ᠬᠤᠷᠴᠢᠬᠢᠨᠠᠨ ᠤᠷᠤᠰᠬᠤ ᠬᠠᠳᠠᠶᠢᠬᠠᠨ ᠭᠤᠤᠯ ᠢ ᠡᠩᠭᠡᠷᠯᠠᠵᠤ᠂ ᠰᠦᠮᠪᠤᠷᠯᠠᠨ ᠰᠦᠨᠳᠡᠷᠯᠡᠬᠦ ᠪᠤᠭᠳᠠ | ᠠᠭᠤᠯᠠ ᠪᠠᠷ ᠲᠦᠰᠢᠯᠭᠡ ᠪᠤᠯᠭᠠᠭᠰᠠᠨ ᠵᠠᠯᠠᠶᠢᠳ ᠬᠤᠰᠢᠭᠤᠨ ᠤ ᠠᠷᠪᠡᠨᠭᠡᠷ ᠭᠤᠤᠯ ᠰᠤᠷᠭᠠᠭᠤᠯᠢ ᠶᠢᠨ ᠵᠢᠷᠭᠤᠳᠤᠭᠠᠷ | ᠤᠨ ᠤ ᠨᠢᠭᠡᠳᠤᠭᠡᠷ ᠠᠩᠬᠢ ᠳᠤ ᠰ᠊ ᠤ ᠮᠢᠩ ᠸᠧᠢ ᠭᠡᠳᠡᠭ ᠨᠠᠷᠠ ᠲᠠᠢ᠂ ᠠᠷᠪᠠᠨ ᠭᠤᠷᠪᠠᠨ ᠨᠠᠰᠤᠳᠠᠢ ᠪᠢᠴᠢᠬᠠᠨ ᠬᠦᠤ | ᠰᠤᠷᠤᠭᠴᠢ ᠪᠠᠶᠢᠳᠠᠭ᠃ ᠲᠠᠷᠠ ᠦᠨᠤᠳᠤᠷ ᠪᠤᠯᠳᠠᠯ᠎ᠠ ᠤᠷᠤᠨ᠂ ᠠᠶᠢᠮᠠᠭ᠂ ᠬᠤᠰᠢᠭᠤ᠂ ᠰᠤᠷᠭᠠᠭᠤᠯᠢ ᠶᠢᠨ ᠲᠠᠰ ᠤᠨ | ᠱᠠᠩᠨᠠᠯ ᠬᠦᠬᠢᠬᠦᠯᠦᠯ ᠢ ᠨᠠᠶᠢᠳᠠ ᠲᠠᠯ᠎ᠠ ᠰᠢᠬᠠᠮ ᠤᠳᠠᠭ᠎ᠠ ᠲᠤᠰᠴᠤ᠂ ᠱᠠᠩᠨᠠᠯ ᠬᠦᠬᠢᠬᠦᠯᠦᠯ ᠤᠨ ᠤᠪᠤᠭ᠎ᠠ ᠲᠠᠢ | ᠶᠠᠪᠤᠭ᠎ᠠ ᠰᠤᠳᠤᠨ ᠰᠤᠷᠤᠭᠴᠢ ᠪᠤᠯᠬᠤ ᠶᠤᠮ᠃ | ᠰᠤᠷᠤᠭᠴᠢ ᠰᠤ᠋ ᠮᠢᠩ ᠸᠧᠢ ᠰᠠᠷᠠᠭᠤᠯ ᠬᠤᠷᠸ᠎ᠠ ᠳᠤ ᠰᠠᠭᠠᠳᠠᠨ ᠵᠢᠷᠭᠠᠵᠤ᠂ ᠰᠤᠷᠤᠯᠭ᠎ᠠ ᠰᠤᠶᠤᠯ ᠤᠨ ᠮᠦᠷ ᠢ | ᠬᠦᠭᠡᠭᠡᠬᠦ ᠪᠠᠷ ᠰᠤᠷᠭᠠᠭᠤᠯᠢ ᠶᠢᠨ ᠪᠤᠱᠤᠭ᠎ᠠ ᠶᠢ ᠠᠯᠬᠤᠨ ᠤᠷᠤᠭᠰᠠᠨ ᠠᠩᠬᠠᠨ ᠤ ᠡᠳᠤᠷ ᠠᠴᠠ ᠪᠠᠨ ᠡᠬᠢᠯᠠᠨ | ᠪᠠᠭᠰᠢ ᠪᠠᠨ ᠬᠦᠨᠳᠤᠳᠭᠡᠨ᠂ ᠬᠠᠮᠳᠤ ᠨᠦᠬᠦᠳ ᠲᠠᠢ ᠪᠠᠨ ᠪᠦᠯᠬᠦᠮᠳᠠᠵᠤ᠂ ᠰᠤᠷᠤᠭᠴᠢ ᠶᠢᠨ ᠰᠠᠬᠢᠬᠤ ᠲᠦᠷᠢᠮ ᠢᠶᠠᠷ | ᠪᠠᠶ᠎ᠠ ᠪᠠᠨ ᠴᠢᠩᠭ᠎ᠠ ᠱᠠᠭᠠᠷᠳᠠᠵᠤ᠂ ᠰᠤᠷᠭᠠᠭᠤᠯᠢ ᠶᠢᠨ ᠰᠠᠬᠢᠯᠭ᠎ᠠ ᠪᠠᠳᠤ ᠶᠢ ᠴᠢᠩᠭ᠎ᠠ ᠰᠠᠬᠢᠨ ᠲᠠᠰᠪᠤᠷᠢ | ᠬᠠᠳᠠᠭᠤᠵᠢᠯᠳᠠᠢ ᠰᠢᠮᠳᠠᠨ ᠰᠤᠷᠤᠯᠴᠠᠵᠤ ᠢᠷᠡᠭᠰᠡᠨ ᠪᠠᠶᠢᠨ᠎ᠠ᠃ ᠲᠠᠷᠠ ᠭᠡᠵᠢᠶᠠᠳᠠ ᠲᠠᠰᠬᠠᠯ ᠲᠠᠭᠠᠭᠠᠯᠭᠠᠪᠤᠷᠢ ᠪᠠᠨ | ᠴᠠᠭ ᠲᠤᠬᠠᠢ ᠳᠤ ᠨᠢ ᠬᠦᠢᠴᠡᠳᠭᠡᠬᠦ ᠪᠠᠷ ᠦᠯᠦ ᠪᠠᠷᠠᠨ ᠰᠤᠷᠤᠯᠭ᠎ᠠ ᠠᠨᠠᠢ ᠬᠠᠮᠳᠤ ᠨᠦᠬᠦᠳ ᠢᠶᠠᠨ ᠬᠠᠪᠰᠤᠷᠤᠨ | ᠠᠷᠭ᠎ᠠ ᠮᠠᠶ᠋ᠢᠭ ᠢ ᠨᠢ ᠵᠢᠭᠠᠵᠤ ᠦᠭᠬᠦᠭᠡᠳ ᠲᠠᠰᠬᠠᠯ ᠲᠠᠭᠠᠭᠠᠯᠭᠠᠪᠤᠷᠢ ᠪᠠᠨ ᠪᠠᠶᠠᠯᠠᠬᠦᠯᠬᠦ ᠳᠤ ᠲᠦᠬᠦᠮ ᠦᠵᠡᠬᠦᠯᠳᠡᠭ᠃ | ᠪᠠᠰᠠ ᠭᠡᠷ ᠤᠨ ᠠᠮᠢᠳᠤᠷᠠᠯ ᠨᠢ ᠬᠦᠴᠢᠷᠳᠠᠢ ᠬᠠᠮᠳᠤ ᠰᠤᠷᠤᠯᠭᠠᠳᠠᠨ ᠢᠶᠠᠨ ᠦᠪᠡᠷ ᠤᠨ ᠪᠢᠴᠢᠭ ᠤᠨ | ᠭᠡᠷᠡᠭᠰᠡᠯ ᠠᠴᠠ ᠪᠠᠨ ᠬᠠᠷᠠᠮ ᠦᠭᠡᠢ ᠭᠠᠷᠭᠠᠵᠤ ᠲᠤᠰᠠᠯᠠᠨ ᠲᠡᠮᠵᠢᠭᠰᠡᠨ ᠤᠳᠠᠭ᠎ᠠ ᠴᠤ ᠤᠯᠠᠨᠳᠠᠢ᠃ ᠲᠠᠷᠠ ᠪᠠᠰᠠ | ᠨᠢᠭᠡᠳᠤᠭᠡᠷ ᠤᠨ ᠠᠴᠠ ᠪᠠᠨ ᠡᠬᠢᠯᠠᠨ ᠠᠩᠬᠢ ᠶᠢᠨ ᠲᠠᠷᠤᠭ᠎ᠠ ᠶᠢᠨ ᠲᠤᠰᠢᠶᠠᠯ ᠢ ᠡᠬᠦᠷᠭᠡᠯᠡᠭᠰᠡᠭᠡᠷ ᠢᠷᠡᠵᠤ᠂ | ᠠᠩᠬᠢ ᠶᠢᠨ ᠪᠠᠭᠰᠢ ᠳᠤ ᠪᠠᠨ ᠶᠠᠭᠡᠭᠡᠨ ᠲᠤᠰᠠ ᠲᠠᠮᠵᠢᠯᠭᠡ ᠪᠤᠯᠤᠭᠰᠠᠨ ᠠᠴᠠ ᠬᠤᠭᠤᠴᠠᠭ᠎ᠠ ᠲᠠᠷᠠᠭᠠᠯᠠᠨ ︽ᠰᠢᠯᠢᠳᠡᠭ | ᠠᠩᠬᠢ ᠶᠢᠨ ᠺᠠᠳ᠋ᠷ︾᠂ ︽ᠭᠤᠷᠪᠠᠨ ᠰᠠᠶᠢᠳᠠᠢ ᠰᠤᠷᠤᠭᠴᠢ︾᠂ ︽ᠰᠢᠯᠢᠳᠡᠭ ᠬᠤᠰᠢᠭᠤᠴᠢ ᠠᠩᠬᠢ ᠶᠢᠨ ᠭᠡᠰᠢᠬᠦᠨ︾ | ᠵᠡᠷᠭᠡ ᠪᠠᠷ ᠰᠤᠩᠭᠤᠭᠳᠠᠵᠤ ᠢᠷᠠᠵᠠᠢ᠃ ᠲᠠᠬᠦᠨ ᠤ ᠡᠯ᠎ᠠ ᠲᠦᠷᠤᠯ ᠤᠨ ᠬᠢᠴᠢᠶᠠᠯ ᠤᠨ ᠬᠢᠷᠢ ᠪᠦᠳᠤᠮᠵᠢ ᠨᠢ ᠴᠤ | ᠠᠩᠬᠢ ᠳᠤ ᠪᠠᠨ ᠤᠷᠦ᠋ᠢᠯᠠᠬᠤ ᠪᠠᠷ ᠪᠠᠷᠠᠬᠤ ᠦᠭᠡᠢ᠂ ᠮᠤᠩᠭᠤᠯ ᠭᠡᠯᠡᠨ ᠤ ᠬᠢᠷᠢ ᠪᠦᠳᠤᠮᠵᠢ ᠨᠢ ᠨᠡᠩ ᠤᠨᠴᠠ ᠰᠠᠶᠢᠨ | ᠪᠠᠶᠢᠵᠤ᠂ ᠰᠢᠯᠭᠠᠯᠳᠠ ᠤᠷᠤᠯᠳᠤᠭᠠᠨ ᠪᠤᠯᠭᠠᠨ ᠳᠤ ᠲᠦᠷᠦᠬᠦᠯᠠᠵᠤ᠂ ᠱᠠᠩᠨᠠᠯ ᠬᠦᠬᠢᠬᠦᠯᠦᠯ ᠢ ᠤᠯᠠᠨᠳᠠ ᠬᠦᠷᠳᠠᠵᠤ | ᠦᠩᠭᠡᠷᠡᠪᠡ᠃ | ᠪᠢᠴᠢᠬᠠᠨ ᠰᠤ᠋ ᠮᠢᠩ ᠸᠧᠢ ᠶᠤᠰᠤ ᠮᠤᠷᠠᠯ ᠤᠨ ᠲᠠᠯ᠎ᠠ ᠪᠠᠷ ᠭᠡᠵᠢᠶ᠎ᠠ ᠬᠠᠮᠢᠭ᠎ᠠ ᠭᠡᠰᠡᠨ ᠦᠭᠡᠢ ᠪᠠᠭᠰᠢ | ᠠᠬᠠᠮᠠᠳ ᠤᠨ ᠢᠶᠠᠨ ᠮᠠᠭᠳᠠᠭᠠᠯ ᠢ ᠤᠯᠵᠤ᠂ ᠰᠤᠷᠭᠠᠭᠤᠯᠢ ᠳᠤ ᠪᠠᠨ ︽ᠰᠠᠶᠢᠨ ᠰᠤᠷᠤᠭᠴᠢ︾᠂ ︽ᠭᠡᠷ ᠤᠨ ᠢᠶᠠᠨ | ᠰᠠᠶᠢᠨ ᠬᠦᠤ︾ ᠭᠡᠬᠦ ᠰᠠᠶᠢᠬᠠᠨ ᠠᠯᠳᠠᠷ ᠴᠤᠯᠠ ᠲᠠᠢ ᠪᠠᠶᠢᠵᠤ᠂ ᠬᠠᠮᠳᠤ ᠨᠦᠬᠦᠳ ᠤᠨ ᠢᠶᠠᠨ ᠰᠤᠷᠤᠯᠴᠠᠬᠤ | ᠲᠠᠭᠤᠷᠢᠶᠠᠯ ᠪᠤᠯᠵᠤ ᠪᠤᠢ᠃ | ᠰᠤᠳᠤᠨ ᠰᠤᠷᠤᠭᠴᠢ ᠰᠤ᠋ ᠮᠢᠩ ᠸᠧᠢ ᠲᠦᠷᠦᠯ ᠪᠦᠷᠢ ᠶᠢᠨ ᠬᠢᠴᠢᠶᠠᠯ ᠳᠤ ᠪᠠᠨ ᠰᠠᠶᠢᠨ ᠢᠶᠠᠷ ᠪᠠᠷᠠᠬᠤ ᠦᠭᠡᠢ᠂ | ᠰᠤᠷᠭᠠᠭᠤᠯᠢ ᠪᠠ ᠠᠩᠬᠢ ᠶᠢᠨ ᠢᠶᠠᠨ ᠡᠯ᠎ᠠ ᠵᠦᠢᠯ ᠤᠨ ᠬᠢᠴᠢᠶᠠᠯ ᠤᠨ ᠭᠠᠳᠠᠨᠠᠬᠢ ᠬᠦᠳᠡᠯᠭᠡᠭᠡᠨ ᠳᠤ ᠢᠳᠡᠪᠬᠢᠳᠠᠢ | ᠤᠷᠤᠯᠴᠠᠵᠤ᠂ ᠵᠤᠬᠢᠶᠠᠨ ᠪᠢᠴᠢᠬᠦ᠂ ᠶᠠᠷᠢᠶ᠎ᠠ ᠢᠯᠠᠳᠭᠡᠯ ᠬᠢᠬᠦ᠂ ᠰᠢᠯᠦᠭ᠂ ᠲᠠᠭᠤᠤ᠂ ᠵᠢᠷᠤᠭ ᠲᠤ ᠴᠤ ᠮᠠᠰᠢ | ᠠᠪᠢᠶᠠᠰᠯᠢᠭ ᠪᠠᠶᠢᠳᠠᠭ ᠶᠤᠮ᠃ 2017 ᠤᠨ ᠤ 10 ᠰᠠᠷ᠎ᠠ ᠳᠤ᠂ ᠬᠤᠰᠢᠭᠤᠨ ᠤ ᠮᠤᠩᠭᠤᠯ ᠲᠤᠮᠳᠠᠳᠤ ᠪᠠᠭ᠎ᠠ | ᠰᠤᠷᠭᠠᠭᠤᠯᠢ ᠶᠢᠨ ᠰᠤᠷᠤᠭᠴᠢᠳ ᠤᠨ ᠠᠷᠪᠠᠨ ᠭᠤᠷᠪᠠᠳᠤᠭᠠᠷ ᠬᠤᠭᠤᠴᠠᠭᠠᠨ ᠤ ︽ᠮᠦᠩᠬᠦᠨ ᠴᠤᠯ ᠬᠤᠨᠳᠠᠭᠠᠳᠤ︾ | ᠢᠷᠡᠭᠤ ᠨᠠᠶᠢᠷᠠᠭ ᠤᠨ ᠤᠷᠠᠨ ᠲᠤᠳᠤ ᠤᠩᠰᠢᠯᠭ᠎ᠠ ᠶᠢᠨ ᠤᠷᠤᠯᠳᠤᠭᠠᠨ ᠳᠤ ᠰᠢᠯᠢᠳᠡᠭ ᠱᠠᠩᠨᠠᠯ ᠲᠤᠰᠴᠠᠢ︔ 2018 | ᠤᠨ ᠤ 4 ᠰᠠᠷ᠎ᠠ ᠳᠤ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠷᠭᠠᠨ ᠬᠦᠮᠦᠵᠢᠯ ᠤᠨ | ᠵᠦᠪᠯᠠᠯ ᠤᠨ ︽ᠪᠠᠭᠠᠴᠤᠳ ᠵᠠᠯᠠᠭᠤᠴᠤᠳ ᠤᠨ ᠵᠤᠬᠢᠶᠠᠨ ᠪᠢᠴᠢᠬᠦ ᠴᠢᠳᠠᠪᠤᠷᠢ︾ ᠶᠢᠨ ᠲᠠᠪᠤᠳᠤᠭᠠᠷ ᠲᠠᠰ ᠤᠨ ᠬᠢᠷᠢ | ᠲᠡᠩᠴᠡᠭᠰᠡᠨ ᠦᠨᠠᠮᠯᠠᠯ ᠤᠯᠵᠤ᠂ ᠮᠦᠨ ᠵᠢᠯ ᠤᠨ 6 ᠳ᠋ᠤᠭᠠᠷ ᠰᠠᠷ᠎ᠠ ᠳᠤ᠂ ᠵᠠᠯᠠᠶᠢᠳ ᠬᠤᠰᠢᠭᠤᠨ ᠤ ᠮᠤᠩᠭᠤᠯ ᠢᠶᠠᠷ | ᠬᠢᠴᠢᠶᠠᠯᠯᠠᠬᠦ ᠲᠤᠮᠳᠠᠳᠤ ᠪᠠᠭ᠎ᠠ ᠰᠤᠷᠭᠠᠭᠤᠯᠢ ᠶᠢᠨ ᠠᠩᠬᠠᠳᠤᠭᠠᠷ ᠬᠤᠭᠤᠴᠠᠭᠠᠨ ᠤ ᠪᠠᠷᠢᠮᠵᠢᠶ᠎ᠠ ᠭᠡᠯᠡᠨ ᠤ | ᠤᠷᠤᠯᠳᠤᠭᠠᠨ ᠤ ᠰᠢᠯᠢᠳᠡᠭ ᠱᠠᠩᠨᠠᠯ ᠢ ᠲᠤᠰᠴᠤ᠂ 11 ᠰᠠᠷ᠎ᠠ ᠳᠤ ᠨᠢ᠂ ᠪᠦᠬᠦ ᠠᠶᠢᠮᠠᠭ ᠤᠨ ᠲᠤᠮᠳᠠᠳᠤ ᠪᠠᠭ᠎ᠠ | ᠰᠤᠷᠭᠠᠭᠤᠯᠢ ᠶᠢᠨ ︽ᠡᠭᠡ ᠭᠡᠯ᠎ᠠ ᠪᠠᠨ ᠬᠠᠶᠢᠷᠠᠯᠠᠵᠤ ᠪᠠᠷᠢᠮᠵᠢᠶ᠎ᠠ ᠠᠪᠢᠶ᠎ᠠ ᠪᠠᠷ ᠶᠠᠷᠢᠶ᠎ᠠ︾ ᠭᠡᠬᠦ ᠶᠠᠷᠢᠶᠠᠨ ᠤ | ᠤᠷᠤᠯᠳᠤᠭᠠᠨ ᠳᠤ ᠠᠶᠢᠮᠠᠭ ᠤᠨ ᠰᠤᠷᠭᠠᠨ ᠬᠦᠮᠦᠵᠢᠯ ᠤᠨ ᠲᠤᠪᠴᠢᠶ᠎ᠠ ᠶᠢᠨ ᠰᠢᠯᠢᠳᠡᠭ ᠱᠠᠩᠨᠠᠯ᠂ 12 ᠰᠠᠷ᠎ᠠ ᠳᠤ ᠨᠢ | ᠪᠦᠬᠦ ᠤᠷᠤᠨ ᠤ ︽ᠨᠠᠭᠡᠭᠡᠯᠳᠠ ᠬᠤᠨᠳᠠᠭᠠᠳᠤ ᠠᠩᠭ᠍ᠯᠢ ᠭᠡᠯᠡᠨ ᠤ ᠵᠤᠬᠢᠶᠠᠨ ᠪᠢᠴᠢᠯᠭᠡ ᠶᠢᠨ ᠤᠷᠤᠯᠳᠤᠭᠠᠨ︾ ᠳᠤ | ᠲᠠᠬᠦᠨ ᠤ ︽LLove myfamHy︾ ᠭᠡᠬᠦ ᠵᠤᠬᠢᠶᠠᠯ ᠨᠢ ᠬᠤᠶᠠᠳᠤᠭᠠᠷ ᠲᠠᠰ ᠤᠨ ᠱᠠᠩᠨᠠᠯ ᠢ ᠲᠤᠰ ᠲᠤᠰ | ᠬᠦᠷᠳᠡᠵᠠᠢ︔ ᠡᠬᠦᠨ ᠠᠴᠠ ᠭᠠᠳᠠᠨ᠎ᠠ᠂ ᠲᠠᠷᠠ ᠪᠠᠰᠠ ᠰᠤᠷᠭᠠᠭᠤᠯᠢ ᠶᠢᠨ ᠭᠡᠪᠴᠢᠶᠠᠨ ᠤ ᠰᠢᠯᠦᠭ᠂ ᠲᠠᠭᠤᠤ᠂ ᠵᠢᠷᠤᠭ | ᠵᠡᠷᠭᠡ ᠶᠢᠨ ᠬᠦᠳᠡᠯᠭᠡᠭᠡᠨ ᠤᠷᠤᠯᠳᠤᠭᠠᠨ ᠳᠤ ᠱᠠᠩᠨᠠᠯ ᠬᠦᠬᠢᠬᠦᠯᠦᠯ ᠢ ᠤᠯᠠᠨ ᠲᠤᠰᠴᠤ᠂ ᠨᠢᠭᠡᠳᠤᠭᠡᠷ ᠤᠨ ᠠᠴᠠ | ᠵᠢᠷᠭᠤᠳᠤᠭᠠᠷ ᠤᠨ ᠪᠤᠯᠳᠠᠯ᠎ᠠ ᠨᠢᠭᠡᠨᠳᠠ 70 ᠰᠢᠬᠠᠮ ᠤᠳᠠᠭ᠎ᠠ ᠱᠠᠩᠨᠠᠯ ᠬᠦᠬᠢᠬᠦᠯᠦᠯ ᠲᠤᠰᠤᠭᠰᠠᠨ ᠪᠠᠶᠢᠨ᠎ᠠ᠃ | ᠰᠤᠷᠤᠭᠴᠢ ᠰᠤ᠋ ᠮᠢᠩ ᠸᠧᠢ ᠤᠳᠤ ᠠᠴᠢᠳᠤ ᠪᠠᠭᠰᠢ ᠶᠢᠨ ᠢᠶᠠᠨ ᠠᠷᠢᠭᠤᠨ ᠬᠦᠮᠦᠵᠢᠯ ᠲᠤᠤᠷ᠎ᠠ ᠤᠪᠤᠭ᠎ᠠ | ᠱᠠᠩᠨᠠᠯ ᠲᠠᠢ ᠭᠡᠵᠤ ᠦᠴᠤᠭᠡᠨ ᠴᠤ ᠤᠮᠤᠭᠰᠢᠭᠠ ᠦᠭᠡᠢ᠂ ᠰᠤᠤᠳᠤ ᠮᠤᠩᠭᠤᠯ ᠤᠨ ᠬᠤᠶᠢᠴᠢᠰ ᠤᠨ ᠪᠤᠷᠤᠭᠵᠢᠭᠤᠨ | ᠨᠤᠮᠤᠬᠠᠨ ᠵᠠᠩ ᠢᠶᠠᠷ ᠢᠶᠠᠨ ᠤᠯᠠᠨ ᠢᠯᠠᠬᠦᠤ ᠲᠠᠷᠤᠤ ᠬᠢᠴᠢᠶᠡᠩᠬᠦᠢ ᠪᠠᠷ ᠰᠤᠷᠤᠯᠭ᠎ᠠ ᠳᠤ ᠪᠠᠨ ᠰᠢᠮᠳᠠᠵᠤ᠂ ᠬᠢᠨᠠᠮᠠᠭᠠᠢ | ᠯᠠᠪᠳᠠᠭᠤᠨ᠂ ᠬᠠᠳᠠᠭᠤ ᠲᠠᠰᠪᠤᠷᠢᠳᠠᠢ ᠪᠠᠷ ᠮᠠᠷᠳᠠᠵᠤ ᠪᠤᠯᠬᠤ ᠦᠭᠡᠢ ᠮᠤᠩᠭᠤᠯ ᠰᠤᠶᠤᠯ ᠢᠶᠠᠨ ᠮᠦᠩᠭᠡ | ᠮᠠᠨᠳᠤᠭᠤᠯᠬᠤ ᠪᠠᠷ ᠮᠠᠷᠠᠶᠢᠨ ᠴᠢᠷᠮᠠᠶᠢᠨ ᠰᠤᠷᠤᠯᠴᠠᠵᠤ ᠪᠠᠶᠢᠨ᠎ᠠ᠃ | · ᠪᠤᠤ ᠵᠢᠨᠵᠤᠸᠠᠩᠽᠢ · | | |