠦᠯᠪᠡᠯ ᠰᠠᠶᠢᠨ᠃ ᠭᠡᠷᠪᠡ ᠰᠦᠯᠢᠶᠤᠤ ᠫᠧᠩ ᠳᠤ ᠲᠡᠵᠢᠭᠡᠵᠦ ᠪᠠᠶᠢᠭ᠎ᠠ ᠮᠠᠯ ᠪᠤᠶᠤ ᠵᠢᠭᠦᠷᠳᠡᠨ ᠤ ᠨᠢᠭᠳᠠᠴᠠ ᠨᠡᠯᠢᠶᠡᠳ ᠶᠡᠭᠡ᠂ ᠡᠰᠡᠭᠦᠯ᠎ᠠ ᠮᠠᠯ ᠵᠢᠭᠦᠷᠳᠡᠨ ᠤ ᠬᠦᠢᠳᠡᠨ ᠢ ᠲᠠᠭᠠᠭᠠᠬᠤ ᠴᠢᠳᠠᠪᠤᠷᠢ ᠨᠢ ᠨᠡᠯᠢᠶᠡᠳ ᠲᠤᠤᠷ᠎ᠠ ᠪᠤᠯ ᠰᠠᠯᠬᠢ ᠨᠡᠪᠳᠡᠷᠡᠭᠦᠯᠵᠦ ᠠᠭᠠᠷ ᠰᠤᠯᠢᠬᠤ ᠤᠳᠠᠭ᠎ᠠ ᠪᠠ ᠤᠳᠠᠭ᠎ᠠ ᠪᠦᠷᠢ ᠶᠢᠨ ᠰᠠᠯᠬᠢ ᠨᠡᠪᠳᠡᠷᠡᠭᠦᠯᠭᠦ ᠴᠠᠭ ᠢ ᠵᠤᠬᠢᠰᠳᠠᠢ ᠨᠡᠮᠡᠬᠦ ᠪᠤᠶᠤ ᠬᠠᠰᠤᠵᠦ ᠪᠤᠯᠤᠨ᠎ᠠ᠃ ᠰᠠᠯᠬᠢ ᠨᠡᠪᠳᠡᠷᠡᠭᠦᠯᠵᠦ ᠠᠭᠠᠷ ᠰᠤᠯᠢᠬᠤ ᠨᠢ ᠰᠦᠯᠢᠶᠤᠤ ᠫᠧᠩ ᠳᠠᠬᠢ ᠬᠤᠤᠷᠠᠳᠤ ᠭᠡᠢ ᠪᠡᠶᠡᠳᠦ ᠶᠢᠨ ᠠᠭᠤᠯᠤᠭᠳᠠᠴᠠ ᠶᠢ ᠪᠠᠭᠤᠷᠠᠭᠤᠯᠤᠨ ᠲᠤᠯᠠᠭᠠᠨ ᠤ ᠭᠡᠮᠵᠢᠶ᠎ᠠ ᠪᠠ ᠴᠢᠬᠢᠭ ᠤᠨ ᠭᠡᠮᠵᠢᠶ᠎ᠠ ᠶᠢ ᠲᠤᠬᠢᠷᠠᠭᠤᠯᠬᠤ ᠳᠤ ᠠᠰᠢᠭᠳᠠᠢ᠃      4. ᠰᠦᠯᠢᠶᠤᠤ ᠪᠦᠷᠭᠦᠭᠦᠯ ᠢ ᠲᠤᠭᠳᠠᠭᠰᠠᠨ ᠬᠤᠭᠤᠴᠠᠭ᠎ᠠ ᠳᠤ ᠴᠡᠪᠡᠷᠯᠡᠬᠦ᠄ ᠰᠦᠯᠢᠶᠤᠤ ᠪᠦᠷᠭᠦᠭᠦᠯ ᠲᠡᠭᠡᠷ᠎ᠠ ᠬᠦᠯᠳᠡᠭᠰᠡᠨ ᠮᠦᠰᠦ ᠪᠤᠶᠤ ᠬᠢᠷᠠᠭᠤ ᠶᠢ ᠴᠠᠭ ᠲᠠᠷᠤᠢ ᠳᠤᠨᠢ ᠠᠷᠢᠯᠭᠠᠵᠦ᠂ ᠰᠦᠯᠢᠶᠤᠤ ᠪᠦᠷᠭᠦᠭᠦᠯ ᠤᠨ ᠭᠡᠷᠡᠯ ᠨᠡᠪᠳᠡᠷᠡᠬᠦ ᠶᠢ ᠪᠠᠳᠤᠯᠠᠬᠤ ᠭᠡᠷᠡᠭᠳᠡᠢ᠃ ᠡᠩ ᠤᠨ ᠪᠠᠶᠢᠳᠠᠯ ᠲᠤᠤᠷ᠎ᠠ ᠰᠦᠯᠢᠶᠤᠤ ᠪᠦᠷᠭᠦᠭᠦᠯ ᠢ 2 ᠵᠢᠯ ᠭᠡᠷᠡᠭᠯᠡᠵᠦ ᠪᠤᠯᠳᠠᠭ᠃ ᠡᠶᠢᠮᠤ ᠠᠴᠠ ᠡᠯᠡᠭᠳᠡᠵᠦ ᠴᠤᠭᠤᠷᠤᠭᠰᠠᠨ ᠪᠠᠶᠢᠪᠠᠯ ᠲᠡᠷᠡ ᠲᠠᠷᠤᠢ ᠳᠤᠨᠢ ᠨᠦᠬᠦᠵᠦ ᠨᠠᠭᠠᠬᠤ ᠭᠡᠷᠡᠭᠳᠡᠢ᠃     5. ᠭᠡᠮ ᠬᠢᠵᠢᠭ ᠢ ᠰᠡᠷᠭᠡᠶᠢᠯᠡᠵᠦ ᠵᠠᠰᠠᠬᠤ᠄ ᠮᠠᠯ ᠵᠢᠭᠦᠷᠳᠡᠨ ᠢ ᠰᠦᠯᠢᠶᠤᠤ ᠫᠧᠩ ᠳᠤ ᠤᠷᠤᠭᠤᠯᠵᠦ ᠲᠡᠵᠢᠭᠡᠬᠦ ᠠᠴᠠ ᠡᠮᠦᠨ᠎ᠠ ᠪᠦᠬᠦ ᠲᠠᠯ᠎ᠠ ᠶᠢᠨ ᠪᠡᠶ᠎ᠠ ᠶᠢᠨ ᠪᠠᠶᠢᠴᠠᠭᠠᠯᠳᠠ ᠬᠢᠵᠦ᠂ ᠡᠮᠳᠦ ᠤᠬᠢᠶᠠᠯᠠᠭ᠎ᠠ ᠬᠢᠬᠦ᠂ ᠬᠤᠷᠤᠬᠠᠢ ᠬᠦᠭᠡᠭᠡᠬᠦ᠂ ᠰᠡᠷᠭᠡᠶᠢᠯᠡᠯᠳᠡ ᠶᠢᠨ ᠲᠠᠷᠢᠯᠭ᠎ᠠ ᠲᠠᠷᠢᠬᠤ ᠵᠡᠷᠭᠡ ᠶᠢ ᠬᠦᠢᠴᠡᠳᠭᠡᠭᠰᠡᠨ ᠪᠠᠶᠢᠬᠤ ᠭᠡᠷᠡᠭᠳᠡᠢ᠃ ᠰᠦᠯᠢᠶᠤᠤ ᠫᠧᠩ ᠳᠤ ᠠᠷᠠᠴᠢᠯᠠᠨ ᠲᠡᠵᠢᠭᠡᠬᠦ ᠶᠠᠪᠤᠴᠠ ᠳᠤ ᠮᠠᠯ ᠵᠢᠭᠦᠷᠳᠡᠨ ᠢ ᠨᠠᠷᠢᠯᠢᠭ ᠠᠵᠢᠭᠯᠠᠵᠦ᠂ ᠭᠡᠮ ᠬᠢᠵᠢᠭ ᠢᠯᠡᠷᠡᠪᠡᠯ ᠴᠠᠭ ᠲᠤᠬᠠᠢ ᠳᠤᠨᠢ ᠨᠡᠮᠡᠬᠦ ᠭᠡᠷᠡᠭᠳᠡᠢ᠃     6. ᠰᠢᠨᠵᠢᠯᠡᠬᠦ ᠤᠬᠠᠭᠠᠨᠴᠢ ᠪᠠᠷ ᠠᠷᠠᠴᠢᠯᠠᠨ ᠲᠡᠵᠢᠭᠡᠬᠦ᠄ ᠠᠳᠠᠯᠢ ᠪᠤᠰᠤ ᠲᠦᠷᠦᠯ ᠤᠨ ᠮᠠᠯ ᠵᠢᠭᠦᠷᠳᠡᠨ ᠤ ᠠᠷᠠᠴᠢᠯᠠᠭ᠎ᠠ ᠬᠠᠮᠢᠶᠠᠷᠤᠯᠳᠠ ᠠᠳᠠᠯᠢ ᠦᠭᠡᠢ ᠪᠠᠶᠢᠳᠠᠭ᠃ ᠰᠦᠯᠢᠶᠤᠤ ᠫᠧᠩ ᠳᠤ ᠤᠷᠤᠭᠤᠯᠬᠤ ᠠᠴᠠ ᠡᠮᠦᠨ᠎ᠠ ᠰᠦᠷᠦᠭ ᠠᠴᠠ ᠨᠢ ᠰᠠᠯᠭᠠᠵᠦ᠂ ᠬᠦᠭᠡ ᠡᠪᠡᠰᠦ᠂ ᠲᠠᠷᠤᠰᠢᠭᠤᠯᠤᠭᠰᠠᠨ ᠪᠤᠷᠳᠤᠭ᠎ᠠ ᠵᠢᠴᠢ ᠡᠷᠦᠳᠡᠰᠦ ᠪᠤᠳᠠᠰ᠂ ᠲᠡᠵᠢᠭᠡᠯ ᠤᠨ ᠨᠡᠮᠡᠯᠳᠡ ᠡᠳ᠋ ᠵᠡᠷᠭᠡ ᠶᠢ ᠪᠡᠯᠡᠳᠭᠡᠵᠦ ᠲᠠᠯᠪᠢᠬᠤ ᠭᠡᠷᠡᠭᠳᠡᠢ᠃      ᠬᠤᠶᠠᠷ᠂ ᠨᠠᠷᠠᠨ ᠤ ᠡᠨᠧᠷᠬᠢ ᠶᠢ ᠠᠰᠢᠭᠯᠠᠨ ᠲᠤᠯᠠᠭᠠᠨ ᠫᠧᠩ ᠵᠢᠴᠢ ᠲᠤᠯᠠᠭᠠᠨ ᠫᠧᠩ ᠤᠨ ᠬᠦᠷᠦᠰᠦ ᠰᠢᠷᠤᠢ ᠶᠢ ᠠᠷᠢᠭᠤᠳᠬᠠᠬᠤ ᠠᠷᠭ᠎ᠠ ᠪᠠᠷᠢᠯ     ᠲᠦᠭᠦᠭᠡᠷᠦᠮᠵᠢᠳᠦ ᠲᠤᠯᠠᠭᠠᠨ ᠫᠧᠩ ᠳᠤ ᠢᠳᠡᠰᠢᠨ ᠨᠤᠭᠤᠭ᠎ᠠ᠂ ᠭᠤᠸᠠ ᠵᠢᠮᠢᠰ ᠲᠠᠷᠢᠭᠰᠠᠨ ᠦᠶᠡᠰ ᠭᠡᠮ ᠦᠳᠦ ᠬᠤᠷᠤᠬᠠᠢ ᠶᠢᠨ ᠠᠶᠤᠯ ᠡᠭᠦᠰᠬᠦ ᠨᠢ ᠶᠠᠷᠰᠢᠭ ᠲᠠᠢ ᠭᠡᠷᠡᠭ ᠶᠤᠮ᠃ ᠬᠦᠩᠭᠡᠨ ᠪᠤᠯ ᠤᠨᠠᠯᠳᠠ ᠶᠢ ᠬᠠᠰᠤᠭᠳᠠᠭᠤᠯᠵᠦ᠂ ᠬᠦᠨᠳᠦ ᠪᠤᠯ ᠪᠦᠬᠦ ᠫᠧᠩ ᠤᠨ ᠲᠠᠷᠢᠮᠠᠯ ᠴᠦᠮ ᠬᠤᠬᠢᠷᠠᠬᠤ ᠪᠤᠯᠤᠨ᠎ᠠ᠃ ᠡᠪᠡᠳᠴᠢᠨ ᠭᠡᠮ ᠬᠤᠷᠤᠬᠠᠢ ᠶᠢᠨ ᠠᠶᠤᠯ ᠡᠭᠦᠰᠬᠦ ᠶᠢ ᠶᠠᠭᠠᠬᠢᠵᠦ ᠤᠷᠢᠳᠴᠢᠯᠠᠨ ᠰᠡᠷᠭᠡᠶᠢᠯᠡᠵᠦ᠂ ᠡᠪᠡᠳᠴᠢᠨ ᠭᠡᠮ ᠦᠳᠦ ᠬᠤᠷᠤᠬᠠᠢ ᠶᠢᠨ ᠠᠶᠤᠯ ᠬᠦᠨᠦᠭᠡᠯ ᠢ ᠪᠠᠭᠠᠰᠬᠠᠬᠤ ᠨᠢ ᠲᠤᠯᠠᠭᠠᠨ ᠫᠧᠩ ᠤᠨ ᠲᠠᠷᠢᠮᠠᠯ ᠤᠨ ᠦᠢᠯᠡᠳᠪᠤᠷᠢᠯᠡᠯ ᠢ ᠰᠠᠶᠢᠳᠤᠷ ᠬᠢᠵᠦ᠂ ᠲᠠᠷᠢᠶᠠᠯᠠᠩ ᠤᠨ ᠲᠤᠰᠠᠯᠠᠬᠤ ᠪᠦᠳᠦᠭᠡᠭᠳᠡᠭᠦᠨ ᠤ ᠴᠢᠨᠠᠷ ᠤᠨ ᠠᠮᠤᠷ ᠲᠦᠪᠰᠢᠨ ᠢ ᠪᠠᠳᠤᠯᠠᠬᠤ ᠳᠤ ᠡᠷᠭᠡᠪᠰᠢ ᠠᠩᠬᠠᠷᠬᠤ ᠠᠰᠠᠭᠤᠳᠠᠯ ᠪᠤᠯᠤᠨ᠎ᠠ᠃     ᠨᠠᠷᠠᠨ ᠤ ᠡᠨᠧᠷᠬᠢ ᠶᠢ ᠠᠰᠢᠭᠯᠠᠨ ᠨᠠᠷᠠᠨ ᠤ ᠡᠨᠧᠷᠬᠢᠳᠦ ᠲᠤᠯᠠᠭᠠᠨ ᠫᠧᠩ ᠪᠠ ᠨᠢᠮᠭᠡᠨ ᠰᠦᠯᠢᠶᠤᠤ ᠪᠦᠷᠬᠦᠪᠴᠢ ᠪᠠᠷ ᠪᠦᠷᠬᠦᠭᠰᠡᠨ ᠲᠤᠯᠠᠭᠠᠨ ᠫᠧᠩ ᠤᠨ ᠲᠤᠳᠤᠷᠠᠬᠢ ᠬᠦᠷᠦᠰᠦ ᠰᠢᠷᠤᠢ ᠶᠢ ᠠᠷᠢᠭᠤᠳᠬᠠᠪᠠᠯ ᠦᠪᠡᠷ ᠤᠨ ᠦᠷᠳᠡᠭ ᠢᠶᠠᠷ ᠲᠤᠤᠷ᠎ᠠ᠂ ᠬᠤᠤᠷ ᠦᠭᠡᠢ᠂ ᠪᠤᠵᠠᠷᠳᠤᠯ ᠦᠭᠡᠢ ᠵᠡᠷᠭᠡ ᠤᠨᠴᠠᠯᠢᠭ ᠲᠠᠢ ᠪᠠᠶᠢᠵᠦ ᠲᠡᠯᠭᠡᠷᠡᠭᠦᠯᠦᠨ ᠭᠡᠷᠡᠭᠯᠡᠵᠦ ᠪᠤᠯᠤᠨ᠎ᠠ᠃     ᠠᠷᠭ᠎ᠠ ᠭᠡᠮᠵᠢᠶ᠎ᠠ᠄ ᠲᠤᠯᠠᠭᠠᠨ ᠫᠧᠩ ᠤᠨ ᠲᠤᠳᠤᠷᠠᠬᠢ ᠪᠠ ᠲᠤᠯᠠᠭᠠᠨ ᠫᠧᠩ ᠢ ᠪᠦᠷᠬᠦᠭᠰᠡᠨ ᠪᠤᠳᠠᠰ ᠢ ᠴᠡᠪᠡᠷᠯᠡᠵᠦ᠂ ᠫᠧᠩ ᠤᠨ ᠲᠤᠳᠤᠷᠠᠬᠢ ᠲᠠᠷᠢᠶᠠᠨ ᠭᠠᠵᠠᠷ ᠢ ᠬᠦᠨ ᠰᠢᠭ ᠤᠷᠪᠠᠭᠤᠯᠵᠦ᠂ ᠲᠠᠷᠠᠭ᠎ᠠ ᠨᠢ ᠬᠦᠢᠴᠡᠳ ᠤᠰᠤᠯᠠᠵᠦ᠂ ᠤᠰᠤ ᠲᠤᠭᠳᠠᠬᠤ ᠪᠤᠯᠳᠠᠯ᠎ᠠ ᠤᠰᠤᠯᠠᠨ᠎ᠠ᠃ ᠪᠠᠰᠠ ᠭᠠᠵᠠᠷ ᠢ ᠤᠰᠤᠯᠠᠬᠤ ᠦᠶᠡᠰ ᠭᠠᠵᠠᠷ ᠤᠨ ᠭᠠᠳᠠᠷᠭᠤ ᠳᠤ ᠲᠠᠷᠢᠶᠠᠨ ᠡᠪᠡᠰᠦᠨ ᠤ ᠨᠤᠨᠳᠠᠭ ᠢ 2 ᠠᠴᠠ 3 ᠰᠡᠨᠲ᠋ᠢᠮᠧᠳ᠋ᠷ ᠬᠦᠨ ᠪᠦᠭᠡᠳ ᠵᠢᠭᠳᠡ ᠰᠠᠴᠤᠵᠦ᠂ ᠰᠢᠭᠤᠳ ᠬᠦᠷᠦᠰᠦ ᠰᠢᠷᠤᠢ ᠲᠤᠳᠤᠷ᠎ᠠ ᠤᠷᠤᠭᠤᠯᠵᠦ ᠪᠤᠯᠤᠨ᠎ᠠ᠃ ᠢᠩᠬᠢᠪᠡᠯ ᠬᠦᠢᠴᠡᠳ ᠢᠰᠬᠦ ᠪᠠᠷ ᠲᠠᠮᠵᠢᠨ ᠬᠦᠷᠦᠰᠦ ᠰᠢᠷᠤᠢ ᠶᠢᠨ ᠲᠤᠳᠤᠷᠠᠬᠢ ᠲᠤᠯᠠᠭᠠᠨ ᠤ ᠭᠡᠮᠵᠢᠶ᠎ᠠ ᠶᠢ ᠲᠡᠭᠡᠭᠰᠢᠯᠡᠭᠦᠯᠵᠦ ᠪᠤᠯᠳᠠᠭ᠃ ᠲᠠᠬᠢᠨ ᠲᠤᠩᠭᠠᠯᠠᠭ ᠨᠢᠮᠭᠡᠨ ᠰᠦᠯᠢᠶᠤᠤ ᠪᠦᠷᠬᠦᠪᠴᠢ ᠪᠠᠷ ᠪᠦᠷᠬᠦᠵᠦ ᠲᠦᠷᠪᠡᠨ ᠲᠠᠯ᠎ᠠ ᠶᠢ ᠴᠢᠩᠭ᠎ᠠ ᠲᠠᠷᠤᠨ᠎ᠠ᠃     ᠪᠢᠳᠡᠭᠦᠮᠵᠢᠯᠡᠭᠰᠡᠨ ᠨᠦᠬᠦᠴᠡᠯ ᠲᠤᠤᠷ᠎ᠠ᠂ ᠰᠦᠯᠢᠶᠤᠤ ᠪᠦᠷᠬᠦᠪᠴᠢ ᠶᠢᠨ ᠲᠤᠳᠤᠷᠠᠬᠢ ᠬᠦᠷᠦᠰᠦ ᠰᠢᠷᠤᠢ ᠶᠢᠨ ᠲᠤᠯᠠᠭᠠᠨ ᠤ ᠭᠡᠮᠵᠢᠶ᠎ᠠ ᠨᠢ 50 ᠠᠴᠠ 60 ᠭᠷᠠᠳᠦ᠋ᠰ ᠢ ᠲᠠᠪᠠᠭ᠋ᠤ ᠪᠤᠯᠤᠨ᠎ᠠ᠃ ᠰᠤᠳᠤᠯᠤᠯᠳᠠ ᠪᠠᠷ᠂ ᠡᠶᠢᠮᠤ ᠦᠨᠳᠦᠷ ᠲᠤᠯᠠᠭᠠᠨ ᠤ ᠨᠦᠬᠦᠴᠡᠯ ᠲᠤᠤᠷ᠎ᠠ᠂ ᠭᠤᠸᠠ ᠵᠢᠮᠢᠰ ᠤᠨ ᠰᠢᠷᠠᠯᠠᠵᠦ ᠬᠠᠳᠠᠬᠤ ᠭᠡᠮ᠂ ᠰᠢᠯᠦᠭᠡᠢ ᠨᠤᠭᠤᠭ᠎ᠠ ᠶᠢᠨ ᠪᠠᠺᠲ᠋ᠧᠷᠢ ᠶᠢᠨ ᠪᠦᠭᠡᠮ ᠤᠨ ᠭᠡᠮ᠂ ᠯᠠᠽᠢ ᠶᠢᠨ ᠢᠯᠵᠢᠷᠡᠬᠦ ᠭᠡᠮ ᠪᠠ ᠨᠤᠭᠤᠷᠠᠵᠦ ᠤᠨᠠᠬᠤ ᠭᠡᠮ ᠵᠡᠷᠭᠡ ᠤᠯᠠᠨ ᠵᠦᠢᠯ ᠤᠨ ᠡᠪᠡᠳᠴᠢᠨ ᠭᠡᠮ ᠤᠨ ᠡᠪᠡᠳᠴᠢᠨ ᠡᠭᠦᠰᠭᠡᠭᠴᠢ ᠪᠠᠺᠲ᠋ᠧᠷᠢ ᠨᠤᠭᠤᠳ ᠵᠦᠪᠭᠡᠨ ᠭᠡᠳᠦᠨ ᠴᠠᠭ ᠠᠮᠢᠳᠤᠷᠠᠵᠦ ᠲᠡᠶᠢᠯᠦᠨ᠎ᠠ᠃ ᠲᠡᠭᠡᠷ᠎ᠠ ᠲᠤᠷᠠᠳᠤᠭᠰᠠᠨ ᠨᠦᠬᠦᠴᠡᠯ ᠲᠤᠤᠷ᠎ᠠ 10 ᠠᠴᠠ 30 ᠡᠳᠦᠷ ᠪᠠᠶᠢᠯᠭᠠᠵᠦ ᠰᠢᠢᠳᠪᠤᠷᠢᠯᠡᠪᠡᠯ ᠤᠯᠠᠨ ᠵᠦᠢᠯ ᠤᠨ ᠡᠪᠡᠳᠴᠢᠨ ᠤ ᠪᠠᠺᠲ᠋ᠧᠷᠢ ᠶᠢ ᠠᠯᠠᠵᠦ ᠪᠤᠯᠤᠨ᠎ᠠ᠃ ᠤᠷᠳᠤ ᠬᠤᠭᠤᠴᠠᠭ᠎ᠠ ᠪᠠᠷ ᠲᠡᠭᠡᠷ᠎ᠠ ᠲᠤᠯᠠᠭᠠᠨ ᠬᠦᠴᠢᠯᠳᠦ᠋ᠷᠦᠭᠴᠢ ᠲᠤᠳᠠᠬᠤ ᠨᠦᠬᠦᠴᠡᠯ ᠲᠤᠤᠷ᠎ᠠ ᠪᠠᠶᠢᠯᠭᠠᠪᠠᠯ ᠪᠠᠺᠲ᠋ᠧᠷᠢ ᠠᠯᠠᠬᠤ ᠠᠴᠠ ᠭᠠᠳᠠᠨ᠎ᠠ ᠦᠳᠦ ᠬᠤᠷᠤᠬᠠᠢ ᠂ ᠵᠡᠷᠯᠢᠭ ᠡᠪᠡᠰᠦ ᠶᠢ ᠠᠷᠢᠯᠭᠠᠬᠤ ᠦᠷ᠎ᠠ ᠳ᠋ᠦᠩ ᠨᠢ ᠴᠦ ᠮᠠᠰᠢ ᠮᠡᠳᠡᠭᠳᠡᠮ᠎ᠠ ᠪᠠᠶᠢᠳᠠᠭ᠃      ᠭᠤᠷᠪᠠ᠂ ᠨᠤᠳᠤᠭ ᠤᠨ ᠪᠤᠷᠳᠤᠭᠤᠷ ᠢᠶᠠᠨ ᠢᠯᠡᠭᠦᠭᠡᠨ ᠭᠡᠷᠡᠭᠯᠡᠪᠡᠯ ᠰᠠᠶᠢᠨ     ᠬᠠᠷ᠎ᠠ ᠪᠤᠷᠳᠤᠭᠤᠷ᠂ ᠨᠤᠭᠤᠭᠠᠨ ᠪᠤᠷᠳᠤᠭᠤᠷ᠂ ᠰᠢᠭᠡᠭ ᠪᠤᠷᠳᠤᠭᠤᠷ ᠢ ᠪᠦᠷ ᠨᠤᠳᠤᠭ ᠤᠨ ᠪᠤᠷᠳᠤᠭᠤᠷ ᠭᠡᠳᠡᠭ᠃ ᠨᠤᠳᠤᠭ ᠤᠨ ᠪᠤᠷᠳᠤᠭᠤᠷ ᠢ ᠵᠤᠬᠢᠰᠳᠠᠢ ᠭᠡᠷᠡᠭᠯᠡᠪᠡᠯ ᠲᠠᠷᠢᠮᠠᠯ ᠤᠨ ᠤᠨᠠᠯᠳᠠ ᠪᠤᠯᠤᠨ ᠴᠢᠨᠠᠷ ᠢ ᠲᠡᠭᠡᠭᠰᠢᠯᠡᠭᠦᠯᠵᠦ ᠴᠢᠳᠠᠬᠤ ᠮᠦᠷᠳᠡᠭᠡᠨ ᠬᠦᠷᠦᠰᠦ ᠰᠢᠷᠤᠢ ᠶᠢᠨ ᠪᠦᠳᠦᠴᠡ ᠶᠢ ᠰᠠᠶᠢᠵᠢᠷᠠᠭᠤᠯᠵᠦ ᠲᠡᠶᠢᠯᠦᠨ᠎ᠠ᠃     ᠬᠠᠷ᠎ᠠ ᠪᠤᠷᠳᠤᠭᠤᠷ᠄ ᠬᠠᠷ᠎ᠠ ᠪᠤᠷᠳᠤᠭᠤᠷ ᠪᠤᠯ ᠬᠤᠭ ᠡᠪᠡᠰᠦ᠂ ᠬᠤᠭ ᠵᠡᠷᠭᠡ ᠲᠦᠭᠦᠭᠡᠢ ᠡᠳ᠋ ᠢ ᠨᠦᠭᠡᠨ ᠳᠤ ᠲᠠᠷᠤᠵᠦ ᠢᠰᠭᠡᠬᠦ ᠪᠠᠷ ᠲᠠᠮᠵᠢᠵᠦ ᠤᠯᠤᠭᠰᠠᠨ ᠪᠤᠷᠳᠤᠭᠤᠷ ᠶᠤᠮ᠃ ᠬᠠᠮᠤᠭ ᠰᠠᠶᠢᠨ ᠨᠢ ᠬᠠᠪᠤᠷ ᠨᠠᠮᠤᠷ ᠤᠨ ᠲᠠᠷᠢᠶᠠᠯᠠᠭ᠎ᠠ ᠲᠠᠢ ᠤᠶᠠᠯᠳᠤᠭᠤᠯᠵᠦ ᠰᠠᠭᠤᠷᠢ ᠪᠤᠷᠳᠤᠭᠤᠷ ᠪᠤᠯᠭᠠᠨ᠎ᠠ᠃     ᠨᠤᠭᠤᠭᠠᠨ ᠪᠤᠷᠳᠤᠭᠤᠷ᠄ ᠬᠠᠮᠤᠭ ᠤᠨ ᠰᠠᠶᠢᠨ ᠨᠢ ᠪᠤᠷᠴᠠᠭ ᠤᠨ ᠢᠵᠠᠭᠤᠷ ᠤᠨ ᠲᠠᠷᠢᠮᠠᠯ ᠤᠨ ᠰᠠᠭᠤᠷᠢ ᠪᠤᠷᠳᠤᠭᠤᠷ ᠪᠤᠶᠤ ᠨᠡᠮᠡᠯᠳᠡ ᠪᠤᠷᠳᠤᠭᠤᠷ ᠪᠤᠯᠭᠠᠨ᠎ᠠ᠃ ᠪᠡᠳᠡᠬᠢ ᠶᠢᠨ ᠪᠠᠺᠲ᠋ᠧᠷᠢ ᠶᠢᠨ ᠠᠽᠤᠲ ᠲᠤᠭᠳᠠᠪᠤᠷᠢᠵᠢᠭᠤᠯᠬᠤ ᠦᠢᠯᠡᠳᠦᠯ ᠢ ᠠᠰᠢᠭᠯᠠᠵᠦ ᠬᠦᠷᠦᠰᠦᠨ ᠤ ᠰᠢᠮ᠎ᠠ ᠶᠢ ᠲᠡᠭᠡᠭᠰᠢᠯᠡᠭᠦᠯᠵᠦ ᠪᠤᠯᠤᠨ᠎ᠠ᠃     ᠰᠢᠭᠡᠭ ᠪᠤᠷᠳᠤᠭᠤᠷ᠄ 1. ᠭᠠᠭ᠋ᠠᠢ ᠶᠢᠨ ᠪᠠᠭᠠᠰᠤ᠄ ᠤᠷᠭᠠᠨᠢᠭ ᠪᠤᠳᠠᠰ ᠪᠤᠯᠤᠨ ᠠᠽᠤᠲ᠂ ᠹᠤᠰᠹᠤᠷ᠂ ᠺᠠᠯᠢ ᠶᠢᠨ ᠠᠭᠤᠯᠤᠭᠳᠠᠴᠠ ᠤᠯᠠᠨ ᠪᠤᠯᠬᠤᠷ ᠬᠦᠢᠴᠡᠳ ᠢᠰᠭᠡᠭᠰᠡᠨ ᠭᠠᠭ᠋ᠠᠢ ᠶᠢᠨ ᠪᠠᠭᠠᠰᠤ ᠨᠢ ᠡᠯ᠎ᠠ ᠲᠦᠷᠦᠯ ᠤᠨ ᠬᠦᠷᠦᠰᠦᠨ ᠳᠤ ᠪᠦᠷ ᠲᠤᠬᠢᠷᠠᠨ᠎ᠠ᠃ ᠢᠯᠠᠩᠭᠤᠶ᠎ᠠ ᠤᠰᠤ ᠲᠠᠳᠠᠷᠠᠭᠤᠯᠬᠤ ᠳᠤ ᠠᠰᠤᠷᠤ ᠰᠠᠶᠢᠨ ᠪᠠᠶᠢᠵᠦ ᠬᠠᠯᠠᠭᠤᠨ ᠴᠢᠬᠢᠭᠯᠢᠭ ᠬᠦᠷᠦᠰᠦᠨ ᠳᠤ ᠨᠡᠶᠢᠳᠡᠮ ᠭᠡᠷᠡᠭᠯᠡᠬᠦ ᠳᠤ ᠲᠤᠬᠢᠷᠠᠨ᠎ᠠ᠃ 2. ᠠᠷᠭᠠᠯ᠄ ᠰᠢᠮ᠎ᠠ ᠲᠡᠵᠢᠭᠡᠯ ᠤᠨ ᠠᠭᠤᠯᠤᠭᠳᠠᠴᠠ ᠲᠤᠤᠷ᠎ᠠ ᠪᠤᠯᠬᠤᠷ ᠵᠢᠩᠬᠢᠨᠢ ᠰᠡᠷᠢᠭᠦᠨ ᠴᠢᠨᠠᠷ ᠲᠠᠢ ᠪᠤᠷᠳᠤᠭᠤᠷ ᠪᠤᠯᠤᠨ᠎ᠠ᠃ ᠠᠷᠭᠠᠯ ᠢ ᠬᠠᠳᠠᠭᠠᠵᠦ᠂ 3% — 5% ᠶᠢᠨ ᠲᠦᠯᠡᠭᠡᠨ ᠦᠨᠡᠰᠦ ᠪᠤᠶᠤ ᠹᠤᠰᠹᠤᠷ ᠤᠨ ᠬᠦᠳᠡᠷ᠂ ᠮᠤᠷᠢᠨ ᠬᠤᠮᠤᠯ ᠬᠤᠯᠢᠵᠦ ᠤᠪᠤᠭᠠᠯᠠᠵᠦ ᠲᠠᠷᠤᠪᠠᠯ ᠠᠷᠭᠠᠯ ᠤᠨ ᠵᠠᠳᠠᠷᠠᠯᠳᠠ ᠨᠢ ᠲᠦᠷᠭᠡᠳᠴᠦ ᠪᠤᠷᠳᠤᠭᠤᠷ ᠤᠨ ᠦᠢᠯᠡᠳᠦᠯ ᠨᠢ ᠨᠡᠮᠡᠭᠳᠡᠨ᠎ᠠ᠃ ᠬᠠᠮᠤᠭ ᠰᠠᠶᠢᠨ ᠨᠢ ᠬᠠᠯᠠᠭᠤᠨ ᠲᠦᠭᠦᠭᠡᠢ ᠪᠤᠷᠳᠤᠭᠤᠷ ᠲᠠᠢ ᠤᠶᠠᠯᠳᠤᠭᠤᠯᠵᠦ ᠭᠡᠷᠡᠭᠯᠡᠬᠦ ᠪᠤᠶᠤ ᠡᠯᠡᠰᠦᠷᠭᠡᠭ ᠰᠢᠷᠤᠢ ᠪᠤᠯᠤᠨ ᠨᠦᠮᠦᠷᠢ ᠪᠡᠯ ᠭᠠᠵᠠᠷ ᠲᠤ ᠬᠢᠪᠡᠯ ᠨᠡᠩ ᠲᠤᠬᠢᠷᠠᠮᠵᠢᠳᠠᠢ᠃ 3. ᠬᠤᠷᠭᠤᠯ᠄ ᠬᠠᠯᠠᠭᠤᠨ ᠴᠢᠨᠠᠷ ᠲᠠᠢ ᠪᠤᠷᠳᠤᠭᠤᠷ ᠪᠤᠯᠬᠤᠷ ᠭᠠᠭ᠋ᠠᠢ ᠶᠢᠨ ᠪᠠᠭᠠᠰᠤ ᠲᠠᠢ ᠬᠤᠯᠢᠵᠦ ᠭᠡᠷᠡᠭᠯᠡᠪᠡᠯ ᠨᠡᠩ ᠵᠤᠬᠢᠮᠵᠢᠳᠠᠢ᠃ ᠰᠡᠷᠢᠭᠦᠨ ᠴᠢᠨᠠᠷ ᠲᠠᠢ ᠬᠦᠷᠦᠰᠦ ᠪᠤᠯᠤᠨ ᠰᠡᠭᠦᠳᠡᠷ ᠭᠠᠵᠠᠷ ᠲᠤ ᠭᠡᠷᠡᠭᠯᠡᠬᠦ ᠳᠤ ᠲᠤᠬᠢᠷᠠᠨ᠎ᠠ᠃ 4. ᠮᠤᠷᠢᠨ ᠬᠤᠮᠤᠯ᠄ ᠤᠷᠭᠠᠨᠢᠭ ᠪᠤᠳᠠᠰ᠂ ᠠᠽᠤᠲ᠂ ᠰᠢᠬᠢᠷᠯᠢᠭ ᠡᠳ᠋ ᠤᠨ ᠠᠭᠤᠯᠤᠭᠳᠠᠴᠠ ᠪᠠᠷ ᠨᠡᠯᠢᠶᠡᠳ ᠦᠨᠳᠦᠷ᠂ ᠰᠢᠬᠢᠷᠯᠢᠭ ᠵᠠᠳᠠᠷᠠᠭᠤᠯᠬᠤ ᠪᠠᠺᠲᠧᠷᠢ ᠠᠭᠤᠯᠤᠭᠳᠠᠳᠠᠭ ᠪᠤᠯᠬᠤᠷ ᠤᠪᠤᠭᠠᠯᠠᠵᠦ ᠲᠠᠷᠤᠪᠠᠯ ᠢᠰᠬᠦ ᠨᠢ ᠬᠤᠷᠳᠤᠨ᠂ ᠢᠯᠴᠢ ᠨᠢ ᠦᠨᠳᠦᠷ᠂ ᠴᠢᠬᠢᠭᠯᠢᠭ ᠨᠦᠢᠳᠠᠨ ᠨᠠᠩᠬᠢ ᠰᠢᠷᠤᠢ ᠬᠦᠨᠳᠦ ᠬᠦᠷᠦᠰᠦ ᠪᠤᠯᠤᠨ ᠰᠡᠭᠦᠳᠡᠷ ᠭᠠᠵᠠᠷ ᠵᠢᠴᠢ ᠬᠦᠷᠦᠰᠦᠨ ᠤ ᠦᠷᠦᠮᠡᠳᠦᠯ ᠬᠦᠨᠳᠦ ᠨᠤᠴᠢᠳᠠᠢ ᠭᠠᠵᠠᠷ ᠭᠡᠷᠡᠭᠯᠡᠬᠦ ᠳᠤ ᠲᠤᠬᠢᠷᠠᠨ᠎ᠠ᠃ 5. ᠭᠡᠷ ᠤᠨ ᠵᠢᠭᠦᠷᠳᠡᠨ ᠤ ᠪᠠᠭᠠᠰᠤ᠄ ᠰᠢᠮ᠎ᠠ ᠲᠡᠵᠢᠭᠡᠯ ᠦᠨᠳᠦᠷ ᠪᠤᠯᠬᠤᠷ ᠦᠷ᠎ᠠ ᠶᠢᠨ ᠪᠤᠷᠳᠤᠭᠤᠷ᠂ ᠨᠡᠮᠡᠯᠳᠡ ᠪᠤᠷᠳᠤᠭᠤᠷ ᠪᠤᠯᠭᠠᠵᠦ ᠪᠤᠯᠤᠨ᠎ᠠ᠃ ᠢᠳᠡᠰᠢᠨ ᠨᠤᠭᠤᠭ᠎ᠠ ᠳᠤ ᠭᠡᠷᠡᠭᠯᠡᠬᠦ ᠳᠤ ᠬᠠᠮᠤᠭ ᠢᠯᠡᠭᠦᠤ ᠲᠤᠬᠢᠷᠠᠨ᠎ᠠ᠃ 6. ᠬᠦᠮᠦᠨ ᠤ ᠪᠠᠭᠠᠰᠤ ᠰᠢᠭᠡᠰᠦ᠄ ᠬᠦᠢᠴᠡᠳ ᠢᠰᠭᠡᠭᠰᠡᠨ ᠤ ᠲᠠᠷᠠᠭ᠎ᠠ ᠰᠢᠭᠤᠳ ᠭᠡᠷᠡᠭᠯᠡᠬᠦ ᠪᠠ ᠰᠢᠷᠤᠢ ᠨᠡᠮᠡᠵᠦ ᠰᠠᠭᠤᠷᠢ ᠪᠤᠷᠳᠤᠭᠤᠷ ᠪᠤᠯᠭᠠᠵᠦ ᠪᠤᠯᠤᠨ᠎ᠠ᠃               ︵︽ᠦᠪᠤᠷ ᠮᠤᠩᠭᠤᠯ ᠤᠨ ᠮᠠᠯ ᠠᠵᠤ ᠠᠬᠤᠢ ᠰᠡᠳᠭᠦᠯ︾ ᠠᠴᠠ︶
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号