ᠤᠯᠠᠭᠠᠨᠬᠤᠳᠠ ᠶᠢᠨ ᠦᠨᠳᠦᠰᠦᠳᠡᠨ ᠤ ᠭᠡᠤᠭᠡᠳ ᠤᠨ ᠴᠡᠴᠡᠷᠯᠢᠭ ᠪᠠᠭ᠎ᠠ ᠰᠤᠷᠭᠠᠭᠤᠯᠢ ᠳᠤ ᠲᠠᠪᠰᠢᠬᠤ ᠰᠤᠷᠤᠬᠴᠢᠳ ᠢᠶᠠᠨ ᠪᠡᠶᠡᠴᠢᠯᠡᠨ ᠤᠢᠢᠯᠠᠭᠠᠬᠤ ᠠᠵᠢᠯᠯᠠᠭ᠎ᠠ ᠦᠷᠨᠢᠬᠦᠯᠪᠡ
ᠨᠡᠶᠢᠲᠡᠯᠡᠭᠰᠡᠨ ᠴᠠᠭ᠄
2019-06-28
    ᠲᠤᠰ ᠰᠤᠨᠢᠨ ᠤ ᠮᠡᠳᠡᠭᠡ   ᠵᠦᠢᠯ ᠤᠨ ᠴᠡᠴᠡᠭ ᠳᠡᠯᠭᠡᠷᠡᠭᠰᠡᠨ 6 ᠰᠠᠷ᠎ᠠ ᠶᠢᠨ 11 ᠤ ᠡᠳᠤᠷ᠂ ᠤᠯᠠᠭᠠᠨᠬᠤᠳᠠ ᠶᠢᠨ ᠦᠨᠳᠦᠰᠦᠳᠡᠨ ᠤ ᠬᠡᠤᠭᠡᠳ ᠤᠨ ᠴᠡᠴᠡᠷᠯᠢᠭ ᠨᠢᠭᠡ ᠪᠦᠯᠦᠭ ᠪᠠᠭ᠎ᠠ ᠰᠤᠷᠭᠠᠭᠤᠯᠢ ᠳᠤ ᠲᠠᠪᠰᠢᠬᠤ ᠭᠡᠤᠭᠡᠳ ᠢᠶᠠᠨ ᠲᠠᠭᠠᠭᠤᠯᠤᠨ ᠤᠯᠠᠭᠠᠨᠬᠤᠳᠠ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠳᠤ ᠬᠦᠷᠴᠤ ᠲᠡᠳᠡᠨ ᠤ ᠪᠠᠭ᠎ᠠ ᠰᠤᠷᠭᠠᠭᠤᠯᠢ ᠶᠢᠨ ᠠᠮᠢᠳᠤᠷᠠᠯ ᠢ ᠪᠡᠶᠡᠴᠢᠯᠡᠨ ᠤᠢᠢᠯᠠᠭᠠᠬᠤ ᠠᠵᠢᠯᠯᠠᠭ᠎ᠠ ᠦᠷᠨᠢᠬᠦᠯᠪᠡ᠃     ᠤᠯᠠᠭᠠᠨᠬᠤᠳᠠ ᠶᠢᠨ ᠦᠨᠳᠦᠰᠦᠳᠡᠨ ᠤ ᠬᠡᠤᠬᠡᠳ ᠤᠨ ᠴᠡᠴᠡᠷᠯᠢᠭ ᠤᠨ ᠬᠢᠨ ᠡᠳᠡᠭᠡᠷ ᠬᠡᠤᠬᠡᠳ ᠢ ᠬᠠᠪᠰᠤᠷᠤᠨ ᠵᠢᠯᠤᠭᠤᠳᠴᠤ᠂ ᠬᠡᠤᠬᠡᠳ ᠤᠨ ᠴᠡᠴᠡᠷᠯᠢᠭ ᠤᠨ ᠱᠠᠳᠤ ᠦᠶ᠎ᠠ ᠠᠴᠠ ᠪᠠᠭ᠎ᠠ ᠰᠤᠷᠭᠠᠭᠤᠯᠢ ᠳᠤ ᠳᠡᠪᠰᠢᠬᠦ ᠱᠠᠳᠤ ᠦᠶ᠎ᠠ ᠶᠢ ᠠᠮᠵᠢᠯᠳᠡ ᠲᠠᠢ ᠦᠩᠭᠡᠷᠡᠬᠦᠯᠬᠦ ᠶᠢᠨ ᠳᠦᠯᠦᠭᠡ ᠪᠢᠴᠢᠬᠠᠨ ᠨᠠᠶᠢᠵᠠ ᠨᠠᠷ ᠤᠨ ᠪᠠᠭ᠎ᠠ ᠰᠤᠷᠭᠠᠭᠤᠯᠢ ᠶᠢᠨ ᠠᠮᠢᠳᠤᠷᠠᠯ ᠢ ᠪᠡᠶᠡᠴᠢᠯᠡᠨ ᠤᠢᠢᠯᠠᠭᠠᠬᠤ ᠰᠢᠷᠢᠰ ᠠᠵᠢᠯᠯᠠᠭ᠎ᠠ ᠦᠷᠨᠢᠬᠦᠯᠦᠭᠰᠡᠨ ᠪᠠᠶᠢᠨ᠎ᠠ᠃ ᠠᠵᠢᠯᠯᠠᠭ᠎ᠠ ᠶᠢᠨ ᠡᠩ ᠳᠡᠷᠢᠬᠦᠨ ᠳᠤ ᠪᠢᠴᠢᠬᠠᠨ ᠬᠡᠤᠬᠡᠳ ᠤᠯᠠᠭᠠᠨᠬᠤᠳᠠ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠶᠢᠨ ᠰᠤᠷᠤᠬᠴᠢᠳ ᠤᠨ ᠳᠠᠮᠢᠷ ᠤᠨ ᠳᠠᠯᠠᠪᠠᠢ ᠳᠤ ᠡᠷᠳᠡ ᠶᠢᠨ ᠳᠠᠮᠢᠷ ᠤᠨ ᠪᠤᠯᠪᠠᠰᠦᠷᠡᠯ ᠬᠢᠵᠤ ᠪᠠᠶᠢᠬᠰᠠᠨ ᠡᠩᠨᠡᠭᠡ ᠶᠢ ᠦᠵᠡᠵᠤ ᠪᠢᠰᠢᠷᠡᠨ ᠭᠠᠶᠢᠬᠠᠵᠠᠢ︔ ᠳᠠᠷᠠᠭ᠎ᠠ ᠳᠤᠨᠢ ᠪᠠᠭᠰᠢᠨᠠᠷ ᠤᠨ ᠵᠢᠯᠤᠭᠤᠳᠤᠯᠭ᠎ᠠ ᠳᠤᠤᠷ᠎ᠠ᠂ ᠳᠤᠰ ᠰᠤᠷᠭᠠᠭᠤᠯᠢ ᠶᠢᠨ ᠰᠢᠨ᠎ᠠ ᠶᠢ ᠡᠭᠦᠳᠬᠦ ᠬᠦᠮᠦᠵᠢᠯ ᠤᠨ ᠰᠠᠭᠤᠷᠢᠨ ᠭᠠᠵᠠᠷ ᠤᠨ ᠶᠡᠭᠡ ᠳᠠᠩᠬᠢᠮ ᠢ ᠳᠤᠭᠤᠷᠢᠨ ᠦᠵᠡᠬᠦ ᠶᠢᠨ ᠬᠠᠮᠳᠤ ᠨᠢᠭᠡᠳᠤᠭᠡᠷ ᠤᠨ ᠤ ᠠᠩᠬᠢ ᠶᠢᠨ ᠭᠡᠷ ᠢᠶᠠᠷ ᠶᠠᠪᠤᠵᠤ᠂ ᠬᠢᠴᠢᠶᠠᠯᠯᠡᠬᠦ ᠶᠠᠪᠤᠴᠠ ᠶᠢ ᠨᠢ ᠪᠡᠶᠡᠴᠢᠯᠡᠨ ᠤᠢᠢᠯᠠᠭᠠᠯ᠎ᠠ᠃ ᠳᠤᠬᠠᠢᠢᠯᠠᠪᠡᠯ᠂ ᠠᠮᠢᠳᠦ ᠳᠦᠷᠰᠦᠯᠢᠭ ᠬᠡᠯᠡ ᠪᠢᠴᠢᠭ ᠤᠨ ᠬᠢᠴᠢᠶᠡᠯ᠂ ᠰᠡᠳᠬᠢᠴᠡ ᠬᠦᠷ ᠬᠦᠭᠵᠢᠶᠡᠨᠳᠡᠢ ᠳᠤᠭᠠᠨ ᠤ ᠤᠬᠠᠭᠠᠨ ᠤ ᠬᠢᠴᠢᠶᠡᠯ᠂ ᠪᠠᠭᠰᠢᠨᠠᠷ ᠤᠨ ᠦᠭᠡ ᠶᠠᠷᠢᠶ᠎ᠠ ᠤᠢᠢᠯᠡ ᠬᠦᠳᠡᠯᠭᠡᠭᠡᠨ ᠨᠢ ᠳᠡᠳᠡᠨᠠᠷ ᠤᠨ ᠠᠩᠬᠠᠷᠦᠯ ᠢ ᠶᠡᠬᠡᠯ᠎ᠠ ᠳᠠᠳᠠᠪᠠ᠃ ᠡᠨᠡ ᠨᠢ ᠪᠠᠭ᠎ᠠ ᠰᠤᠷᠭᠠᠭᠤᠯᠢ ᠳᠤ ᠤᠷᠤᠬᠤ ᠭᠡᠵᠤ ᠪᠠᠶᠢᠭ᠎ᠠ ᠪᠢᠴᠢᠬᠠᠨ ᠬᠡᠤᠬᠡᠳ ᠤᠨ ᠤᠶᠤᠨ ᠳᠠᠷᠢᠬᠢᠨ ᠳᠤᠨᠢ ᠤᠬᠢ ᠰᠠᠶᠢᠨ ᠨᠦᠯᠦᠭᠡ ᠳᠤᠰᠬᠠᠯ ᠦᠭᠬᠦᠭᠰᠡᠨ ᠪᠠᠶᠢᠨ᠎ᠠ᠃ ︵ᠵᠠᠩ ᠰᠡᠴᠡᠨ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号