ᠠ ᠦᠰᠦᠭ ᠢ ᠠᠩᠬ᠎ᠠ ᠵᠢᠭᠠᠵᠦ ᠲᠠᠨᠢᠭᠤᠯᠤᠭᠰᠠᠨ᠂ ᠠᠷᠠᠪ ᠲᠤᠭᠠᠨ ᠤ ᠤᠬᠠᠭᠠᠨ ᠢ ᠠᠯᠬᠤᠮ ᠳᠠᠷᠠᠭ᠎ᠠ ᠲᠠᠢ | ᠵᠢᠭᠠᠬᠰᠠᠨ ᠠᠴᠢᠳᠤ ᠬᠦᠮᠦᠨ ᠪᠤᠯ ᠳᠠᠷᠦᠶ ᠮᠢᠨᠤ ᠪᠠᠭᠰᠢ ᠶᠤᠮ᠃ | ᠮᠢᠨᠤ ᠪᠠᠭᠰᠢ ᠪᠤᠯ ᠳᠤᠮᠳᠠ ᠶᠢᠨ ᠪᠡᠶ᠎ᠡ ᠲᠠᠢ᠂ ᠮᠦᠢᠯ ᠬᠠᠷ᠎ᠠ ᠨᠢᠳᠦ ᠲᠠᠢ᠂ ᠦᠵᠦᠮ ᠤᠨ ᠤᠯᠠᠭᠠᠨ | ᠤᠷᠤᠭᠤᠯ ᠲᠠᠢ᠂ ᠠᠵᠢᠯ ᠳᠤ ᠪᠠᠨ ᠪᠠᠰᠠ ᠮᠠᠰᠢ ᠬᠠᠷᠢᠭᠤᠴᠠᠯᠭ᠎ᠠ ᠲᠠᠢ᠂ ᠰᠤᠷᠤᠭᠴᠢ ᠶᠢᠨ ᠢᠶᠠᠨ ᠲᠦᠯᠦᠭᠡ | ᠠᠯᠢᠪᠠ ᠪᠠᠨ ᠵᠤᠷᠢᠭᠤᠯᠬᠤ ᠠᠴᠠ ᠪᠤᠴᠠᠳᠠᠭ ᠦᠭᠡᠢ᠃ | ᠪᠠᠭᠰᠢ ᠮᠢᠨᠢ ᠡᠪᠦᠯ ᠤᠨ ᠬᠠᠬᠢᠷ ᠬᠦᠢᠲᠡᠨ᠂ ᠵᠤᠨ ᠤ ᠠᠭᠠᠬᠢᠮ᠎ᠠ ᠬᠠᠯᠠᠭᠤᠨ ᠢ ᠬᠠᠶᠢᠬᠤᠷᠤᠯ ᠦᠭᠡᠢ ᠡᠷᠲᠡᠯᠡᠨ | ᠢᠷᠡᠵᠦ ᠠᠩᠭᠢ ᠶᠢᠨ ᠭᠡᠷ ᠢ ᠴᠡᠪᠡᠷᠯᠡᠭᠡᠳ ᠪᠢᠳᠡᠨ ᠢ ᠬᠠᠯᠠᠭᠤᠨ ᠢᠶᠠᠷ ᠤᠭᠲᠤᠳᠠᠭ᠂ ᠪᠠᠭᠰᠢ ᠮᠢᠨᠢ ᠪᠠᠰᠠ ᠦᠳᠡ ᠶᠢᠨ | ᠠᠮᠠᠷᠠᠯᠲᠠ ᠶᠢᠨ ᠴᠠᠭ ᠢᠶᠠᠨ ᠠᠰᠢᠭᠯᠠᠵᠤ ᠪᠢᠳᠡᠨ ᠤ ᠳᠠᠰᠬᠠᠯ ᠳᠠᠭᠠᠭᠠᠯᠭᠠᠪᠤᠷᠢ ᠶᠢ ᠨᠢᠭᠡ ᠨᠢᠭᠡ ᠪᠠᠷ ᠪᠠᠶᠢᠴᠠᠭᠠᠵᠦ᠂ | ᠠᠯᠳᠠᠭ᠎ᠠ ᠪᠤᠷᠤᠭᠤ ᠶᠢ ᠮᠢᠨᠢ ᠴᠠᠭ ᠲᠤᠬᠠᠢ ᠳᠤ ᠨᠢ ᠵᠠᠰᠡᠨ ᠲᠠᠶᠢᠯᠪᠤᠷᠢᠯᠠᠵᠤ ᠦᠭᠳᠡᠭ ᠶᠤᠮ᠃ ᠨᠢᠭᠡ ᠤᠳᠠᠭ᠎ᠠ ᠪᠢ | ᠰᠢᠯᠭᠠᠯᠲᠠ ᠳᠤ ᠰᠢᠯᠢᠳᠡᠭ ᠬᠢᠷᠢ ᠪᠦᠲᠦᠮᠵᠢ ᠤᠯᠵᠦ ᠲᠡᠶᠢᠯᠦᠭᠰᠡᠨ ᠦᠭᠡᠢ ᠳᠤ ᠪᠠᠨ ᠵᠤᠪᠠᠵᠦ ᠪᠠᠶᠢᠲᠠᠯ᠎ᠠ ᠪᠠᠭᠰᠢ ᠮᠢᠨᠢ | ᠳᠡᠷᠭᠡᠳᠡ ᠢᠷᠡᠭᠡᠳ᠄ ︽ᠮᠢᠨᠤ ᠰᠤᠷᠤᠬᠴᠢ ᠡᠨᠡ ᠤᠳᠠᠭᠠᠨ ᠤ ᠰᠢᠯᠭᠠᠯᠳᠡ ᠠᠴᠠ ᠤᠷᠮ᠎ᠠ ᠦᠭᠡᠢ ᠰᠠᠭᠤᠵᠦ ᠪᠠᠶᠢᠨᠡᠤ︖ | ᠨᠢᠭᠡᠨ ᠤᠳᠠᠭᠠᠨ ᠤ ᠢᠯᠠᠭᠳᠠᠯ ᠠᠴᠠ ᠵᠤᠷᠢᠭ ᠮᠤᠬᠤᠵᠤ ᠪᠤᠯᠬᠤ ᠦᠭᠡᠢ᠂ ᠰᠢᠷᠭᠠᠭᠤ ᠴᠢᠷᠮᠠᠶᠢᠪᠡᠯ ᠠᠮᠵᠢᠯᠳᠠ ᠯᠠᠪᠲᠠᠢ | ᠲᠠᠨ ᠤ ᠬᠢ︾ ᠭᠡᠪᠡ᠃ ᠪᠠᠭᠰᠢ ᠶᠢᠨ ᠦᠭᠡ ᠮᠢᠨᠤ ᠵᠤᠪᠠᠨᠢᠯ ᠢ ᠲᠠᠶᠢᠯᠵᠤ᠂ ᠰᠡᠳᠬᠢᠯ ᠠᠭᠤᠵᠢᠷᠠᠯ᠎ᠠ᠃ | ᠴᠡᠩᠭᠡᠷ ᠲᠤᠩᠭᠠᠯᠠᠭ ᠨᠢᠭᠡᠨ ᠦᠷᠯᠦᠭᠡ ᠪᠢ ᠰᠤᠷᠭᠠᠭᠤᠯᠢ ᠳᠤ ᠪᠠᠨ ᠬᠦᠷᠴᠦ ᠳᠡᠮᠡᠢ ᠤᠳᠠᠯ ᠦᠭᠡᠢ ᠭᠡᠳᠡᠰᠦ ᠡᠪᠡᠳᠴᠦ | ᠬᠢᠴᠢᠶᠡᠯ ᠤᠷᠤᠵᠦ ᠳᠡᠶᠢᠯᠬᠦ ᠦᠭᠡᠢ ᠪᠤᠯᠪᠠ᠂ ᠪᠠᠭᠰᠢ ᠮᠢᠨᠢ ᠶᠠᠭᠠᠷᠠᠦ ᠰᠠᠨᠳᠦᠷᠤᠤ ᠨᠠᠮ᠎ᠠ ᠶᠢ ᠳᠠᠭᠠᠭᠤᠯᠵᠦ | ᠡᠮᠨᠡᠯᠭᠡ ᠳᠤ ᠤᠴᠢᠵᠦ ᠵᠡᠭᠦᠦ ᠬᠠᠳᠬᠤᠭᠤᠯᠵᠤ᠂ ᠡᠮ ᠠᠪᠴᠦ ᠦᠭᠪᠡ᠂ ᠡᠨᠡ ᠦᠶᠡᠰ ᠪᠢ ᠪᠠᠭᠰᠢ ᠶᠢ ᠬᠠᠷᠠᠬᠤ ᠳᠤ | ᠴᠢᠷᠠᠢ ᠨᠢ ᠤᠯᠠᠶᠢᠵᠦ᠂ ᠬᠦᠯᠦᠰᠦ ᠨᠢ ᠤᠷᠤᠰᠴᠦ ᠪᠠᠶᠢᠪᠠ᠃ | ᠪᠠᠭᠰᠢ ᠮᠢᠨᠢ ᠢᠩᠭᠢᠵᠦ ᠪᠢᠳᠡᠨ ᠤ ᠲᠦᠯᠦᠭᠡ ᠴᠠᠭ ᠦᠷᠬᠦᠯᠵᠢ ᠰᠠᠨᠠᠭᠠᠰᠢᠷᠠᠳᠠᠭ᠃ ᠪᠢ ᠪᠠᠭᠰᠢ ᠪᠠᠨ | ᠬᠦᠨᠳᠦᠳᠭᠡᠨ᠎ᠡ᠂ ᠴᠢᠷᠮᠠᠶᠢᠨ ᠰᠤᠷᠤᠯᠴᠠᠵᠦ ᠰᠢᠯᠢᠳᠡᠭ ᠬᠢᠷᠢ ᠪᠦᠲᠦᠮᠵᠢ ᠤᠯᠵᠦ ᠪᠠᠭᠰᠢ ᠪᠠᠨ ᠪᠠᠶᠠᠷᠯᠠᠭᠤᠯᠤᠨ᠎ᠠ᠃ | ᠪᠠᠭᠰᠢ ᠡ᠂ ᠲᠠ ᠮᠢᠨᠢ ᠵᠦᠳᠡᠷᠡᠯ᠎ᠠ︕ ᠪᠢ ᠲᠠᠨ ᠳᠠᠭᠠᠨ ᠬᠠᠶᠢᠷᠠᠲᠠᠢ ᠰᠢᠦ᠃ | ᠵᠤᠬᠢᠶᠠᠬᠴᠢ᠄ ᠾᠧ ᠰᠢᠨ ᠿᠦ ︵ᠵᠠᠯᠠᠶᠢᠳ ᠬᠤᠰᠢᠭᠤᠨ ᠤ ᠢᠨᠳᠡᠷ ᠲᠠᠬᠢ ᠬᠤᠶᠠᠳᠤᠭᠠᠷ ᠪᠠᠭ᠎ᠠ | ᠰᠤᠷᠭᠠᠭᠤᠯᠢ ᠶᠢᠨ ᠳᠥᠷᠪᠡ ᠶᠢᠨ ᠭᠤᠷᠪᠠ︶ | ᠵᠢᠯᠤᠭᠤᠳᠤᠭᠰᠠᠨ ᠪᠠᠭᠰᠢ᠄ ᠳ᠋ᠦᠩ ᠬᠤᠩ ᠮᠧᠢ |