| ᠤᠳᠤᠬᠠᠨ ᠳᠤ ᠵᠠᠷᠢᠮ ᠭᠠᠵᠠᠷ ᠬᠡᠷᠡᠭᠯᠡᠵᠤ ᠪᠠᠶᠢᠭ᠎ᠠ ᠵᠢᠭᠠᠰᠥᠨ ᠤ ᠲᠦᠷᠥᠯ ᠢ ᠡᠪᠤᠯᠵᠢᠯᠡᠬᠦᠯᠬᠦ ᠮᠡᠷᠭᠡᠵᠢᠯ ᠨᠢ | ᠭᠤᠤᠯᠳᠠᠭᠤ ᠮᠦᠰᠥᠨ ᠳᠤᠤᠷ᠎ᠠ ᠠᠮᠢᠳᠥ ᠪᠤᠳᠠᠰ ᠢᠶᠠᠷ ᠬᠦᠴᠢᠯᠳᠦ᠋ᠷᠥᠭᠴᠢ ᠨᠡᠮᠡᠭᠳᠡᠬᠦᠯᠥᠨ ᠡᠪᠤᠯᠵᠢᠯᠡᠬᠦᠯᠬᠦ ᠮᠡᠷᠭᠡᠵᠢᠯ | ᠪᠤᠯᠤᠨ᠎ᠠ᠃ ᠡ᠊ᠨᠡ ᠬᠦ ᠮᠡᠷᠭᠡᠵᠢᠯ ᠨᠢ ᠭᠤᠤᠯᠳᠠᠭᠤ ᠡᠯ᠎ᠡ ᠵᠥᠢᠯ ᠤᠨ ᠮᠡᠷᠭᠡᠵᠢᠯ ᠤᠨ ᠠᠷᠭ᠎ᠠ ᠪᠠᠷᠢᠯ ᠢ ᠬᠡᠷᠡᠭᠯᠡᠵᠤ | ᠪᠠᠶᠢᠭᠠᠳ ᠮᠦᠰᠥᠨ ᠳᠤᠤᠷ᠎ᠠ ᠪᠠᠶᠢᠭ᠎ᠠ ᠬᠦᠪᠪᠤᠮᠡᠯ ᠤᠷᠭᠤᠮᠠᠯ ᠤᠨ ᠬᠡᠷᠡᠯ ᠨᠡᠶᠢᠯᠡᠯᠭᠡ ᠶᠢᠨ ᠥᠢᠯᠡᠳᠥᠯ ᠢ ᠠᠬᠢᠭᠤᠯᠥᠨ᠂ | ᠨᠡᠩ ᠠᠷᠪᠢᠨ ᠬᠦᠴᠢᠯᠳᠦ᠋ᠷᠥᠭᠴᠢ ᠭᠠᠷᠭᠠᠵᠤ᠂ ᠵᠢᠭᠠᠰᠥᠨ ᠤ ᠵᠥᠢᠯ ᠤᠨ ᠠᠮᠢᠳᠤᠷᠠᠬᠤ ᠬᠡᠷᠡᠭᠴᠡᠭᠡ ᠶᠢ ᠬᠠᠨᠭ᠍ᠭᠠᠵᠤ᠂ | ᠵᠢᠭᠠᠰᠥᠨ ᠤ ᠵᠥᠢᠯ ᠤᠨ ᠡᠪᠤᠯᠵᠢᠬᠦ ᠨᠢᠭᠳᠠᠴᠠ ᠪᠤᠯᠤᠨ ᠠᠮᠢᠳᠤᠷᠠᠬᠤ ᠨᠤᠷᠮ᠎ᠡ ᠶᠢ ᠳᠡᠭᠡᠭᠰᠢᠯᠡᠬᠦᠯᠬᠦ ᠳᠤ ᠪᠤᠢ᠃ | ᠪᠤᠳᠠᠳᠠᠢ ᠠᠷᠭ᠎ᠠ ᠨᠢ ᠳᠤᠤᠷᠠᠬᠢ ᠬᠡᠳᠥᠨ ᠵᠥᠢᠯ ᠪᠤᠢ᠃ | 1. ᠡᠪᠤᠯᠵᠢᠬᠦ ᠤᠰᠥ ᠶᠢ ᠰᠠᠶᠢᠳᠥᠷ ᠰᠤᠩᠭᠤᠬᠤ ᠬᠡᠷᠡᠭᠳᠡᠢ᠃ ᠡᠪᠤᠯᠵᠢᠬᠦ ᠳᠤ ᠭᠤᠤᠯᠳᠠᠭᠤ ᠰᠢᠨ᠎ᠠ | ᠰᠤᠷᠭᠤᠭ ᠤᠰᠥ ᠪᠠᠷ ᠭᠤᠤᠯᠳᠠᠭᠤᠯᠵᠤ᠂ ᠳᠠᠷᠤᠢ ᠭᠤᠤᠯ ᠮᠦᠷᠡᠨ᠂ ᠨᠠᠭᠤᠷ ᠴᠦᠬᠦᠷᠥᠮ᠂ ᠪᠤᠯᠠᠭ ᠤᠨ ᠤᠰᠥ᠂ | ᠬᠤᠳᠳᠤᠭ ᠤᠨ ᠤᠰᠥ ᠵᠡᠷᠭᠡ ᠶᠢ ᠬᠡᠷᠡᠭᠯᠡᠵᠤ᠂ ᠡᠬᠦᠨ ᠠᠴᠠ ᠭᠠᠳᠠᠨ᠎ᠠ ᠳᠡᠵᠢᠭᠡᠯᠭᠡ ᠳᠤ ᠬᠡᠷᠡᠭᠯᠡᠵᠤ ᠦᠡᠭᠭᠡᠷᠡᠭᠰᠡᠨ | ᠤᠰᠥ ᠶᠢ ᠪᠠᠭ᠎ᠠ ᠨᠦᠬᠦᠪᠤᠷᠢᠯᠡᠬᠦ ᠬᠡᠷᠡᠭᠳᠡᠢ᠃ ᠤᠴᠢᠷ ᠨᠢ ᠬᠠᠭᠤᠴᠢᠨ ᠤᠰᠥᠨ ᠳᠤ ᠬᠦᠪᠪᠤᠮᠡᠯ ᠤᠷᠭᠤᠮᠠᠯ ᠡᠯᠪᠡᠭ | ᠠᠭᠤᠯᠤᠭᠳᠠᠵᠤ᠂ ᠬᠡᠷᠡᠯ ᠨᠡᠶᠢᠯᠡᠯᠭᠡ ᠶᠢᠨ ᠥᠢᠯᠡᠳᠥᠯ ᠢᠶᠠᠷ ᠬᠦᠴᠢᠯᠳᠦ᠋ᠷᠥᠭᠴᠢ ᠨᠡᠮᠡᠭᠳᠡᠬᠦᠯᠬᠦ ᠳᠤ ᠠᠰᠢᠭᠳᠠᠢ ᠪᠠᠶᠢᠳᠠᠭ | ᠃ | 2. ᠤᠰᠥᠨ ᠳᠤᠳᠤᠷᠠᠬᠢ ᠳᠤᠮᠤ ᠬᠦᠪᠪᠤᠮᠡᠯ ᠠᠮᠢᠳᠠᠨ ᠢ ᠰᠦᠨᠥᠭᠡᠬᠦ ᠬᠡᠷᠡᠭᠳᠡᠢ᠃ ᠳᠤᠮᠤ ᠬᠦᠪᠪᠤᠮᠡᠯ | ᠠᠮᠢᠳᠠᠨ ᠨᠢ ᠬᠦᠪᠪᠤᠮᠡᠯ ᠤᠷᠭᠤᠮᠠᠯ ᠢᠶᠠᠷ ᠢᠳᠡᠰᠢ ᠪᠤᠯᠭᠠᠵᠤ ᠪᠠᠶᠢᠬᠤ ᠪᠦᠭᠡᠳ ᠡᠪᠤᠯᠵᠢᠬᠦ ᠳᠤ ᠪᠠᠨ | ᠬᠦᠴᠢᠯᠳᠦ᠋ᠷᠥᠭᠴᠢ ᠪᠠᠰᠠ ᠵᠠᠷᠤᠴᠠᠭᠤᠯᠳᠠᠭ᠃ ᠡᠶᠢᠮᠥ ᠠᠴᠠ ᠵᠤᠬᠢᠰᠳᠠᠢ ᠠᠷᠭ᠎ᠠ ᠬᠡᠮᠵᠢᠶ᠎ᠠ ᠠᠪᠴᠥ ᠰᠦᠨᠥᠭᠡᠬᠦ | ᠬᠡᠷᠡᠭᠳᠡᠢ᠃ | 3. ᠳᠤᠩᠭᠠᠯᠠᠭ ᠮᠦᠰᠥ ᠨᠢ ᠨᠡᠯᠢᠶᠡᠳ ᠦᠨᠳᠥᠷ ᠬᠡᠷᠡᠯ ᠨᠡᠪᠳᠡᠷᠡᠬᠦ ᠨᠤᠷᠮ᠎ᠡ ᠶᠢ ᠪᠠᠳᠤᠯᠠᠵᠤ ᠴᠢᠳᠠᠳᠠᠭ᠃ | ᠮᠦᠰᠥᠨ ᠤ ᠳᠤᠩᠭᠠᠯᠠᠭ ᠪᠠᠶᠢᠬᠤ ᠶᠢ ᠪᠠᠳᠤᠯᠠᠬᠤ ᠳᠤ᠂ ᠨᠢᠭᠡ ᠨᠢ ᠮᠦᠰᠤ ᠬᠦᠯᠳᠡᠬᠦ ᠦᠶ᠎ᠡ ᠳᠤ ᠬᠦᠭᠡᠰᠥ ᠲᠠᠢ | ᠬᠦᠯᠳᠡᠬᠦ ᠠᠴᠠ ᠰᠡᠷᠬᠡᠶᠢᠯᠡᠨ᠎ᠡ᠂ ᠨᠦᠬᠦᠭᠡ ᠨᠢ ᠴᠠᠰᠥ ᠪᠤᠯᠤᠨ ᠬᠤᠭ ᠳᠤᠭᠤᠰᠥ ᠶᠢ ᠨᠢ ᠦᠷᠬᠦᠯᠵᠢ ᠱᠦᠬᠦᠷᠳᠡᠵᠤ | ᠠᠷᠢᠯᠭᠠᠨ᠎ᠠ᠃ | 4. ᠮᠦᠰᠥᠨ ᠳᠤᠤᠷᠠᠬᠢ ᠤᠰᠥᠨ ᠳᠤ ᠰᠢᠮᠡᠳᠥ ᠳᠠᠪᠤᠰᠥ ᠨᠦᠬᠦᠪᠤᠷᠢᠯᠡᠨ᠎ᠡ᠃ ᠬᠡᠷᠪᠡ ᠤᠰᠥᠨ ᠳᠤᠳᠤᠷᠠᠬᠢ | ᠠᠭᠤᠰᠤᠮᠠᠬᠠᠢ ᠬᠦᠴᠢᠯᠳᠦ᠋ᠷᠥᠭᠴᠢ ᠶᠡᠭᠡ ᠬᠡᠮᠵᠢᠶ᠎ᠡ ᠪᠠᠷ ᠪᠠᠭᠤᠷᠠᠵᠤ ᠪᠠᠶᠢᠪᠠᠯ ᠡ᠊ᠨᠡ ᠨᠢ ᠳᠠᠷᠤᠢ ᠤᠰᠥᠨ ᠳᠤ | ᠪᠤᠷᠳᠤᠭᠤᠷ ᠳᠤᠳᠠᠵᠤ ᠪᠠᠶᠢᠬᠤ ᠢᠯᠡᠷᠡᠯ ᠲᠤᠯᠠ ᠬᠢᠮᠢ ᠶᠢᠨ ᠪᠤᠷᠳᠤᠭᠤᠷ ᠤᠷᠤᠭᠤᠯᠬᠤ ᠬᠡᠷᠡᠭᠳᠡᠢ᠃ | ︵︽ᠮᠠᠯᠴᠢᠨ ᠳᠠᠷᠢᠶᠠᠴᠢᠨ ᠤ ᠬᠡᠷᠡᠭᠯᠡᠭᠡᠨ ᠤ ᠮᠡᠷᠭᠡᠵᠢᠯ ᠴᠤᠪᠤᠷᠠᠯ ᠪᠢᠴᠢᠭ︾ ᠠᠴᠠ ᠠᠪᠤᠪᠠ︶ |