ᠮᠤᠤᠷ
ᠨᠡᠶᠢᠲᠡᠯᠡᠭᠰᠡᠨ ᠴᠠᠭ᠄
2020-06-08
      ᠮᠠᠨ ᠤ ᠨᠢᠭᠡ ᠮᠤᠤᠷ ᠲᠠᠢ᠃ ᠲᠡᠶᠢᠮᠦ ᠪᠤᠯᠬᠤᠷ ᠮᠢᠨᠦ ᠬᠠᠮᠤᠭ ᠰᠠᠶᠢᠨ ᠮᠡᠳᠡᠳᠡᠭ ᠠᠮᠢᠲᠠᠨ ᠭᠡᠪᠡᠯ ᠪᠠᠷᠤᠭ ᠮᠤᠤᠷ ᠯᠡ ᠪᠠᠶᠢᠬᠤ ᠡ᠃       ᠪᠢ ᠬᠠᠵᠠᠭᠤ ᠪᠠᠷ ᠦᠩᠭᠡᠷᠡᠬᠦ ᠳᠤ ᠮᠤᠤᠷ ᠮᠢᠨᠢ ᠮᠦᠢᠯ ᠰᠢᠭ᠋ ᠲᠤᠳᠦ᠋ᠢᠭ᠌ᠰᠠᠨ ᠨᠢᠳᠦ ᠪᠠᠷ ᠢᠶᠠᠨ ᠨᠠᠳᠠ ᠶᠢ ᠲᠠᠭᠠᠨ ᠬᠠᠷᠠᠨ᠎ᠠ᠃ ᠬᠠᠪ ᠬᠠᠷ᠎ᠠ ᠦᠰᠦ ᠲᠠᠢ᠃ ᠵᠠᠷᠢᠮ ᠤᠷᠤᠢ ᠪᠢ ᠭᠠᠭᠴᠠᠭᠠᠷ ᠭᠡᠷ ᠲᠤ ᠰᠠᠭᠤᠬᠤ ᠳᠤ ᠴᠤᠩᠬᠤᠨ ᠲᠠᠶᠢᠰᠠᠨ ᠲᠡᠭᠡᠷ᠎ᠡ ᠭᠡᠨᠡᠳᠳᠡ ᠨᠢᠭᠡ ᠬᠠᠪ ᠬᠠᠷ᠎ᠠ ᠶᠠᠭᠤᠮ᠎ᠠ ᠰᠡᠭᠦᠳᠡᠩᠨᠡᠵᠦ ᠠᠶᠤᠳᠠᠰᠤ ᠬᠦᠷᠭᠡᠳᠡᠭ᠃ ᠲᠡᠷᠡ ᠨᠢ ᠬᠠᠷᠢᠨ ᠮᠢᠨᠦ ᠮᠤᠤᠷ ᠴᠤᠩᠬᠤᠨ ᠲᠠᠶᠢᠰᠠᠨ ᠲᠡᠭᠡᠷ᠎ᠡ ᠭᠠᠷᠤᠭᠠᠳ ᠠᠯᠬᠤᠵᠤ ᠪᠠᠶᠢᠬᠰᠠᠨ ᠠᠵᠢ᠃ ᠮᠤᠤᠷ ᠬᠤᠷᠴᠠ ᠬᠢᠮᠤᠰᠤ ᠲᠠᠢ ᠬᠤᠯᠤᠭᠠᠨ᠎ᠠ ᠶᠢ ᠤᠯᠵᠤ ᠦᠵᠡᠪᠡᠯ ᠪᠠᠷᠢᠵᠤ ᠢᠳᠡᠨ᠎ᠡ ᠭᠡᠵᠦ ᠤᠬᠤᠰᠭᠢᠬᠦ ᠳᠤ ᠬᠤᠯᠤᠭᠠᠨ᠎ᠠ ᠲᠤᠳᠠᠭᠠᠳᠠᠭ᠃ ᠮᠤᠤᠷ ᠬᠢᠮᠤᠰᠤ ᠪᠠᠷ ᠢᠶᠠᠨ ᠭᠠᠵᠠᠷ ᠢ ᠮᠠᠯᠳᠠᠵᠦ ᠪᠠᠶᠢᠭᠠᠳ ᠬᠤᠯᠤᠭᠠᠨ᠎ᠠ ᠶᠢ ᠪᠠᠷᠢᠵᠦ ᠠᠪᠳᠠᠭ᠃       ᠨᠢᠭᠡᠨ ᠡᠳᠦᠷ ᠪᠢ ᠮᠤᠤᠷ ᠢᠶᠠᠨ ᠲᠡᠪᠡᠷᠢᠵᠦ ᠡᠪᠦᠭᠡ ᠡᠮᠡᠭᠡ ᠲᠠᠢ ᠪᠠᠨ ᠡᠮᠦᠨ᠎ᠡ ᠠᠶᠢᠯ ᠳᠤ ᠤᠴᠢᠭᠠᠳ ᠭᠡᠷ ᠤᠨ ᠭᠠᠳᠠᠨ᠎ᠠ ᠨᠢ ᠲᠠᠯᠪᠢᠵᠠᠢ᠃ ᠤᠴᠢᠷ ᠨᠢ ᠲᠡᠳᠡᠨ ᠤ ᠬᠠᠵᠠᠭᠤ ᠬᠠᠪᠢ ᠪᠠᠷ ᠠᠷᠪᠢᠨ ᠬᠤᠯᠤᠭᠠᠨ᠎ᠠ ᠪᠠᠶᠢᠳᠠᠭ᠃ ᠤᠳᠤ ᠨᠢᠭᠡ ᠰᠠᠶᠢᠨ ᠢᠳᠡᠬᠦᠯᠤᠶ᠎ᠠ ᠭᠡᠵᠦ ᠮᠤᠤᠷ ᠢᠶᠠᠨ ᠲᠡᠳᠡᠨ ᠤ ᠳᠤ ᠦᠯᠡᠳᠡᠭᠡᠴᠢᠭᠡᠭᠡᠳ ᠭᠡᠷ ᠲᠤ ᠪᠠᠨ ᠬᠠᠷᠢᠴᠢᠬᠠᠪᠠ᠃ ᠪᠢᠳᠡ ᠮᠤᠲ᠋ᠤᠷ ᠢᠶᠠᠨ ᠤᠨᠤᠭᠠᠳ ᠭᠡᠷ ᠲᠤ ᠢᠷᠡᠬᠦ ᠳᠤ ᠮᠤᠤᠷ ᠴᠤ ᠭᠡᠷ ᠲᠤ ᠢᠷᠡᠴᠢᠭᠡᠭᠰᠡᠨ ᠪᠠᠶᠢᠯ᠎ᠠ ᠃ ᠢᠩᠬᠢᠭᠡᠳ ᠪᠢ ᠮᠤᠤᠷ ᠲᠤᠩ ᠬᠤᠷᠳᠤᠨ ᠬᠦᠶᠦᠬᠦ ᠶᠢ ᠮᠡᠳᠡᠵᠡᠢ᠃ ᠮᠤᠤᠷ ᠤᠨ ᠲᠠᠪᠠᠭ ᠨᠢ ᠵᠦᠭᠡᠯᠡᠨ᠂ ᠬᠦᠪ ᠬᠦᠩᠭᠡᠨ ᠬᠦᠶᠦᠳᠡᠭ᠃ ᠬᠢᠮᠤᠰᠤ ᠨᠢ ᠬᠤᠷᠴᠠ ᠪᠤᠯᠬᠤᠷ ᠭᠠᠵᠠᠷ ᠭᠤᠯᠭᠤᠬᠤ ᠦᠭᠡᠢ᠃        ᠮᠤᠤᠷ ᠪᠤᠯ ᠡᠶᠢᠮᠦ ᠰᠡᠷᠭᠦᠯᠡᠩ ᠠᠮᠢᠲᠠᠨ ᠶᠤᠮ᠃       ᠵᠤᠬᠢᠶᠠᠭᠴᠢ᠄ ᠦᠨᠳᠦᠰᠦ ︵ᠰᠢᠯᠢ ᠶᠢᠨ ᠭᠤᠣᠯ ᠠᠶᠢᠮᠠᠭ ᠤᠨ ᠵᠡᠬᠦᠨ ᠦᠵᠦᠮᠦᠴᠢᠨ ᠬᠤᠰᠢᠭᠤᠨ ᠤ ᠮᠤᠩᠭᠤᠯ ᠦᠨᠳᠦᠰᠦᠳᠡᠨ ᠤ ᠬᠤᠶᠠᠳᠤᠭᠠᠷ ᠪᠠᠭ᠎ᠠ ᠰᠤᠷᠭᠠᠭᠤᠯᠢ ᠶᠢᠨ ᠲᠠᠪᠤ ᠶᠢᠨ ᠲᠦᠷᠪᠡ︶       ᠵᠢᠯᠤᠭᠤᠳᠤᠭᠰᠠᠨ ᠪᠠᠭᠰᠢ᠄ ᠰᠠᠷᠠᠨᠴᠢᠮᠡᠭ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号