ᠪᠤᠷᠤᠭᠠᠨ
ᠨᠡᠶᠢᠲᠡᠯᠡᠭᠰᠡᠨ ᠴᠠᠭ᠄
2020-06-08
    ᠡᠨᠡ ᠡᠳᠦᠷ ᠨᠢᠭᠡᠨᠳᠡ ᠲᠠᠪᠤᠨ ᠰᠠᠷ᠎ᠠ ᠶᠢᠨ ᠰᠢᠨ᠎ᠡ ᠶᠢᠨ ᠨᠢᠭᠡᠨ ᠪᠤᠯᠴᠢᠬᠠᠭᠰᠠᠨ᠂ ᠤᠳᠤ ᠪᠤᠯᠳᠠᠯ᠎ᠠ ᠪᠤᠷᠤᠭᠠᠨ ᠤᠷᠤᠭᠰᠠᠨ ᠦᠭᠡᠢ ᠨᠢ ᠦᠨᠡᠬᠡᠷ ᠭᠠᠶᠢᠬᠠᠯᠳᠠᠢ ᠪᠠᠶᠢᠨ᠎ᠠ᠃ ᠠᠪᠤ ᠡᠵᠢ ᠲᠠᠷᠢᠶ᠎ᠠ ᠪᠠᠨ ᠪᠠᠰᠠ ᠲᠠᠷᠢᠵᠦ ᠲᠡᠶᠢᠯᠦᠭᠰᠡᠨ ᠦᠭᠡᠢ᠂ ᠡᠳᠦᠷᠵᠢᠨ ᠪᠤᠷᠤᠭᠠᠨ ᠤᠷᠤᠬᠤ ᠶᠢ ᠬᠦᠰᠡᠨ ᠵᠠᠯᠪᠠᠷᠢᠵᠦ᠂ ᠬᠠᠰᠢᠶᠠᠨ ᠳᠠᠬᠢ ᠬᠡᠰᠡᠭ ᠭᠠᠵᠠᠷ ᠢᠶᠠᠨ ᠬᠤᠳᠳᠤᠭ ᠤᠨ ᠤᠰᠤ ᠪᠠᠷ ᠢᠶᠠᠨ ᠲᠡᠪᠳᠤᠭᠡᠨ ᠵᠢᠭᠠᠬᠠᠨ ᠡᠷᠳᠡᠨᠢ ᠰᠢᠰᠢ ᠪᠠᠨ ᠲᠠᠷᠢᠭᠠᠳ ᠶᠠᠭᠠᠷᠠᠨ᠎ᠠ᠃     ᠪᠤᠷᠤᠭᠠᠨ ᠪᠠᠭᠤᠭᠰᠠᠨ ᠦᠭᠡᠢ ᠶᠤᠮ ᠴᠢᠨᠢ ᠡᠪᠡᠰᠦ ᠴᠦ ᠤᠷᠭᠤᠭᠰᠠᠨ ᠦᠭᠡᠢ᠂ ᠡᠳᠦᠷ ᠡᠳᠦᠷ ᠰᠠᠯᠬᠢ ᠲᠡᠭᠳᠡᠵᠦ ᠲᠡᠭᠷᠢ ᠮᠠᠭᠤᠬᠠᠢ ᠠᠭᠠᠰᠢᠯᠠᠨ᠎ᠠ᠃     ᠪᠤᠷᠤᠭᠠᠨ ᠦᠭᠡᠢ ᠵᠢᠯ ᠬᠤᠨᠢ ᠮᠠᠯ ᠴᠦ ᠬᠦᠭᠡᠷᠦᠭᠦᠢ︕ ᠠᠪᠤ ᠡᠵᠢ ᠮᠢᠨᠢ ᠬᠤᠨᠢ ᠮᠠᠯ ᠢᠶᠠᠨ ᠬᠠᠭᠤᠷᠠᠢ ᠡᠪᠡᠰᠦ ᠪᠠᠷ ᠢᠶᠠᠨ ᠲᠡᠵᠢᠭᠡᠨ᠂ ᠬᠤᠳᠳᠤᠭ ᠤᠨ ᠤᠰᠤ ᠪᠠᠷ ᠢᠶᠠᠨ ᠤᠰᠤᠯᠠᠨ ᠶᠠᠭᠠᠷᠠᠯᠳᠠᠢ ᠠᠵᠢᠯᠯᠠᠵᠤ ᠵᠦᠳᠡᠷᠡᠯᠳᠡᠢ ᠪᠠᠶᠢᠪᠠᠴᠤ ᠬᠡᠵᠢᠶᠡᠳᠡ ᠮᠠᠨ ᠤ ᠡᠮᠦᠨ᠎ᠡ ᠶᠠᠳᠠᠷᠠᠵᠦ ᠪᠠᠶᠢᠬᠤ ᠪᠠᠨ ᠶᠠᠷᠢᠳᠠᠭ ᠦᠭᠡᠢ᠃ ᠨᠡᠩ ᠢᠯᠡᠬᠦᠦ ᠨᠠᠳᠠᠳᠤ ᠢᠳᠡᠬᠦ ᠶᠢᠨ ᠰᠠᠶᠢᠨ ᠢ ᠢᠳᠡᠬᠦᠯᠵᠦ᠂ ᠡᠮᠦᠰᠬᠦ ᠶᠢᠨ ᠭᠤᠶᠤ ᠶᠢ ᠠᠪᠴᠤ ᠡᠮᠦᠰᠭᠡᠨ᠂ ᠰᠤᠷᠭᠠᠭᠤᠯᠢ ᠳᠤ ᠶᠠᠪᠤᠬᠤ ᠪᠦᠷᠢ ᠰᠤᠯᠠ ᠵᠤᠭᠤᠰ ᠢ ᠲᠤᠳᠠᠭᠠᠳᠠᠭ ᠦᠭᠡᠢ᠃ ᠪᠢ ᠠᠪᠤ ᠡᠵᠢ ᠶᠢᠨ ᠢᠶᠠᠨ ᠶᠠᠳᠠᠷᠠᠯ ᠵᠦᠳᠡᠷᠡᠯ ᠲᠠᠢ ᠶᠢ ᠦᠵᠡᠵᠦ᠂ ᠨᠢᠳᠦᠨ ᠠᠴᠠ ᠨᠢᠯᠪᠦᠰᠦ ᠪᠦᠮᠪᠦᠷᠢᠨ ᠬᠤᠷᠳᠤᠨ ᠯᠡ ᠪᠤᠷᠤᠭᠠᠨ ᠤᠷᠤᠬᠤ ᠪᠤᠯᠤᠭᠠᠰᠠᠢ ᠭᠡᠳ ᠲᠡᠭᠷᠢ ᠵᠦᠭ ᠬᠠᠷᠠᠨ ᠲᠦᠳᠦᠨᠡᠪᠡ᠃     ︽ᠨᠠᠪᠴᠢ ᠴᠡᠴᠡᠭ ᠨᠠᠮᠢᠷᠠᠭ᠎ᠠ ᠬᠤᠷ᠎ᠠ ᠪᠠᠷ᠂ ᠨᠢᠯᠬ᠎ᠠ ᠬᠡᠤᠬᠡᠳ ᠡᠵᠢ ᠶᠢᠨ ᠠᠴᠢ ᠪᠠᠷ︾ ᠭᠡᠳᠡᠭ ᠬᠢᠴᠢᠶᠡᠯ ᠳᠤ ᠰᠣᠷᠣᠭᠰᠠᠨ ᠦᠭᠡ ᠲᠠᠷᠢᠬᠢᠨ ᠳᠤ ᠡᠷᠬᠢᠯᠳᠦᠨ᠎ᠡ᠃         ᠵᠤᠬᠢᠶᠠᠭᠴᠢ᠄ ᠪᠠᠢ ᠰᠢᠨ ᠰᠢᠨ ︵ᠨᠠᠢᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ ᠶᠢᠨ ᠭᠤᠷᠪᠠ ᠶᠢᠨ ᠭᠤᠷᠪᠠ︶         ᠵᠢᠯᠤᠭᠤᠳᠤᠭᠰᠠᠨ ᠪᠠᠭᠰᠢ᠄ ᠲᠠᠪᠬᠤᠷᠪᠠᠶᠠᠷ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号