ᠤᠯᠠᠭᠠᠨᠬᠤᠳᠠ ᠪᠤᠯ ᠬᠢᠩᠭᠠᠨ ᠠᠶᠢᠮᠠᠭ ᠤᠨ ᠵᠠᠬᠢᠷᠭ᠎ᠠ ᠰᠠᠭᠤᠭ᠎ᠠ ᠭᠠᠵᠠᠷ᠂ ᠪᠦᠬᠦ ᠠᠶᠢᠮᠠᠭ ᠤᠨ ᠤᠯᠤᠰ ᠲᠦᠷᠦ | ᠠᠵᠤ ᠠᠬᠤᠢ ᠰᠤᠶᠤᠯ ᠪᠤᠯᠤᠨ ᠵᠠᠮ ᠬᠠᠷᠢᠯᠴᠠᠭᠠᠨ ᠤ ᠲᠦᠪ ᠪᠦᠭᠡᠳ ᠪᠠᠰᠠ ᠤᠯᠠᠭᠠᠨᠬᠤᠳᠠ ᠶᠢᠨ ᠵᠠᠰᠠᠭ ᠤᠨ | ᠣᠷᠳᠣᠨ ᠤ ᠰᠠᠭᠤᠭ᠎ᠠ ᠭᠠᠵᠠᠷ ᠪᠤᠯᠤᠨ᠎ᠠ᠃ ᠤᠯᠠᠭᠠᠨᠬᠤᠳᠠ ᠶᠢᠨ ᠣᠣᠯ ᠤᠨ ᠨᠡᠷ᠎ᠡ ᠨᠢ ᠸᠠᠩ ᠤᠨ ᠰᠦᠮ᠎ᠡ ᠭᠡᠳᠡᠭ᠃ | 1947 ᠣᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠵᠠᠰᠠᠭ ᠤᠨ ᠣᠷᠳᠣᠨ ᠡ᠊ᠨᠳᠡ | ᠪᠠᠶᠢᠭᠤᠯᠤᠭᠳᠠᠭᠰᠠᠨ ᠠᠴᠠ ᠤᠯᠠᠭᠠᠨᠬᠤᠳᠠ ᠭᠡᠵᠦ ᠨᠡᠷᠡᠯᠡᠭᠰᠡᠨ ᠪᠢᠯᠡ᠃ ᠴᠢᠩ ᠤᠨ ᠲᠦᠷᠦ ᠶᠢᠨ ᠡᠩᠬᠡ | ᠠᠮᠤᠭᠤᠯᠠᠩ ᠤᠨ ᠭᠤᠴᠢᠨ ᠣᠨ ︵1691︶ ᠳᠤ᠂ ᠵᠠᠰᠠᠭᠳᠤ ᠵᠢᠶᠦ᠋ᠨ ᠸᠠᠩ ᠤᠨ ᠬᠤᠰᠢᠭᠤᠨ ᠤ ᠭᠤᠷᠪᠠᠳᠤᠭᠠᠷ | ᠦᠶ᠎ᠡ ᠶᠢᠨ ᠵᠢᠶᠦ᠋ᠨ ᠸᠠᠩ ᠸᠴᠢᠷ ᠸᠠᠩ ᠪᠠᠶᠠᠨ ᠠᠭᠤᠯᠠ ᠶᠢᠨ ᠡᠮᠦᠨ᠎ᠡ ︵ᠣᠳᠣ ᠶᠢᠨ ᠤᠯᠠᠭᠠᠨᠬᠤᠳᠠ ᠶᠢᠨ ᠠᠢ | ᠭᠦᠸᠧ ᠵᠡᠭᠡᠯᠢ ᠶᠢᠨ ᠬᠡᠷᠡᠭ ᠡᠷᠬᠢᠯᠡᠬᠦ ᠭᠠᠵᠠᠷ ᠤᠨ ᠤᠢᠢᠷ᠎ᠠ ᠣᠷᠴᠢᠮ︶ ᠭᠡᠷ ᠤᠨ ᠰᠦᠮ᠎ᠡ ᠪᠠᠶᠢᠭᠤᠯᠵᠠᠢ᠃ | ᠨᠤᠳᠤᠭ ᠤᠨ ᠬᠦᠮᠦᠰ ︽ᠸᠠᠩ ᠤᠨ ᠰᠦᠮ᠎ᠡ︾ ᠭᠡᠵᠦ ᠲᠠᠭᠤᠳᠠᠬᠤ ᠪᠤᠯᠵᠠᠢ᠃ ᠸᠠᠩ ᠤᠨ ᠰᠦᠮ᠎ᠡ ᠶᠢ | ᠪᠠᠶᠢᠭᠤᠯᠤᠭᠰᠠᠨ ᠤ ᠰᠡᠭᠦᠯᠡᠷ᠂ ᠵᠢᠶᠦ᠋ᠨ ᠸᠠᠩ ᠰᠢᠯᠢ ᠶᠢᠨ ᠭᠤᠤᠯ ᠠᠶᠢᠮᠠᠭ ᠤᠨ ᠤᠵᠤᠮᠦᠴᠢᠨ ᠬᠤᠰᠢᠭᠤ ᠠᠴᠠ ᠨᠢᠭᠡᠨ | ᠴᠣᠭᠤᠷᠴᠢ ︵ᠯᠠᠮᠠ ᠶᠢᠨ ᠡᠷᠬᠡ ᠵᠡᠷᠭᠡ ᠶᠢᠨ ᠨᠡᠷ᠎ᠡ︶ ᠯᠠᠮᠠ ᠶᠢ ᠵᠠᠯᠠᠨ ᠠᠪᠴᠢᠷᠠᠵᠤ ᠰᠦᠮ᠎ᠡ ᠶᠢᠨ ᠬᠠᠮᠢᠶᠠᠷᠤᠭᠴᠢ | ᠪᠤᠯᠭᠠᠵᠠᠢ᠃ ᠡᠩᠬᠡ ᠠᠮᠤᠭᠤᠯᠠᠩ ᠤᠨ ᠭᠤᠴᠢᠨ ᠭᠤᠷᠪᠠᠳᠤᠭᠠᠷ ᠵᠢᠯ ︵1694︶᠂ ᠵᠠᠰᠠᠭᠳᠤ ᠬᠤᠰᠢᠭᠤᠨ ᠤ ᠸᠠᠩ | ᠨᠣᠶᠠᠨ ᠴᠣᠭᠤᠷᠴᠢ ᠯᠠᠮᠠ ᠶᠢ ᠲᠠᠭᠠᠭᠤᠯᠤᠨ ᠪᠡᠭᠡᠵᠢᠩ ᠳᠤ ᠬᠦᠷᠴᠦ ᠡᠩᠬᠡ ᠠᠮᠤᠭᠤᠯᠠᠩ ᠬᠠᠭᠠᠨ ᠲᠠᠢ ᠪᠠᠷᠠᠳᠠᠭᠤᠯᠵᠠᠢ | ᠃ ᠪᠡᠭᠡᠵᠢᠩ ᠳᠤ ᠪᠠᠶᠢᠬᠤ ᠬᠤᠭᠤᠴᠠᠭᠠᠨ ᠳᠤ᠂ ᠴᠣᠭᠤᠷᠴᠢ ᠯᠠᠮᠠ ᠠᠯᠢ ᠣᠯᠠᠨ ᠲᠦᠪᠡᠳ ᠨᠣᠮ ᠰᠤᠳᠤᠷ ᠢ | ᠮᠤᠩᠭᠤᠯᠴᠢᠯᠠᠵᠤ ᠬᠢᠭᠰᠡᠨ ᠠᠴᠠ ᠵᠠᠰᠠᠭ ᠲᠦᠷᠦ ᠶᠢᠨ ᠬᠦᠨᠳᠦᠳᠭᠡᠯ ᠢ ᠬᠦᠷᠳᠡᠵᠦ᠂ ᠲᠡᠭᠦᠨ ᠳᠤ ︽ᠪᠠᠭᠰᠢ ᠭᠡᠭᠡᠨ︾ | ᠬᠡᠮᠡᠬᠦ ᠴᠣᠯᠠ ᠶᠢ ᠬᠠᠶᠢᠷᠠᠯᠠᠵᠠᠢ᠃ ᠪᠠᠰᠠ ᠸᠠᠩ ᠤᠨ ᠰᠦᠮ᠎ᠡ ᠳᠤ ᠮᠤᠩᠭᠤᠯ ᠲᠦᠪᠡᠳ ᠢᠶᠠᠷ ︽ᠬᠤᠳᠠᠯᠠ | ᠨᠢᠭᠦᠯᠡᠰᠦᠬᠦᠢ︾ ᠬᠢᠳᠡᠳ ᠢᠶᠠᠷ ︽普惠寺︾ ᠬᠡᠮᠡᠬᠦ ᠫᠠᠶᠢᠰᠠ ᠬᠠᠶᠢᠷᠠᠯᠠᠵᠠᠢ᠃ ᠭᠡᠪᠡᠴᠦ ᠬᠦᠮᠦᠰ ᠶᠡᠷᠦᠨᠢ | ᠸᠠᠩ ᠤᠨ ᠰᠦᠮ᠎ᠡ ᠭᠡᠵᠦ ᠲᠠᠭᠤᠳᠠᠵᠤ ᠢᠷᠡᠭᠰᠡᠨ ᠶᠤᠮ᠃ | 1929 ᠣᠨ ᠳᠤ᠂ ᠵᠡᠬᠦᠨ ᠬᠤᠶᠢᠳᠤ ᠶᠢᠨ ᠵᠠᠰᠠᠭ ᠤᠨ ᠶᠠᠪᠤᠳᠠᠯ ᠤᠨ ᠵᠦᠪᠯᠡᠯ ᠠᠴᠠ ᠸᠠᠩ ᠤᠨ ᠰᠦᠮ᠎ᠡ ᠳᠤ | ᠨᠢᠭᠡᠳᠦᠭᠡᠷ ᠠᠳᠠᠷ ᠬᠠᠭᠠᠯᠪᠤᠷᠢᠯᠠᠬᠤ ᠲᠤᠪᠴᠢᠶ᠎ᠠ ᠭᠠᠷᠭᠠᠵᠤ᠂ ᠸᠠᠩ ᠤᠨ ᠰᠦᠮ᠎ᠡ ᠶᠢ ᠪᠠᠰᠠ ᠬᠢᠩᠭᠠᠨ ᠪᠠᠯᠭᠠᠰᠤ ︵ | ᠪᠠᠰᠠ ᠬᠤᠸᠠᠢ ᠶᠤᠸᠠᠨ ᠪᠠᠯᠭᠠᠰᠤ︶ ᠭᠡᠵᠦ ᠨᠡᠷᠡᠯᠡᠭᠰᠡᠨ ᠪᠠᠶᠢᠨ᠎ᠠ᠃ | 1932 ᠣᠨ ᠳᠤ᠂ ᠬᠠᠭᠤᠷᠮᠠᠭ ᠮᠠᠨᠵᠤ ᠤᠯᠤᠰ ᠠᠴᠠ ᠬᠢᠩᠭᠠᠨ ᠪᠠᠯᠭᠠᠰᠤ ᠶᠢ ᠸᠠᠩ ᠤᠨ ᠰᠦᠮ᠎ᠡ ᠶᠢᠨ ᠵᠡᠭᠡᠯᠢ | ᠭᠡᠵᠦ ᠦᠭᠡᠷᠡᠴᠢᠯᠡᠨ ᠲᠠᠭᠤᠳᠠᠭᠰᠠᠨ ᠪᠠᠶᠢᠨ᠎ᠠ᠃ | 1947 ᠣᠨ ᠤ 5 ᠰᠠᠷ᠎ᠠ ᠶᠢᠨ 1 ᠤ ᠡᠳᠦᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠣᠨ ᠤ | ᠠᠷᠠᠳ ᠤᠨ ᠵᠠᠰᠠᠭ ᠤᠨ ᠣᠷᠳᠣᠨ ᠸᠠᠩ ᠤᠨ ᠰᠦᠮ᠎ᠡ ᠳᠤ ᠪᠠᠶᠢᠭᠤᠯᠤᠭᠳᠠᠵᠠᠢ᠃ ᠲᠤᠰ ᠵᠢᠯ ᠤᠨ 11 ᠰᠠᠷ᠎ᠠ ᠶᠢᠨ | 28 ᠤ ᠡᠳᠦᠷ ᠸᠠᠩ ᠤᠨ ᠰᠦᠮ᠎ᠡ ᠵᠡᠭᠡᠯᠢ ᠶᠢ ᠤᠯᠠᠭᠠᠨᠬᠤᠳᠠ ᠬᠡᠮᠡᠨ ᠨᠡᠷᠡᠶᠢᠳᠴᠠᠢ᠃ | 1949 ᠣᠨ ᠤ 12 ᠰᠠᠷ᠎ᠠ ᠳᠤ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ | ᠵᠠᠰᠠᠭ ᠤᠨ ᠣᠷᠳᠣᠨ ᠪᠠᠷᠠᠭᠤᠨᠰᠢ ᠨᠡᠭᠦᠳᠡᠯᠡᠪᠡ᠃ | 1964 ᠣᠨ ᠤ 7 ᠰᠠᠷ᠎ᠠ ᠬᠤᠳᠠ ᠶᠢᠨ ᠪᠠᠶᠢᠭᠤᠯᠤᠮᠵᠢ ᠶᠢ ᠦᠭᠡᠶᠢᠰᠭᠡᠨ᠂ ᠬᠤᠷᠴᠢᠨ ᠪᠠᠷᠠᠭᠤᠨ ᠭᠠᠷᠤᠨ | ᠡᠮᠦᠨᠡᠳᠦ ᠬᠤᠰᠢᠭᠤᠨ ᠳᠤ ᠬᠠᠷᠢᠶᠠᠯᠠᠭᠤᠯᠵᠠᠢ᠃ | 1958 ᠣᠨ ᠤ 8 ᠰᠠᠷ᠎ᠠ ᠶᠢᠨ 20 ᠤ ᠡᠳᠦᠷ᠂ ᠤᠯᠠᠭᠠᠨᠬᠤᠳᠠ ᠪᠤᠯᠤᠨ ᠬᠤᠷᠴᠢᠨ ᠪᠠᠷᠠᠭᠤᠨ ᠭᠠᠷᠤᠨ | ᠡᠮᠦᠨᠡᠳᠦ ᠬᠤᠰᠢᠭᠤ ᠶᠢ ᠨᠡᠶᠢᠯᠡᠭᠦᠯᠵᠦ᠂ ᠭᠠᠳᠠᠭᠰᠢ ᠪᠠᠨ ᠤᠯᠠᠭᠠᠨᠬᠤᠳᠠ ᠬᠡᠮᠡᠨ ᠲᠠᠭᠤᠳᠠᠵᠤ ᠪᠠᠶᠢᠵᠠᠢ᠃ | 1964 ᠣᠨ ᠤ 7 ᠰᠠᠷ᠎ᠠ ᠶᠢᠨ 20 ᠤ ᠡᠳᠦᠷ᠂ ᠲᠦᠷᠦ ᠶᠢᠨ ᠶᠠᠪᠤᠳᠠᠯ ᠤᠨ ᠬᠤᠷᠢᠶ᠎ᠠ ᠠᠴᠠ | ᠤᠯᠠᠭᠠᠨᠬᠤᠳᠠ ᠶᠢᠨ ᠬᠤᠳᠠ ᠶᠢ ᠦᠭᠡᠶᠢᠰᠭᠡᠬᠦ ᠶᠢ ᠵᠦᠪᠰᠢᠶᠡᠷᠡᠨ᠂ ᠪᠠᠯᠭᠠᠰᠤ ᠶᠢᠨ ᠲᠡᠰ ᠤᠨ ᠤᠯᠠᠭᠠᠨᠬᠤᠳᠠ ᠪᠤᠯᠭᠠᠵᠤ | ᠂ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠳᠤ ᠬᠠᠷᠢᠶᠠᠯᠠᠭᠤᠯᠪᠠ᠃ | 1980 ᠣᠨ ᠤ 7 ᠰᠠᠷ᠎ᠠ ᠶᠢᠨ 26 ᠤ ᠡᠳᠦᠷ᠂ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠬᠢᠩᠭᠠᠨ | ᠠᠶᠢᠮᠠᠭ ᠢ ᠰᠡᠷᠭᠦᠭᠡᠨ ᠪᠠᠶᠢᠭᠤᠯᠬᠤ ᠪᠤᠯᠤᠨ ᠤᠯᠠᠭᠠᠨᠬᠤᠳᠠ ᠶᠢᠨ ᠬᠤᠳᠠ ᠶᠢᠨ ᠪᠠᠶᠢᠭᠤᠯᠤᠮᠵᠢ ᠶᠢ ᠰᠡᠷᠭᠦᠭᠡᠬᠦ ᠶᠢ | ᠵᠦᠪᠰᠢᠶᠡᠷᠡᠭᠰᠡᠨ ᠪᠠᠶᠢᠨ᠎ᠠ᠃ | 2007 ᠣᠨ ᠤ 11 ᠰᠠᠷ᠎ᠠ ᠶᠢᠨ 14 ᠤ ᠡᠳᠦᠷ᠂ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ | ᠡᠮᠦᠨ᠎ᠠ ᠬᠡᠰᠡᠭ ᠤᠨ ᠰᠡᠷᠭᠡᠨ ᠪᠠᠯᠭᠠᠰᠤ᠂ ᠭᠡᠭᠡᠨᠰᠦ᠋ᠮ᠎ᠡ ᠪᠠᠯᠭᠠᠰᠤ᠂ ᠲᠠᠪᠢᠨ ᠦᠷᠳᠡᠭᠡ ᠪᠠᠯᠭᠠᠰᠤ ᠪᠤᠯᠤᠨ ᠬᠦᠬᠡ | ᠠᠳᠤᠭᠤᠨ ᠲᠠᠯᠠᠪᠠᠢ ᠶᠢᠨ ᠨᠢᠭᠡ ᠬᠡᠰᠡᠭ ᠭᠠᠵᠠᠷ ᠢ ᠤᠯᠠᠭᠠᠨᠬᠤᠳᠠ ᠳᠤ ᠬᠠᠷᠢᠶᠠᠯᠠᠭᠤᠯᠵᠤ᠂ ᠣᠣᠯ ᠤᠨ | ᠤᠯᠠᠭᠠᠨᠬᠤᠳᠠ ᠶᠢᠨ ᠵᠢᠷᠦᠬᠡᠨ ᠪᠠᠯᠭᠠᠰᠤ ᠶᠢ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠳᠤ | ᠬᠠᠷᠢᠶᠠᠯᠠᠭᠤᠯᠵᠠᠢ᠃ | ᠤᠯᠠᠭᠠᠨᠬᠤᠳᠠ ᠬᠤᠳᠠ ᠶᠢᠨ ᠬᠠᠷᠢᠶ᠎ᠠ ᠳᠤ ᠲᠦᠷᠪᠡᠨ ᠪᠠᠯᠭᠠᠰᠤ᠂ ᠠᠷᠪᠠᠨ ᠨᠢᠭᠡᠨ ᠵᠡᠭᠡᠯᠢ ᠶᠢᠨ ᠬᠡᠷᠡᠭ ᠡᠷᠬᠢᠯᠡᠬᠦ | ᠭᠠᠵᠠᠷ ᠲᠠᠢ᠃ | ᠬᠦᠮᠦᠨ ᠠᠮᠠ ᠬᠢᠭᠡᠳ ᠦᠨᠳᠦᠰᠦᠲᠡᠨ | 2017 ᠤᠨ ᠳᠤ᠂ ᠤᠯᠠᠭᠠᠨᠬᠤᠳᠠ ᠶᠢᠨ ᠶᠡᠷᠦᠩᠬᠡᠢ ᠬᠦᠮᠦᠨ ᠠᠮᠠ ᠶᠢᠨ ᠲᠤᠭ᠎ᠠ 36 ᠲᠦᠮᠡᠨ ᠬᠦᠮᠦᠨ | ᠪᠠᠶᠢᠵᠦ᠂ ᠡᠭᠦᠨ ᠳᠤ᠂ ᠲᠠᠷᠢᠶᠠᠯᠠᠩ ᠤᠨ ᠬᠦᠮᠦᠨ ᠠᠮᠠ 8.5 ᠲᠦᠮᠡᠨ ᠬᠦᠮᠦᠨ᠂ ᠮᠤᠩᠭᠤᠯ ᠦᠨᠳᠦᠰᠦᠳᠡᠨ | ᠶᠡᠷᠦᠩᠬᠡᠢ ᠬᠦᠮᠦᠨ ᠠᠮᠠ ᠶᠢᠨ ᠲᠤᠭ᠎ᠠ ᠶᠢᠨ 32% ᠶᠢ ᠡᠵᠡᠯᠡᠨ᠎ᠡ᠃ | ᠤᠯᠠᠭᠠᠨᠬᠤᠳᠠ ᠪᠤᠯ ᠮᠤᠩᠭᠤᠯ ᠦᠨᠳᠦᠰᠦᠳᠡᠨ ᠢᠶᠠᠷ ᠦᠪᠡᠷᠳᠡᠭᠡᠨ ᠵᠠᠰᠠᠬᠤ ᠦᠨᠳᠦᠰᠦᠳᠡᠨ᠂ ᠬᠢᠳᠠᠳ | ᠦᠨᠳᠦᠰᠦᠳᠡᠨ ᠤᠯᠠᠩᠬᠢ ᠲᠤᠭ᠎ᠠ ᠶᠢ ᠡᠵᠡᠯᠡᠭᠰᠡᠨ ᠤᠯᠠᠨ ᠦᠨᠳᠦᠰᠦᠳᠡᠨ ᠲᠦᠪᠯᠡᠷᠡᠨ ᠰᠠᠭᠤᠷᠢᠰᠢᠵᠦ ᠪᠠᠶᠢᠭ᠎ᠠ ᠰᠢᠶᠠᠨ | ᠤ ᠲᠡᠰ ᠤᠨ ᠬᠤᠳᠠ ᠪᠤᠯᠤᠨ᠎ᠠ᠃ ᠤᠯᠠᠭᠠᠨᠬᠤᠳᠠ ᠨᠡᠶᠢᠳᠡ 17 ᠦᠨᠳᠦᠰᠦᠳᠡᠨ ᠢᠶᠠᠷ ᠪᠦᠷᠢᠯᠳᠦᠵᠦ᠂ ᠴᠦᠬᠡᠨ | ᠲᠤᠭᠠᠳᠦ ᠦᠨᠳᠦᠰᠦᠳᠡᠨ ᠤ ᠪᠠᠶᠢᠩᠭᠤ ᠰᠠᠭᠤᠭ᠎ᠠ ᠬᠦᠮᠦᠨ ᠠᠮᠠ ᠶᠢᠨ ᠲᠤᠭ᠎ᠠ ᠨᠢ 125183 ᠬᠦᠮᠦᠨ᠂ | ᠤᠯᠠᠭᠠᠨᠬᠤᠳᠠ ᠶᠢᠨ ᠶᠡᠷᠦᠩᠬᠡᠢ ᠬᠦᠮᠦᠨ ᠠᠮᠠ ᠶᠢᠨ ᠲᠤᠭ᠎ᠠ ᠶᠢᠨ 38.9% ᠶᠢ ᠡᠵᠡᠯᠡᠵᠦ᠂ ᠬᠤᠳᠠ ᠶᠢᠨ ᠴᠦᠬᠡᠨ | ᠲᠤᠭᠠᠳᠤ ᠦᠨᠳᠦᠰᠦᠳᠡᠨ ᠤ ᠵᠢᠯ ᠤᠨ ᠨᠡᠭᠦᠳᠡᠯ ᠤᠨ ᠬᠦᠮᠦᠨ ᠠᠮᠠ ᠶᠢᠨ ᠲᠤᠭ᠎ᠠ ᠨᠢ 1.8 ᠭᠠᠷᠤᠢ ᠲᠦᠮᠡ ᠬᠦᠮᠦᠨ | ᠪᠤᠯᠤᠨ᠎ᠠ᠃ ᠬᠦᠮᠦᠨ ᠠᠮᠠ ᠶᠢᠨ ᠲᠤᠭ᠎ᠠ ᠵᠠᠭᠤ ᠶᠢ ᠬᠡᠳᠦᠷᠡᠭᠰᠡᠨ ᠴᠦᠬᠡᠨ ᠲᠤᠭᠠᠳᠤ ᠦᠨᠳᠦᠰᠦᠳᠡᠨ 6 ᠪᠠᠶᠢᠵᠦ᠂ | ᠲᠤᠰ ᠲᠤᠰ ᠮᠤᠩᠭᠤᠯ ᠦᠨᠳᠦᠰᠦᠳᠡᠨ᠂ ᠬᠤᠳᠤᠩ ᠦᠨᠳᠦᠰᠦᠳᠡᠨ᠂ ᠮᠠᠨᠵᠦ ᠦᠨᠳᠦᠰᠦᠳᠡᠨ᠂ ᠰᠤᠯᠤᠩᠭᠤᠰ | ᠦᠨᠳᠦᠰᠦᠳᠡᠨ᠂ ᠲᠠᠭᠤᠷ ᠦᠨᠳᠦᠰᠦᠳᠡᠨ᠂ ᠰᠢᠪᠡᠭᠡ ᠦᠨᠳᠦᠰᠦᠳᠡᠨ ᠪᠤᠯᠤᠨ᠎ᠠ᠃ | ᠤᠯᠠᠭᠠᠨᠬᠤᠳᠠ ᠪᠤᠳ᠋ᠳ᠋ᠾᠠ ᠶᠢᠨ ᠱᠠᠰᠢᠨ᠂ ᠢᠰᠯᠠᠮ ᠤᠨ ᠱᠠᠰᠢᠨ᠂ ᠡᠾᠷᠢᠰᠲ᠋ᠤᠰ ᠤᠨ ᠱᠠᠰᠢᠨ ᠵᠡᠷᠭᠡ | ᠭᠤᠷᠪᠠᠨ ᠱᠠᠰᠢᠨ ᠰᠤᠷᠳᠠᠬᠤᠨ ᠢ ᠪᠦᠷᠢᠯᠳᠦᠭᠦᠯᠵᠦ᠂ ᠱᠠᠰᠢᠨ ᠰᠢᠲᠦᠯᠭᠡᠲᠡᠨ 2 ᠲᠦᠮᠡ ᠭᠠᠷᠤᠢ ᠬᠦᠮᠦᠨ᠂ ᠬᠢᠨᠠᠨ | ᠵᠦᠪᠰᠢᠶᠡᠷᠡᠵᠦ ᠳᠠᠩᠰᠠᠯᠠᠭᠰᠠᠨ ᠱᠠᠰᠢᠨ ᠰᠤᠷᠳᠠᠬᠤᠨ ᠤ ᠠᠵᠢᠯᠯᠠᠭᠠᠨ ᠤ ᠭᠠᠵᠠᠷ 9 ᠂ ᠳᠠᠩᠰᠠᠨ᠎ᠠ ᠳᠡᠮᠳᠡᠭᠯᠡᠬᠦ ᠪᠠᠷ | ᠪᠠᠲᠦᠯᠠᠭᠰᠠᠨ ᠱᠠᠰᠢᠨ ᠰᠤᠷᠳᠠᠬᠤᠨ ᠤ ᠠᠵᠢᠯᠳᠠᠨ 115᠂ ᠰᠢᠶᠠᠨ ᠠᠴᠠ ᠳᠡᠭᠡᠭᠰᠢᠬᠢ ᠱᠠᠰᠢᠨ ᠰᠤᠷᠳᠠᠬᠤᠨ ᠤ | ᠪᠦᠯᠬᠦᠮ 1 ᠪᠠᠶᠢᠨ᠎ᠠ᠃ | ᠵᠠᠰᠠᠭ ᠵᠠᠬᠢᠷᠭᠠᠨ ᠤ ᠬᠤᠪᠢᠶᠠᠷᠢᠯᠠᠯ | ᠤᠯᠠᠭᠠᠨᠬᠤᠲᠠ ᠶᠢᠨ ᠤᠳᠤ ᠶᠢᠨ ᠨᠣᠲᠤᠭ ᠳᠡᠪᠢᠰᠭᠡᠷ ᠤᠨ ᠶᠡᠷᠦᠩᠬᠡᠢ ᠲᠠᠯᠠᠪᠠᠢ 2353.5 ᠲᠡᠭᠰᠢ | ᠳᠦᠷᠪᠡᠯᠵᠢᠨ ᠺᠢᠯᠣᠮᠧᠲᠷ᠂ ᠡᠭᠦᠨ ᠳᠤ᠂ ᠨᠢᠬᠡᠨᠲᠡ ᠪᠠᠶᠢᠭᠤᠯᠣᠭᠰᠠᠨ ᠲᠠᠯᠠᠪᠠᠢ ᠨᠢ 36 ᠲᠡᠭᠰᠢ ᠳᠦᠷᠪᠡᠯᠵᠢᠨ | ᠺᠢᠯᠣᠮᠧᠲᠷ᠂ ᠤᠯᠠᠭᠠᠨᠬᠠᠳᠠ᠂ ᠢᠯᠠᠯᠲᠠ᠂ ᠬᠡᠬᠡᠨᠰᠦ᠋ᠮ᠎ᠡ᠂ ᠲᠠᠪᠢᠨ ᠦᠷᠲᠡᠭᠡ᠂ ᠰᠡᠷᠢᠬᠡᠨ ︵ᠣᠳᠣ ᠦᠶ᠎ᠡ ᠶᠢᠨ | ᠲᠠᠷᠢᠶᠠᠯᠠᠩ ᠤᠨ ᠲᠣᠭᠤᠷᠢᠭ︶ ᠵᠡᠷᠭᠡ ᠲᠠᠪᠣᠨ ᠪᠠᠯᠭᠠᠰᠤ ᠲᠠᠢ᠂ ᠬᠢᠩᠭᠠᠨ᠂ ᠾᠧ ᠫᠢᠩ᠂ ᠱᠧᠩᠯᠢ᠂ ᠳᠡᠭᠦᠯᠢᠨ᠂ ᠠᠢ | ᠭᠥᠸᠧ᠂ ᠲᠡᠮᠦᠷ ᠵᠠᠮ ᠤᠨ ᠪᠠᠷᠠᠭᠤᠨᠳᠠᠬᠢ᠂ ᠦ᠋ ᠢ᠂ ᠬᠤᠲᠠ ᠶᠢᠨ ᠲᠡᠭᠦᠷᠬᠡ᠂ ᠰᠢᠨ᠎ᠡ ᠬᠤᠲᠠ ᠵᠡᠷᠭᠡ ᠶᠢᠰᠦᠨ | ᠵᠡᠬᠡᠯᠢ ᠶᠢᠨ ᠭᠡᠷᠡᠭ ᠡᠷᠭᠢᠯᠡᠬᠦ ᠭᠠᠵᠠᠷ ᠲᠠᠢ᠂ ᠠᠵᠣ ᠠᠬᠤᠢ ᠲᠧᠭᠨᠢᠭ ᠮᠡᠷᠭᠡᠵᠢᠯ ᠤᠨ ᠨᠡᠬᠡᠬᠡᠯᠲᠡ ᠶᠢᠨ ᠲᠣᠭᠤᠷᠢᠭ᠂ | ᠪᠠᠷᠠᠭ᠎ᠠ ᠶᠢᠨ ᠬᠦᠢᠯᠭᠡᠭᠡ ᠶᠢᠨ ᠲᠣᠭᠤᠷᠢᠭ᠂ ᠭᠡᠭᠡᠨᠰᠦ᠋ᠮ᠎ᠡ ᠶᠢᠨ ᠨᠡᠬᠡᠬᠡᠯᠲᠡ ᠶᠢᠨ ᠲᠣᠭᠤᠷᠢᠭ ᠵᠡᠷᠭᠡ ᠭᠤᠷᠪᠠᠨ | ᠲᠣᠭᠤᠷᠢᠭ ᠲᠠᠢ᠂ ᠮᠣᠩᠭᠤᠯ ᠦᠨᠳᠦᠰᠦᠲᠡᠨ ᠢᠶᠠᠷ ᠭᠤᠣᠯ ᠴᠤᠭᠴᠠ ᠪᠣᠯᠭᠠᠭᠰᠠᠨ᠂ ᠬᠢᠲᠠᠳ ᠦᠨᠳᠦᠰᠦᠲᠡᠨ | ᠤᠯᠠᠩᠬᠢ ᠲᠤᠭ᠎ᠠ ᠶᠢ ᠡᠵᠡᠯᠡᠭᠰᠡᠨ᠂ ᠤᠯᠠᠨ ᠦᠨᠳᠦᠰᠦᠲᠡᠨ ᠬᠠᠮᠲᠣᠪᠠᠷ ᠡᠶ᠎ᠡ ᠨᠠᠶᠢᠷᠠᠮᠳᠠᠭᠤ ᠪᠠᠷ ᠣᠷᠣᠰᠢᠨ | ᠲᠣᠭᠲᠠᠨᠢᠵᠣ ᠪᠠᠶᠢᠭ᠎ᠠ ᠬᠢᠯᠢ ᠬᠢᠵᠠᠭᠠᠷ ᠤᠨ ᠴᠦᠬᠡᠨ ᠲᠣᠭᠠᠲᠣ ᠦᠨᠳᠦᠰᠦᠲᠡᠨ ᠤ ᠭᠠᠵᠠᠷ ᠣᠷᠣᠨ ᠪᠣᠯᠣᠨ᠎ᠠ᠃ |