ᠨᠠᠷᠢᠮᠤ᠄ ᠨᠠᠷᠢᠮᠤ ᠶᠢᠨ ᠬᠤᠸᠠᠷᠯᠠᠬᠤ ᠬᠤᠭᠤᠴᠠᠭ᠎ᠠ ᠨᠢ ᠤᠷᠳᠤ᠂ ᠠᠳᠠᠯᠢ ᠨᠢᠭᠡᠨ ᠪᠤᠳᠠ ᠨᠠᠷᠢᠮᠤ ᠶᠢᠨ | ᠲᠦᠷᠦᠭᠦᠤ ᠶᠢᠨ ᠬᠤᠸᠠᠷ ᠤᠨ ᠬᠤᠸᠠᠷᠯᠠᠬᠤ ᠬᠤᠭᠤᠴᠠᠭ᠎ᠠ ᠨᠢ 10 ᠬᠤᠨᠤᠭ ᠤᠨ ᠵᠦᠷᠢᠶ᠎ᠠ ᠭᠠᠷᠳᠠᠭ ᠠᠴᠠ | ᠪᠤᠯᠪᠠᠰᠤᠷᠠᠯᠳᠠ ᠶᠢᠨ ᠬᠤᠭᠤᠴᠠᠭ᠎ᠠ ᠨᠢ ᠴᠤ ᠠᠳᠠᠯᠢ ᠦᠭᠡᠢ ᠶᠤᠮ᠃ ᠲᠦᠷᠦᠭᠦᠦ ᠶᠢᠨ ᠲᠤᠮᠳᠠ ᠲᠤᠤᠷ᠎ᠠ ᠭᠡᠰᠡᠭ ᠤᠨ | ᠮᠦᠭᠦᠯᠢᠭ ᠨᠢ ᠲᠤᠰ ᠤᠷᠭᠤᠮᠠᠯ ᠤᠨ ᠪᠤᠯᠪᠠᠰᠤᠷᠠᠯᠳᠠ ᠶᠢᠨ ᠦᠡᠭᠭᠡ ᠲᠠᠢ ᠤᠢᠢᠷᠠᠳᠴᠤ᠂ ᠮᠦᠭᠦᠯᠢᠭ ᠤᠨ ᠠᠷᠤ ᠳᠤ | ᠦᠨᠡᠰᠤᠨ ᠦᠡᠭᠭᠡ ᠰᠠᠭᠤᠭᠰᠠᠨ ᠪᠠᠶᠢᠪᠠᠯ ᠪᠤᠯᠪᠠᠰᠤᠷᠠᠭᠰᠠᠨ ᠤ ᠲᠠᠮᠳᠡᠭ ᠪᠤᠯᠵᠤ᠂ ᠡᠨᠡ ᠦᠶ᠎ᠠ ᠳᠤ ᠡᠰᠢ ᠨᠢ | ᠨᠤᠭᠤᠭᠠᠨ ᠪᠠᠶᠢᠬᠤ ᠡᠰᠡᠭᠦ ᠶᠢ ᠬᠠᠮᠢᠶᠠᠷᠤᠭᠰᠠᠨ ᠤ ᠭᠡᠷᠡᠭ ᠦᠭᠡᠢ ᠬᠠᠳᠤᠵᠤ ᠬᠤᠷᠢᠶᠠᠬᠤ ᠭᠡᠷᠡᠭᠳᠡᠢ᠃ | ᠰᠢᠰᠢ᠄ ᠰᠢᠷᠠᠪᠳᠦᠷ ᠦᠡᠭᠭᠡ ᠲᠠᠢ ᠪᠤᠯᠵᠤ᠂ ᠮᠦᠭᠦᠯᠢᠭ ᠢ ᠨᠢᠳᠡᠷᠡᠵᠤ ᠦᠵᠡᠭᠦ ᠳᠤ ᠰᠦ ᠰᠢᠭ ᠡᠳ᠋ ᠭᠠᠷᠬᠤ | ᠦᠭᠡᠢ ᠪᠦᠭᠡᠳ 80% ᠠᠴᠠ ᠲᠡᠭᠡᠭᠰᠢ ᠤᠷᠭᠤᠮᠠᠯ ᠤᠨ ᠲᠦᠷᠦᠭᠦᠦ ᠨᠢ ᠪᠦᠷ ᠰᠢᠷᠠᠯᠠᠵᠤ᠂ ᠨᠠᠪᠴᠢ ᠨᠢ | ᠬᠤᠪᠠᠭ᠋ᠠᠶᠢᠷᠠᠵᠤ᠂ ᠮᠦᠭᠦᠯᠢᠭ ᠨᠢ ᠬᠠᠳᠠᠭᠤ ᠪᠦᠭᠡᠳ ᠬᠢᠯᠦᠭᠡᠷ ᠪᠤᠯ ᠬᠠᠳᠤᠵᠤ ᠬᠤᠷᠢᠶᠠᠵᠤ ᠪᠤᠯᠤᠨ᠎ᠠ᠃ ᠭᠡᠭᠦ ᠳᠡᠭᠡᠨ | ᠬᠠᠳᠤᠭᠰᠠᠨ ᠰᠢᠰᠢ ᠪᠠᠨ ᠪᠤᠭᠤᠵᠢᠯᠠᠵᠤ ᠪᠤᠰᠬᠠᠵᠤ ᠲᠠᠯᠪᠢᠨ᠎ᠠ᠃ ᠡᠨᠡ ᠨᠢ ᠡᠰᠢ ᠪᠠ ᠨᠠᠪᠴᠢ ᠨᠢ ᠰᠢᠮ᠎ᠠ | ᠲᠡᠵᠢᠭᠡᠯ ᠢᠶᠠᠨ ᠦᠷᠭᠦᠯᠵᠢᠯᠠᠨ ᠪᠤᠳᠠᠭᠠᠨ ᠤ ᠮᠦᠭᠦᠯᠢᠭ ᠲᠤ ᠭᠦᠷᠭᠡᠵᠤ ᠰᠠᠭᠦᠯᠴᠢ ᠶᠢᠨ ᠬᠤᠭᠤᠴᠠᠭᠠᠨ ᠤ | ᠪᠤᠯᠪᠠᠰᠤᠷᠠᠯᠳᠠ ᠳᠤ ᠠᠰᠢᠭᠳᠠᠢ ᠶᠤᠮ᠃ ᠨᠠᠷᠠᠨᠬᠤᠸᠠᠷ᠄ ᠶᠠᠷᠤ ᠶᠢᠨ ᠪᠠᠶᠢᠳᠠᠯ ᠲᠤᠤᠷ᠎ᠠ ᠨᠠᠷᠠᠨᠬᠤᠸᠠᠷ ᠢ | ᠪᠤᠯᠪᠠᠰᠤᠷᠠᠯᠳᠠ ᠶᠢᠨ ᠬᠤᠭᠤᠴᠠᠭᠠᠨ ᠳᠤ ᠵᠠᠪᠳᠤᠵᠤ ᠬᠤᠷᠢᠶᠠᠪᠠᠯ ᠰᠦᠢᠳᠦᠯ ᠤᠨ ᠭᠡᠮᠵᠢᠶ᠎ᠠ ᠨᠢ 1.4% ᠳᠤ ᠯᠠ | ᠭᠦᠷᠳᠡᠭ᠃ ᠭᠡᠷᠪᠡ 5 ᠡᠳᠦᠷ ᠬᠤᠵᠢᠮᠳᠠᠵᠤ ᠬᠤᠷᠢᠶᠠᠪᠠᠯ ᠬᠤᠬᠢᠷᠠᠯ ᠰᠦᠢᠳᠦᠯ ᠨᠢ 4.2% ᠲᠤ ᠭᠦᠷᠳᠡᠭ᠃ | ᠨᠠᠷᠠᠨᠬᠤᠸᠠᠷ ᠤᠨ ᠲᠤᠯᠤᠭᠠᠢ ᠶᠢᠨ ᠠᠷᠤ ᠲᠠᠯ᠎ᠠ ᠪᠠ ᠡᠰᠢ ᠨᠢ ᠰᠢᠷᠠᠯᠠᠵᠤ᠂ ᠤᠯᠠᠩᠬᠢ ᠨᠠᠪᠴᠢ ᠨᠢ ᠰᠢᠷᠠᠯᠠᠨ ᠤᠨᠠᠵᠤ᠂ | ᠬᠤᠸᠠᠷ ᠨᠢ ᠴᠤ ᠤᠨᠠᠵᠤ ᠡᠬᠢᠯᠡᠭᠰᠡᠨ ᠪᠠᠶᠢᠪᠠᠯ ᠬᠤᠷᠢᠶᠠᠯᠳᠠ ᠶᠢᠨ ᠬᠤᠭᠤᠴᠠᠭ᠎ᠠ ᠪᠤᠯᠤᠭᠰᠠᠨ ᠪᠠᠶᠢᠨ᠎ᠠ᠃ ᠪᠠᠰᠠ | ᠨᠠᠷᠠᠨᠬᠤᠸᠠᠷ ᠬᠤᠸᠠᠷᠯᠠᠭᠠᠳ 36 ᠬᠤᠨᠤᠭ ᠤᠷᠴᠢᠮ ᠪᠤᠯᠪᠠᠯ ᠡᠬᠢᠯᠠᠨ ᠬᠤᠷᠢᠶᠠᠵᠤ ᠪᠤᠯᠤᠨ᠎ᠠ᠃ | ᠤᠰᠤᠨ ᠲᠤᠳᠤᠷᠭ᠎ᠠ᠄ 9 ᠰᠠᠷ᠎ᠠ ᠶᠢᠨ ᠰᠡᠭᠦᠯᠴᠢ ᠪᠠ 10 ᠰᠠᠷ᠎ᠠ ᠶᠢᠨ ᠡᠬᠢ ᠪᠤᠯ ᠬᠠᠮᠤᠭ ᠤᠨ ᠲᠤᠬᠢᠷᠠᠮᠵᠢᠳᠠᠢ | ᠬᠤᠷᠢᠶᠠᠯᠳᠠ ᠶᠢᠨ ᠴᠠᠭ ᠪᠤᠯᠤᠨ᠎ᠠ᠃ | ᠪᠤᠷᠴᠠᠭ᠄ ᠭᠡᠳᠦᠷᠭᠡᠢ ᠡᠷᠳᠠ ᠬᠤᠷᠢᠶᠠᠪᠠᠯ ᠮᠦᠭᠦᠯᠢᠭ ᠨᠢ ᠪᠤᠯᠪᠠᠰᠤᠷᠠᠵᠤ ᠲᠠᠶᠢᠯᠭᠦ ᠦᠭᠡᠢ᠂ ᠤᠭᠤᠷᠠᠭ ᠪᠠ | ᠦᠭᠡᠭᠦ ᠶᠢᠨ ᠠᠭᠤᠯᠬᠤᠨ ᠭᠦᠢᠴᠡᠳ ᠦᠭᠡᠢ᠂ ᠲᠤᠰᠤᠨ ᠤ ᠠᠭᠤᠯᠬᠤᠨ ᠲᠤᠤᠷ᠎ᠠ᠃ ᠭᠡᠳᠦᠷᠭᠡᠢ ᠤᠷᠤᠢ ᠬᠤᠷᠢᠶᠠᠪᠠᠯ | ᠮᠦᠭᠦᠯᠢᠭ ᠨᠢ ᠲᠤᠭᠳᠤᠢ ᠠᠴᠠ ᠪᠠᠨ ᠤᠨᠠᠵᠤ ᠤᠨᠠᠯᠳᠠ ᠶᠢ ᠬᠠᠰᠤᠭᠳᠠᠭᠤᠯᠳᠠᠭ᠃ ᠶᠠᠷᠤ ᠶᠢᠨ ᠪᠠᠶᠢᠳᠠᠯ ᠲᠤᠤᠷ᠎ᠠ | ᠰᠢᠷᠠᠯᠠᠵᠤ ᠪᠤᠯᠪᠠᠰᠤᠷᠠᠩᠭᠤᠳᠠ ᠬᠤᠷᠢᠶᠠᠪᠠᠯ ᠬᠠᠮᠤᠭ ᠰᠠᠶᠢᠨ᠃ ᠡᠨᠡ ᠦᠶ᠎ᠠ ᠳᠤ 80% ᠠᠴᠠ ᠲᠡᠭᠡᠭᠰᠢ | ᠪᠤᠷᠴᠠᠭ ᠤᠨ ᠡᠰᠢ ᠨᠢ ᠰᠢᠷᠠᠯᠠᠵᠤ᠂ ᠨᠠᠪᠴᠢ ᠨᠢ ᠤᠨᠠᠵᠤ᠂ ᠭᠠᠷ ᠢᠶᠠᠷ ᠢᠶᠠᠨ ᠭᠦᠳᠡᠯᠭᠡᠭᠦ ᠦᠶ᠎ᠠ ᠳᠤ ᠮᠦᠭᠦᠯᠢᠭ ᠨᠢ | ᠱᠠ ᠱᠠ ᠭᠡᠵᠤ ᠲᠠᠭᠤ ᠭᠠᠷᠤᠨ᠎ᠠ᠃ ᠬᠠᠳᠤᠵᠤ ᠬᠤᠷᠢᠶᠠᠭᠰᠠᠨ ᠪᠤᠷᠴᠠᠭ ᠢᠶᠠᠨ ᠲᠦᠷᠭᠡᠨ ᠰᠢᠭ ᠬᠤᠷᠢᠶᠠᠬᠤ ᠭᠡᠷᠡᠭᠳᠡᠢ᠃ | ᠡᠰᠠ ᠲᠠᠶᠢᠮᠤ ᠪᠤᠯ ᠬᠤᠷᠤᠬᠠᠢ ᠢᠳᠡᠵᠤ ᠮᠡᠳᠡᠨ᠎ᠠ᠃ | ᠰᠢᠬᠢᠷ ᠯᠤᠤᠪᠠᠨᠭ᠌᠄ 10 ᠰᠠᠷ᠎ᠠ ᠶᠢᠨ ᠲᠤᠮᠳᠠᠴᠢ ᠪᠠᠷ ᠬᠤᠷᠢᠶᠠᠪᠠᠯ ᠬᠠᠮᠤᠭ ᠰᠠᠶᠢᠨ᠃ ᠰᠠᠭᠠᠭ᠄ | ᠬᠤᠸᠠᠷᠯᠠᠬᠤ ᠬᠤᠭᠤᠴᠠᠭ᠎ᠠ ᠨᠢ 30 ᠠᠴᠠ 35 ᠡᠳᠦᠷ᠂ ᠬᠤᠸᠠᠷᠯᠠᠭᠰᠠᠨ ᠤ ᠲᠠᠷᠠᠭ᠎ᠠ 23 ᠠᠴᠠ 30 ᠡᠳᠦᠷ ᠲᠤ | ᠪᠤᠯᠪᠠᠰᠤᠷᠠᠨ᠎ᠠ᠃ ᠰᠠᠭᠠᠭ ᠤᠨ ᠪᠤᠯᠪᠠᠰᠤᠷᠠᠯᠳᠠ ᠶᠢᠨ ᠬᠤᠭᠤᠴᠠᠭ᠎ᠠ ᠨᠢ ᠠᠳᠠᠯᠢ ᠦᠭᠡᠢ ᠲᠤᠯᠠ ᠪᠦᠭᠦᠨ ᠢ | ᠪᠤᠯᠪᠠᠰᠤᠷᠠᠬᠤ ᠶᠢ ᠭᠦᠯᠢᠶᠠᠵᠤ ᠪᠤᠯᠬᠤ ᠦᠭᠡᠢ᠂ ᠬᠠᠷᠢᠨ ᠰᠠᠭᠠᠭ ᠤᠨ ᠲᠤᠤᠷᠠᠬᠢ ᠭᠡᠰᠡᠭ ᠤᠨ 7 ᠬᠤᠪᠢ ᠨᠢ | ᠪᠤᠯᠪᠠᠰᠤᠷᠠᠵᠤ᠂ ᠲᠠᠭᠡᠷ᠎ᠠ ᠭᠡᠰᠡᠭ ᠲᠤᠨᠢ ᠪᠠᠭ᠎ᠠ ᠭᠡᠮᠵᠢᠶᠠᠨ ᠤ ᠬᠤᠸᠠᠷ ᠪᠠᠶᠢᠬᠤ ᠦᠶ᠎ᠠ ᠳᠤ ᠬᠤᠷᠢᠶᠠᠪᠠᠯ ᠬᠠᠮᠤᠭ | ᠰᠠᠶᠢᠨ᠃ ᠬᠠᠳᠤᠬᠤ ᠳᠠᠭᠠᠨ ᠦᠳᠠ ᠶᠢᠨ ᠡᠮᠤᠨᠡᠬᠢ ᠰᠢᠭᠦᠳᠡᠷᠢ ᠪᠠᠶᠢᠬᠤ ᠴᠠᠭ ᠢ ᠰᠤᠩᠭᠤᠪᠠᠯ ᠬᠠᠮᠤᠭ ᠰᠠᠶᠢᠨ᠃ | | ᠤᠯᠠᠭᠠᠨ ᠪᠤᠷᠴᠠᠭ᠄ ᠬᠤᠸᠠᠷᠯᠠᠬᠤ ᠬᠤᠭᠤᠴᠠᠭ᠎ᠠ ᠨᠢ ᠤᠷᠳᠤ᠂ ᠪᠤᠷᠴᠠᠭ ᠤᠨ ᠪᠤᠯᠪᠠᠰᠤᠷᠠᠬᠤ ᠨᠢ ᠠᠳᠠᠯᠢ ᠦᠭᠡᠢ | ᠂ ᠶᠠᠷᠤᠳᠠ ᠪᠠᠨ ᠲᠤᠤᠷ᠎ᠠ ᠭᠡᠰᠡᠭ ᠤᠨ ᠪᠤᠷᠴᠠᠭ ᠤᠨ ᠪᠤᠯᠪᠠᠰᠤᠷᠠᠬᠤ ᠨᠢ ᠡᠷᠳᠠ᠂ ᠡᠶᠢᠮᠤ ᠠᠴᠠ ᠤᠯᠠᠭᠠᠨ ᠪᠤᠷᠴᠠᠭ ᠢᠶᠠᠨ | ᠭᠡᠰᠡᠭ ᠬᠤᠭᠤᠴᠠᠭ᠎ᠠ ᠬᠤᠪᠢᠶᠠᠨ ᠬᠤᠷᠢᠶᠠᠬᠤ ᠠᠷᠭ᠎ᠠ ᠶᠢ ᠠᠪᠴᠤ ᠪᠤᠯᠤᠨ᠎ᠠ᠃ ᠭᠡᠷᠪᠡ ᠲᠠᠷᠢᠭᠰᠠᠨ ᠲᠠᠯᠠᠪᠠᠢ ᠨᠢ ᠶᠡᠭᠡ | ᠪᠤᠯ ᠤᠷᠭᠤᠮᠠᠯ ᠤᠨ ᠡᠰᠢᠨ ᠳᠠᠬᠢ ᠪᠤᠷᠴᠠᠭ ᠤᠨ ᠭᠤᠷᠪᠠᠨ ᠤ ᠬᠤᠶᠠᠷ ᠬᠤᠪᠢ ᠨᠢ ᠴᠠᠶᠢᠪᠳᠦᠷ ᠰᠢᠷ᠎ᠠ ᠦᠡᠭᠭᠡᠳᠠᠢ | ᠪᠤᠯᠬᠤ ᠦᠶ᠎ᠠ ᠳᠤ ᠪᠦᠭᠦᠨ ᠢ ᠬᠤᠷᠢᠶᠠᠵᠤ ᠪᠤᠯᠤᠨ᠎ᠠ᠃ | ᠨᠤᠭᠤᠭᠠᠨ ᠪᠤᠷᠴᠠᠭ᠄ ᠤᠷᠭᠤᠮᠠᠯ ᠤᠨ ᠡᠰᠢᠨ ᠳᠠᠬᠢ ᠪᠤᠷᠴᠠᠭ ᠤᠨ ᠭᠤᠷᠪᠠᠨ ᠤ ᠬᠤᠶᠠᠷ ᠬᠤᠪᠢ ᠨᠢ ᠬᠠᠷᠠᠪᠳᠦᠷ | ᠦᠡᠭᠭᠡᠳᠠᠢ ᠪᠤᠯᠬᠤ ᠦᠶ᠎ᠠ ᠳᠤ ᠲᠠᠷᠤᠢ ᠳᠤᠨᠢ ᠬᠤᠷᠢᠶᠠᠬᠤ ᠭᠡᠷᠡᠭᠳᠡᠢ᠃ |