ᠰᠠᠭᠤᠭᠠᠯᠢ ᠠᠷᠠᠳ ᠤᠨ ᠠᠮᠢᠳᠤᠷᠠᠯ ᠤᠨ ᠤᠷᠴᠢᠨ ᠲᠤᠭᠤᠷᠢᠨ ᠢ ᠰᠠᠶᠢᠵᠢᠷᠠᠭᠤᠯᠵᠦ᠂ ᠠᠷᠠᠳ ᠣᠯᠠᠨ ᠤ ᠵᠣᠯ | ᠵᠢᠷᠭᠠᠯ ᠤᠨ ᠬᠡᠮᠵᠢᠶ᠎ᠠ ᠶᠢ ᠦᠨᠡᠨᠬᠦ ᠲᠡᠬᠡᠭᠰᠢᠯᠡᠬᠦᠯᠬᠦ ᠶᠢᠨ ᠲᠦᠯᠣᠬᠡ᠂ ᠦᠡᠭᠬᠡᠷᠡᠭᠰᠠᠨ ᠵᠢᠯ ᠳᠤ ᠵᠠᠯᠠᠶᠢᠳ ᠬᠤᠰᠢᠭᠤ | 2000 ᠣᠨ ᠤ ᠦᠶᠠᠰ ᠢᠶᠠᠷ ᠪᠠᠶᠢᠭᠤᠯᠣᠭᠰᠠᠨ ᠢᠣᠢ ᠬᠦᠸᠧ ᠬᠤᠸᠠ ᠶᠣᠸᠠᠨ᠂ ᠼᠠᠢ ᡁᠢ ᠵᠡᠷᠬᠡ 29 ᠬᠠᠭᠤᠴᠢᠨ | ᠰᠠᠭᠤᠴᠠ ᠶᠢ ᠵᠠᠰᠠᠨ ᠰᠢᠨᠡᠳᠭᠡᠵᠦ᠂ ᠰᠠᠭᠤᠭᠠᠯᠢ ᠠᠷᠠᠳ ᠤᠨ ᠠᠮᠢᠳᠤᠷᠠᠯ ᠤᠨ ᠤᠷᠴᠢᠨ ᠲᠤᠭᠤᠷᠢᠨ ᠢ ᠤᠯᠠᠮ ᠢᠶᠠᠷ | ᠰᠠᠶᠢᠵᠢᠷᠠᠭᠤᠯᠵᠦ ᠪᠠᠶᠢᠨ᠎ᠠ᠃ | ᠵᠠᠯᠠᠶᠢᠳ ᠬᠤᠰᠢᠭᠤᠨ ᠤ ᠢᠣᠢ ᠬᠦᠸᠧ ᠬᠤᠸᠠ ᠶᠣᠸᠠᠨ᠂ ᠼᠠᠢ ᡁᠢ ᠵᠡᠷᠬᠡ 29 ᠬᠠᠭᠤᠴᠢᠨ ᠰᠠᠭᠤᠴᠠ ᠶᠢ | ᠦᠡᠭᠬᠡᠷᠡᠭᠰᠠᠨ ᠳᠤ ᠵᠣᠨ ᠤ ᠣᠯᠠᠷᠢᠯ ᠳᠤ ᠪᠣᠷᠣᠭᠠᠨ ᠤ ᠣᠰᠣ ᠲᠤᠨᠤᠵᠦ᠂ ᠢᠯᠴᠢ ᠬᠠᠨᠭ᠍ᠭᠠᠬᠤ᠂ ᠣᠰᠣ ᠬᠠᠨᠭ᠍ᠭᠠᠬᠤ᠂ | ᠪᠣᠵᠠᠷ ᠣᠰᠣ ᠶᠢ ᠰᠢᠢᠳᠪᠤᠷᠢᠯᠡᠬᠦ ᠵᠡᠷᠬᠡ ᠲᠣᠨᠤᠭ ᠲᠦᠬᠦᠬᠡᠷᠣᠮᠵᠢ ᠨᠢ ᠬᠠᠭᠤᠴᠢᠷᠠᠵᠣ ᠠᠷᠠᠳ ᠤᠨ ᠠᠮᠢᠳᠣᠷᠠᠯ ᠤᠨ | ᠨᠦᠬᠦᠴᠠᠯ ᠢ ᠬᠠᠨᠭ᠍ᠭᠠᠵᠣ ᠲᠠᠶᠢᠯᠬᠦ ᠦᠬᠡᠢ ᠪᠣᠯᠵᠠᠢ᠃ ᠦᠡᠭᠬᠡᠷᠡᠭᠰᠠᠨ ᠵᠢᠯ ᠳᠤ᠂ ᠵᠠᠯᠠᠶᠢᠳ ᠬᠤᠰᠢᠭᠤ 4000 | ᠲᠦᠮᠡᠨ ᠲᠦᠬᠦᠷᠢᠭ ᠪᠡᠯᠨ ᠣᠷᠣᠭᠤᠯᠵᠣ᠂ 21.16 ᠲᠦᠮᠡᠨ ᠲᠡᠭᠰᠢ ᠲᠦᠷᠪᠡᠯᠵᠢᠨ ᠮᠧᠳ᠋ᠷ ᠲᠠᠯᠠᠪᠠᠢ ᠲᠠᠢ᠂ | 2400 ᠭᠠᠷᠣᠢ ᠡᠷᠣᠬᠡ ᠳᠤ ᠬᠤᠯᠪᠣᠭᠳᠠᠬᠤ᠂ 29 ᠬᠠᠭᠤᠴᠢᠨ ᠰᠠᠭᠤᠴᠠ ᠶᠢᠨ ᠢᠯᠴᠢ ᠬᠠᠨᠭ᠍ᠭᠠᠬᠤ᠂ ᠣᠰᠣ | ᠬᠠᠨᠭ᠍ᠭᠠᠬᠤ ᠲᠣᠨᠤᠭ ᠲᠦᠬᠦᠬᠡᠷᠣᠮᠵᠢ ᠶᠢ ᠵᠠᠰᠠᠨ ᠰᠢᠨᠡᠳᠬᠡᠵᠦ᠂ ᠰᠠᠭᠤᠴᠠ ᠶᠢᠨ ᠵᠠᠮ ᠢ ᠲᠠᠬᠢᠨ ᠬᠠᠳᠠᠭᠤᠷᠠᠭᠤᠯᠬᠤ ᠶᠢᠨ | ᠬᠠᠮᠳᠤ ᠨᠤᠭᠤᠭᠠᠷᠠᠭᠤᠯᠤᠯᠳᠠ ᠬᠢᠵᠦ᠂ ᠮᠠᠰᠢᠨ ᠲᠡᠷᠬᠡ ᠵᠣᠭᠰᠣᠬᠤ ᠭᠠᠵᠠᠷ ᠭᠠᠷᠭᠠᠬᠤ ᠵᠡᠷᠬᠡ ᠢᠠᠵᠧᠨᠧᠷᠢᠩ ᠢ | ᠶᠠᠪᠣᠭᠳᠠᠭᠤᠯᠵᠣ᠂ ᠨᠠᠶᠢᠬᠡᠮ ᠲᠣᠭᠤᠷᠢᠭ ᠤᠨ ᠣᠷᠴᠢᠨ ᠲᠣᠭᠤᠷᠢᠨ ᠢ ᠶᠠᠬᠡᠪᠠᠷ ᠰᠠᠶᠢᠵᠢᠷᠠᠭᠤᠯᠵᠠᠢ᠃ |