ᠮᠢᠨᠦ ᠰᠠᠶᠢᠨ ᠨᠠᠶᠢᠵᠠ ᠪᠤᠯ ᠦ᠋ ᠢᠤᠢ ᠯᠦ ᠬᠡᠳᠡᠭ ᠨᠡᠷ᠎ᠡ ᠲᠠᠢ᠃ ᠪᠢᠳᠡ ᠬᠤᠶᠠᠭᠤᠯᠠ ᠪᠠᠨ ᠨᠢᠭᠡᠳᠦᠭᠡᠷ | ᠤᠨ ᠤ ᠦᠶ᠎ᠡ ᠳᠤ ᠲᠠᠨᠢᠯᠴᠠᠭᠰᠠᠨ ᠶᠤᠮ᠃ ᠦ᠋ ᠢᠦᠢ ᠯᠦ ᠮᠢᠨᠢ ᠰᠢᠷ᠎ᠠ ᠭᠡᠵᠢᠬᠡ ᠲᠠᠢ᠂ ᠲᠤᠷᠮᠤᠭᠤᠷ ᠬᠠᠷ᠎ᠠ | ᠨᠢᠳᠦ ᠲᠠᠢ᠂ ᠭᠡᠵᠢᠭᠡ ᠪᠠᠨ ᠬᠡᠵᠢᠶᠡᠳᠡ ᠬᠤᠶᠠᠷ ᠲᠡᠰᠢ ᠤᠶᠠᠬᠤ ᠲᠤᠷ᠎ᠠ ᠲᠠᠢ ᠪᠠᠶᠢᠳᠠᠭ᠃ | ᠪᠢᠳᠡ ᠬᠤᠶᠠᠭᠤᠯᠠ ᠭᠡᠷ ᠲᠤ ᠪᠠᠨ ᠬᠠᠷᠢᠭᠰᠠᠨ ᠤ ᠲᠠᠷᠠᠭ᠎ᠠ ᠤᠯᠠᠩᠬᠢ ᠳᠤ ᠪᠠᠨ ᠲᠠᠰᠬᠠᠯ | ᠲᠠᠭᠠᠭᠠᠯᠭᠠᠪᠦᠷᠢ ᠪᠠᠨ ᠬᠠᠮᠳᠤ ᠰᠠᠭᠤᠵᠤ ᠴᠤᠭ ᠪᠡᠶᠡᠯᠡᠬᠦᠯᠳᠡᠭ᠃ ᠲᠡᠭᠦᠨ ᠤ ᠭᠠᠷ ᠤᠨ ᠲᠢᠭ ᠨᠢ ᠮᠢᠨᠤ ᠠᠴᠠ ᠬᠤᠯᠠ | ᠰᠠᠶᠢᠬᠠᠨ ᠪᠤᠯᠬᠤᠷ ᠪᠠᠭᠰᠢ ᠳᠤ ᠤᠳᠠᠭ᠎ᠠ ᠪᠦᠷᠢ ᠰᠠᠶᠢᠰᠢᠶᠠᠭᠳᠠᠵᠤ ᠪᠠᠶᠢᠬᠤ ᠶᠢ ᠨᠢ ᠪᠢ ᠬᠠᠷᠠᠬᠤ ᠪᠤᠯᠭᠠᠨ ᠲᠤᠩ | ᠪᠠᠭ᠋ᠠᠷᠬᠠᠳᠠᠭ᠃ ᠲᠡᠷᠡ ᠴᠦ ᠮᠢᠨᠦ ᠠᠳᠠᠭᠠᠷᠬᠠᠵᠤ ᠪᠠᠶᠢᠬᠤ ᠶᠢ ᠤᠶᠢᠯᠠᠭᠠᠴᠢᠬᠠᠭᠰᠠᠨ ᠯᠡ ᠪᠠᠶᠢᠬᠤ ᠳ᠋ᠠ᠂ ᠶᠠᠭᠠᠬᠢᠵᠤ | ᠪᠢᠴᠢᠪᠡᠯ ᠰᠠᠶ᠋ᠢ ᠭᠠᠷ ᠤᠨ ᠲᠢᠭ ᠰᠠᠶᠢᠵᠢᠷᠠᠵᠦ᠂ ᠲᠦᠷᠢᠮᠵᠢᠬᠦᠨ ᠰᠠᠶᠢᠬᠠᠨ ᠪᠢᠴᠢᠵᠤ ᠲᠡᠶᠢᠯᠬᠦ ᠲᠤᠬᠠᠢ ᠡᠷᠢᠶᠡᠯᠡᠯ | ᠦᠭᠡᠢ ᠵᠢᠭᠠᠨ ᠦᠭᠳᠡᠭ ᠶᠤᠮ᠃ ᠪᠢᠳᠡ ᠬᠤᠶᠠᠭᠤᠯᠠ ᠪᠠᠰᠠ ᠴᠢᠯᠦᠭᠡ ᠴᠠᠭ ᠢᠶᠠᠷ ᠢᠶᠠᠨ ᠬᠠᠮᠳᠤ ᠨᠤᠮ ᠤᠩᠰᠢᠬᠤ | ᠵᠠᠩᠰᠢᠯ ᠲᠠᠢ᠃ ᠬᠡᠪᠡᠴᠤ ᠮᠢᠨᠦ ᠤᠩᠰᠢᠭᠰᠠᠨ ᠨᠣᠮ ᠲᠡᠬᠦᠨ ᠤ ᠣᠩᠰᠢᠭᠰᠠᠨ ᠨᠣᠮ ᠤᠨ ᠬᠢᠷᠢ ᠤᠯᠠᠨ ᠦᠭᠡᠢ | ᠮᠦᠷᠳᠡᠭᠡᠨ ᠲᠡᠷᠡ ᠮᠢᠨᠢ ᠤᠩᠰᠢᠭᠰᠠᠨ ᠨᠤᠮ ᠤᠨ ᠢᠶᠠᠨ ᠲᠤᠬᠠᠢ ᠲᠡᠮᠳᠡᠭᠯᠡᠯ ᠬᠢᠵᠦ ᠯᠡ ᠪᠠᠶᠢᠳᠠᠭ ᠨᠢ ᠦᠨᠡᠭᠡᠷ | ᠭᠠᠶᠢᠬᠠᠯᠳᠠᠢ︕ | ᠨᠢᠭᠡᠨ ᠭᠠᠷᠠᠭ ᠤᠨ ᠠᠮᠠᠷᠠᠯᠳᠠ ᠳᠤ ᠪᠢᠳᠡ ᠬᠤᠶᠠᠭᠤᠯᠠ ᠬᠠᠮᠳᠤ ᠨᠣᠮ ᠤᠡᠭᠰᠢᠬᠰᠠᠨ ᠤ ᠲᠠᠷᠠᠭ᠎ᠠ ᠨᠠᠭᠠᠳᠴᠤ | ᠪᠠᠶᠢᠭᠰᠠᠭᠠᠷ ᠬᠡᠯᠡ ᠠᠮᠠ ᠪᠤᠯᠴᠢᠬᠠᠯ᠎ᠠ᠃ ᠪᠢ ᠴᠢᠷᠠᠢ ᠪᠠᠷᠦ᠋ᠢᠨ ᠤᠷᠤᠭᠤᠯ ᠦᠷᠴᠡᠶᠢᠯᠭᠡᠨ ᠨᠠᠭᠠᠳᠬᠤ ᠪᠠᠨ ᠪᠠᠶᠢᠭᠠᠳ | ᠪᠤᠷᠤᠭᠤ ᠬᠠᠨᠳᠤᠨ ᠵᠤᠭᠰᠤᠨ ᠪᠠᠶᠢᠬᠤ ᠳᠤ ᠦ᠋ ᠢᠦᠢ ᠯᠦ ᠬᠠᠵᠠᠭᠤ ᠳᠤ ᠬᠦᠷᠴᠦ ᠢᠷᠡᠭᠡᠳ᠄ ︽ᠪᠢᠳᠡ ᠵᠢᠭᠠᠬᠠᠨ | ᠤᠴᠢᠷ ᠲᠤ ᠢᠩᠭᠢᠵᠦ ᠮᠠᠭᠤᠳᠠᠯᠴᠠᠭᠠᠳ ᠶᠠᠭᠠᠬᠢᠬᠤ ᠪᠤᠢ︖ ᠡᠮᠦᠨᠡᠬᠡᠨ ᠰᠠᠶ᠋ᠢ ᠬᠡᠯᠡ ᠪᠢᠴᠢᠭ ᠤᠨ | ᠬᠢᠴᠢᠶᠡᠯ ᠳᠤ ᠪᠠᠨ ︿ᠠᠯᠤᠩᠭᠤᠸ᠎ᠠ ᠡᠬᠡ ᠲᠠᠪᠤᠨ ᠮᠦᠰᠦ ᠪᠠᠷ ᠬᠡᠤᠬᠡᠳ ᠢᠶᠠᠨ ᠰᠤᠷᠭᠠᠭᠰᠠᠨ ᠨᠢ﹀ ᠭᠡᠳᠡᠭ ᠵᠤᠬᠢᠶᠠᠯ ᠢ | ᠰᠤᠷᠤᠭᠰᠠᠨ ᠪᠢᠰᠢ ᠤᠤ︖ ᠪᠦᠯᠬᠦᠮᠳᠡᠵᠦ ᠶᠠᠪᠤᠬᠤ ᠪᠤᠯ ᠲᠤᠩ ᠴᠢᠬᠤᠯᠠ ᠰᠢᠦ︕︾ ᠭᠡᠳ ᠨᠠᠮ᠎ᠠ ᠶᠢ | ᠲᠠᠳᠠᠬᠤ ᠲᠠᠢ ᠴᠢᠩᠭᠠᠭᠠᠬᠤ ᠲᠠᠢ ᠲᠠᠬᠢᠭᠠᠳ ᠯᠡ ᠲᠤᠭᠯᠠᠨ ᠨᠠᠭᠠᠳᠤᠴᠢᠬᠠᠳᠠᠭ᠃ ᠡᠬᠦᠨ ᠠᠴᠠ ᠬᠤᠶᠢᠰᠢᠳᠠ ᠪᠢᠳᠡ | ᠬᠤᠶᠠᠭᠤᠯᠠ ᠤᠯᠠᠮ ᠲᠤᠳᠤᠨᠤᠰᠤᠭ ᠪᠤᠯᠵᠤ᠂ ᠶᠠᠪᠤᠪᠠᠴᠤ ᠴᠤᠭ ᠢᠷᠡᠪᠡᠴᠤ ᠴᠤᠭ ᠰᠠᠯᠤᠰᠢ ᠦᠭᠡᠢ ᠰᠠᠶᠢᠨ ᠨᠠᠶᠢᠵᠠ | ᠪᠤᠯᠤᠭᠰᠠᠨ ᠪᠠᠶᠢᠨ᠎ᠠ᠃ | ᠪᠢ ᠰᠠᠶᠢᠨ ᠨᠠᠶᠢᠵᠠ ᠦ᠋ ᠢᠦᠢ ᠯᠦ ᠪᠠᠨ ᠬᠡᠵᠢᠶᠡᠳᠡ ᠮᠠᠷᠳᠠᠬᠤ ᠦᠭᠡᠢ᠃ | ᠵᠤᠬᠢᠶᠠᠬᠴᠢ᠄ ᠦ᠋ ᠰᠢᠶᠤᠤ ᠶᠠᠨ ︵ᠨᠠᠢᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ ᠶᠢᠨ | ᠭᠤᠷᠪᠡ ᠶᠢᠨ ᠭᠤᠷᠪᠡ︶ | ᠵᠢᠯᠤᠭᠤᠳᠤᠭᠰᠠᠨ ᠪᠠᠭᠰᠢ᠄ ᠲᠠᠪᠬᠤᠷᠪᠠᠶᠠᠷ |