| ᠵᠢᠬᠦᠷᠳᠡᠨ ᠳᠡᠵᠢᠭᠡᠪᠤᠷᠢ ᠶᠢᠨ ᠬᠥᠢᠳᠡᠨ ᠢ ᠰᠡᠷᠬᠡᠶᠢᠯᠡᠨ ᠳᠤᠯᠠᠭᠠᠨ ᠢ ᠬᠠᠮᠠᠭᠠᠯᠠᠬᠤ ᠠᠷᠭ᠎ᠠ ᠪᠠᠷᠢᠯ ᠳᠤ | ᠭᠤᠤᠯᠳᠠᠭᠤ ᠳᠤᠤᠷᠠᠬᠢ ᠮᠡᠳᠥ ᠬᠡᠳᠥᠨ ᠵᠥᠢᠯ ᠪᠠᠶᠢᠳᠠᠭ᠃ | 1. ᠮᠠᠯ ᠤᠨ ᠰᠠᠷᠠᠪᠴᠢ ᠶᠢᠨ ᠰᠠᠯᠬᠢ ᠬᠠᠯᠬᠠᠯᠠᠨ ᠳᠤᠯᠠᠭᠠᠯᠠᠬᠤ ᠠᠵᠢᠯ ᠢ ᠰᠠᠶᠢᠳᠥᠷ ᠬᠢᠬᠦ ᠬᠡᠷᠡᠭᠳᠡᠢ᠃ | ᠨᠦᠬᠦᠴᠡᠯ ᠲᠠᠢ ᠲᠠᠯᠠᠪᠠᠢ ︵ᠰᠠᠷᠠᠪᠴᠢ︶ ᠨᠢ ᠳᠤᠯᠠᠭᠠᠯᠠᠬᠤ ᠲᠦᠬᠦᠭᠡᠷᠥᠮᠵᠢ ᠳᠤᠬᠢᠷᠠᠭᠤᠯᠥᠨᠠ᠃ ᠨᠦᠬᠦᠴᠡᠯ ᠢᠶᠠᠷ | ᠠᠨᠠᠢ ᠳᠡᠬᠢᠶ᠎ᠠ ᠳᠡᠵᠢᠭᠡᠬᠦ ᠳᠠᠯᠠᠪᠠᠢ ᠨᠢ ᠰᠠᠷᠠᠪᠴᠢ ᠶᠢᠨ ᠡᠬᠦᠳᠡ ᠴᠤᠩᠬᠤ᠂ ᠤᠨᠴᠠᠭᠠᠢᠢᠯᠠᠨ ᠬᠤᠶᠢᠳᠥ ᠳᠠᠯ᠎ᠠ ᠶᠢᠨ | ᠴᠤᠩᠬᠤ ᠶᠢ ᠰᠦᠯᠢᠶᠥᠥ ᠪᠦᠷᠬᠦᠬᠦᠯ ᠢᠶᠠᠷ ᠰᠠᠶᠢᠨ ᠬᠠᠳᠠᠬᠤ ᠪᠤᠶᠤ ᠡᠰᠡᠬᠦᠯ᠎ᠠ ᠴᠠᠷᠳᠠᠮᠠᠯ ᠴᠠᠭᠠᠰᠥ᠂ ᠡᠪᠡᠰᠥᠨ | ᠤᠷᠬᠢᠭᠤᠯ ᠢᠶᠠᠷ ᠪᠦᠳᠡᠭᠡᠬᠦ ᠬᠡᠷᠡᠭᠳᠡᠢ᠃ ᠬᠡᠷᠡᠮ ᠤᠨ ᠨᠦᠭᠡ ᠶᠢ ᠪᠦᠭᠯᠡᠵᠤ᠂ ᠬᠤᠯᠠᠭᠠᠢ ᠵᠢᠪᠠᠷ ᠠᠴᠠ ᠰᠡᠷᠬᠡᠶᠢᠯᠡᠬᠦ | ᠬᠡᠷᠡᠭᠳᠡᠢ᠃ | 2. ᠴᠢᠬᠢᠭᠳᠦᠬᠦ ᠪᠠ ᠪᠤᠷᠤᠭᠠᠨ ᠭᠤᠭᠤᠵᠢᠬᠤ ᠠᠴᠠ ᠰᠡᠷᠬᠡᠶᠢᠯᠡᠨ᠂ ᠰᠠᠷᠠᠪᠴᠢ ᠶᠢᠨ ᠴᠡᠪᠡᠷ ᠬᠠᠭᠤᠷᠠᠢ | ᠪᠠᠶᠢᠬᠤ ᠶᠢ ᠪᠠᠳᠤᠯᠠᠬᠤ ᠬᠡᠷᠡᠭᠳᠡᠢ᠃ ᠰᠠᠷᠠᠪᠴᠢᠨ ᠳᠤ ᠳᠡᠪᠢᠰᠥᠭᠰᠡᠨ ᠡᠪᠡᠰᠥ ᠪᠤᠯᠤᠨ ᠰᠤᠯᠠ ᠰᠢᠷᠥᠢ ᠶᠢ ᠦᠷᠬᠦᠯᠵᠢ | ᠰᠤᠯᠢᠨ ᠳᠡᠪᠢᠰᠴᠥ᠂ ᠮᠠᠯ ᠵᠢᠬᠦᠷᠳᠡᠨ ᠳᠤ ᠳᠤᠬᠢᠷᠠᠮᠵᠢᠳᠠᠢ ᠠᠮᠢᠳᠤᠷᠠᠯ ᠤᠨ ᠤᠷᠴᠢᠨ ᠳᠤᠭᠤᠷᠢᠨ ᠢ ᠪᠦᠷᠢᠯᠳᠥᠬᠦᠯᠥᠨ | ᠦᠭᠴᠥ᠂ ᠬᠠᠬᠢᠷ ᠬᠥᠢᠳᠡᠨ ᠤᠯᠠᠷᠢᠯ ᠳᠠᠬᠢ ᠪᠤᠷᠳᠤᠯᠭ᠎ᠠ ᠶᠢᠨ ᠮᠠᠯ ᠵᠢᠬᠦᠷᠳᠡᠨ ᠤ ᠦᠰᠥᠯᠳᠡ ᠪᠤᠶᠢᠵᠢᠯᠳᠠ ᠪᠤᠯᠤᠨ | ᠡᠷᠡᠬᠦᠯ ᠴᠢᠬᠢᠷᠠᠭ ᠢ ᠪᠠᠳᠤᠯᠠᠨ᠎ᠠ᠃ ᠰᠠᠶ᠋ᠢᠬᠠᠨ ᠬᠤᠭᠤᠰᠤᠯᠠᠭᠰᠠᠨ ᠮᠠᠯ ᠤᠨ ᠰᠠᠷᠠᠪᠴᠢ ᠳᠠᠬᠢ ᠳᠡᠪᠢᠰᠥᠭᠰᠡᠨ | ᠡᠪᠡᠰᠥ ᠶᠢ ᠨᠢ ᠵᠤᠵᠠᠭᠠᠯᠠᠬᠤ ᠬᠡᠷᠡᠭᠳᠡᠢ᠃ | 3. ᠮᠠᠯ ᠵᠢᠬᠦᠷᠳᠡᠨ ᠳᠤ ᠰᠢᠮ᠎ᠡ ᠳᠡᠵᠢᠭᠡᠯ ᠨᠦᠬᠦᠪᠤᠷᠢᠯᠡᠬᠦ ᠪᠠᠨ ᠠᠩᠬᠠᠷᠬᠤ ᠬᠡᠷᠡᠭᠳᠡᠢ᠃ ᠬᠤᠨᠤᠭ ᠤᠨ | ᠪᠤᠷᠳᠤᠭᠠᠨ ᠤ ᠡᠨᠧᠷᠬᠢ ᠶᠢᠨ ᠬᠡᠮᠵᠢᠶ᠎ᠡ ᠶᠢ ᠳᠡᠭᠡᠭᠰᠢᠯᠡᠬᠦᠯᠥᠨ᠂ ᠡᠷᠳᠡᠨᠢ ᠰᠢᠰᠢ ᠪᠠ ᠦᠭᠡᠬᠦ ᠲᠤᠰᠥ ᠮᠡᠳᠥ ᠶᠢᠨ | ᠡᠨᠧᠷᠬᠢ ᠶᠢᠨ ᠪᠤᠷᠳᠤᠭᠠᠨ ᠤ ᠬᠠᠷᠢᠴᠠᠯ ᠢ ᠳᠤᠬᠢᠷᠠᠮᠵᠢᠳᠠᠢ ᠨᠡᠮᠡᠭᠳᠡᠬᠦᠯᠵᠤ᠂ ᠮᠠᠯ ᠵᠢᠬᠦᠷᠳᠡᠨ ᠤ ᠬᠥᠢᠳᠡᠨ ᠢ | ᠳᠡᠰᠪᠤᠷᠢᠯᠡᠬᠦ ᠴᠢᠳᠠᠪᠤᠷᠢ ᠶᠢ ᠨᠢ ᠰᠠᠶᠢᠵᠢᠷᠠᠭᠤᠯᠥᠨ᠎ᠠ᠃ ᠡᠬᠦᠨ ᠤ ᠬᠠᠮᠳᠥ ᠬᠤᠯᠤᠤᠪᠠᠩ ᠢᠶᠠᠷ ᠬᠤᠯᠢᠵᠤ ᠳᠡᠵᠢᠭᠡᠵᠤ᠂ | ᠬᠤᠨᠤᠭ ᠤᠨ ᠪᠤᠷᠳᠤᠭᠠᠨ ᠤ 10% — 15% ᠶᠢᠨ ᠬᠠᠷᠢᠴᠠᠯ ᠢᠶᠠᠷ ᠭᠡᠮᠭᠡᠯᠡᠬᠦ ᠪᠤᠶᠤ ᠬᠡᠷᠴᠢᠭᠰᠡᠨ ᠤ ᠳᠠᠷᠠᠭ᠎ᠠ | ᠪᠤᠷᠳᠤᠭᠠᠨ ᠳᠤ ᠪᠠᠨ ᠬᠤᠯᠢᠭᠠᠳ ᠳᠡᠵᠢᠭᠡᠪᠠᠯ ᠥᠢᠯᠡᠳᠪᠤᠷᠢᠯᠡᠯ ᠤᠨ ᠲᠦᠪᠰᠢᠨ ᠢ ᠢᠯᠡᠷᠬᠡᠢ ᠳᠡᠭᠡᠭᠰᠢᠯᠡᠬᠦᠯᠵᠤ | ᠴᠢᠳᠠᠳᠠᠭ᠃ | 4. ᠭᠠᠭ᠋ᠠᠢ ᠶᠢᠨ ᠰᠠᠷᠠᠪᠴᠢ ᠪᠠᠷᠢᠬᠤ ᠳᠤ ᠪᠠᠨ ᠳᠤᠯᠠᠭᠠᠨ ᠬᠠᠮᠠᠭᠠᠯᠠᠬᠤ ᠢᠯᠴᠢ ᠬᠦᠨᠳᠡᠶᠢᠷᠡᠬᠦᠯᠬᠦ | ᠲᠦᠯᠥᠪᠯᠡᠭᠡ ᠶᠢ ᠰᠠᠶᠢᠳᠥᠷ ᠬᠢᠨ᠎ᠡ᠃ ᠭᠤᠤᠯ ᠨᠢ ᠳᠡᠭᠡᠪᠤᠷ ᠤᠨ ᠳᠤᠯᠠᠭᠠᠨ ᠬᠠᠮᠠᠭᠠᠯᠠᠬᠤ ᠮᠠᠲ᠋ᠧᠷᠢᠶᠠᠯ ᠤᠨ ᠢᠯᠴᠢ | ᠰᠠᠭᠠᠳᠠᠭᠤᠯᠬᠤ ᠬᠡᠮᠵᠢᠭᠳᠡᠯ ᠨᠢ ᠦᠨᠳᠥᠷ ᠪᠠᠶᠢᠬᠤ ᠬᠡᠷᠡᠭᠳᠡᠢ᠃ ᠡᠩ ᠤᠨ ᠤᠯᠠᠭᠠᠨ ᠳᠤᠭᠤᠰᠬᠠᠨ ᠬᠡᠷᠡᠮ ᠨᠢ | ᠬᠦᠷᠥᠯᠴᠡᠬᠦ᠋ᠢᠴᠡ ᠵᠤᠵᠠᠭᠠᠨ ᠪᠠᠶᠢᠬᠤ ᠪᠤᠶᠤ ᠡᠰᠡᠬᠦᠯ᠎ᠡ ᠬᠦᠨᠳᠡᠢ ᠳᠤᠭᠤᠰᠬ᠎ᠠ ᠪᠠᠷ ᠬᠡᠷᠡᠮ ᠪᠠᠷᠢᠬᠤ᠂ ᠴᠤᠩᠬᠤ ᠲᠠᠢ | ᠰᠠᠷᠠᠪᠴᠢᠨ ᠳᠤ ᠳᠠᠪᠬᠤᠷ ᠴᠤᠩᠬᠤ ᠳᠠᠭᠠᠷᠠᠭᠤᠯᠬᠤ᠂ ᠡᠰᠡᠬᠦᠯ᠎ᠡ ᠬᠡᠪᠳᠡᠷᠢ ᠳᠤ ᠨᠢ ᠮᠤᠳᠥᠨ ᠱᠠᠯᠠ ᠪᠤᠶᠤ ᠡᠪᠡᠰᠥ | ᠳᠡᠪᠢᠰᠥᠨᠡ᠃ | 5. ᠡᠪᠤᠯ ᠤᠨ ᠤᠯᠠᠷᠢᠯ ᠳᠤ ᠬᠥᠢᠳᠡᠨ ᠢ ᠰᠡᠷᠬᠡᠶᠢᠯᠡᠬᠦ ᠬᠠᠮᠢᠶᠠᠷᠤᠯᠳᠠ ᠪᠠᠨ ᠴᠢᠩᠭᠠᠳᠬᠠᠵᠤ᠂ | ᠡᠪᠤᠯᠵᠢᠬᠦ ᠠᠴᠠ ᠡᠮᠥᠨ᠎ᠡ ᠴᠤᠩᠬᠤ ᠪᠠᠨ ᠪᠢᠳᠡᠬᠦᠯᠡᠬᠦ᠂ ᠴᠤᠩᠬᠤᠨ ᠭᠠᠳᠠᠨ᠎ᠠ ᠭᠡᠷᠡᠯ ᠨᠡᠪᠳᠡᠷᠡᠬᠦ ᠴᠢᠨᠠᠷ ᠢᠶᠠᠷ ᠰᠠᠶᠢᠨ | ᠰᠦᠯᠢᠶᠥᠥ ᠪᠦᠷᠬᠦᠬᠦᠯ ᠬᠠᠳᠠᠬᠤ᠂ ᠡᠬᠦᠳᠡᠨ ᠤ ᠭᠠᠳᠠᠭᠤᠷ ᠨᠢ ᠬᠥᠢᠳᠡᠨ ᠠᠴᠠ ᠰᠡᠷᠬᠡᠶᠢᠯᠡᠬᠦ ᠢᠰᠡᠬᠡᠢ ᠬᠠᠳᠠᠬᠤ ᠵᠡᠷᠭᠡ | ᠠᠵᠢᠯ ᠢ ᠰᠠᠶᠢᠳᠥᠷ ᠬᠢᠬᠦ ᠬᠡᠷᠡᠭᠳᠡᠢ᠃ ᠲᠦᠬᠦᠮ ᠭᠠᠭ᠋ᠠᠢ ᠶᠢᠨ ᠰᠠᠷᠠᠪᠴᠢᠨ ᠳᠤ ᠰᠦᠯᠢᠶᠥᠥ ᠬᠦᠯᠡᠮᠵᠢ ᠪᠦᠷᠬᠦᠬᠦ᠂ | ᠵᠢᠪᠠᠷ ᠨᠡᠪᠳᠡᠷᠡᠬᠦᠯᠥᠨ ᠠᠭᠠᠷ ᠤᠷᠤᠭᠤᠯᠬᠤ ᠳᠤ ᠪᠠᠨ ᠠᠭᠠᠷ ᠤᠨ ᠤᠷᠤᠰᠬᠠᠯ ᠤᠨ ᠬᠤᠷᠳᠤᠴᠠ ᠶᠢ ᠠᠯᠢ ᠴᠢᠳᠠᠬᠤ ᠪᠠᠷ | ᠪᠠᠭᠠᠰᠬᠠᠬᠤ᠂ ᠰᠠᠷᠠᠪᠴᠢᠨ ᠳᠤᠳᠤᠷᠠᠬᠢ ᠴᠢᠬᠢᠭ ᠢ ᠰᠡᠷᠬᠡᠶᠢᠯᠡᠬᠦ ᠬᠡᠪᠳᠡᠷᠢ ᠳᠤ ᠨᠢ ᠵᠤᠵᠠᠭᠠᠨ ᠡᠪᠡᠰᠥ ᠳᠡᠪᠢᠰᠴᠥ ᠦᠭᠬᠦ | ᠂ ᠳᠡᠵᠢᠭᠡᠯᠭᠡ ᠶᠢᠨ ᠨᠢᠭᠳᠠᠴᠠ ᠪᠠᠨ ᠳᠤᠬᠢᠷᠠᠮᠵᠢᠳᠠᠢ ᠨᠡᠮᠡᠭᠳᠡᠬᠦᠯᠬᠦ ᠵᠡᠷᠭᠡ ᠠᠷᠭ᠎ᠠ ᠠᠪᠤᠨ᠎ᠠ᠃ | 6. ᠳᠡᠭᠡᠷᠡᠬᠢ ᠡᠯ᠎ᠡ ᠵᠥᠢᠯ ᠤᠨ ᠬᠥᠢᠳᠡᠨ ᠢ ᠰᠡᠷᠬᠡᠶᠢᠯᠡᠨ ᠳᠤᠯᠠᠭᠠᠨ ᠢ ᠬᠠᠮᠠᠭᠠᠯᠠᠬᠤ ᠠᠷᠭ᠎ᠠ ᠪᠠᠷᠢᠯ ᠢ | ᠬᠡᠷᠡᠭᠯᠡᠭᠡᠳ ᠮᠦᠨ ᠴᠥ ᠱᠠᠭᠠᠷᠳᠠᠯᠭ᠎ᠠ ᠳᠤ ᠬᠦᠷᠴᠥ ᠴᠢᠳᠠᠬᠤ ᠦᠬᠡᠢ ᠪᠤᠯ ᠰᠠᠷᠠᠪᠴᠢ ᠶᠢ ᠳᠤᠯᠠᠭᠠᠯᠠᠬᠤ ᠠᠷᠭ᠎ᠠ | ᠭᠡᠮᠵᠢᠶ᠎ᠡ ᠠᠪᠬᠤ ᠬᠡᠷᠡᠭᠳᠡᠢ᠃ ᠲᠦᠪᠯᠡᠷᠡᠬᠦᠯᠥᠨ ᠳᠤᠯᠠᠭᠠᠯᠠᠬᠤ᠂ ᠬᠡᠰᠡᠭᠯᠡᠨ ᠳᠤᠯᠠᠭᠠᠯᠠᠬᠤ ᠪᠤᠶᠤ ᠬᠡᠰᠡᠭ ᠭᠠᠵᠠᠷ ᠤᠨ | ᠳᠤᠯᠠᠭᠠᠨ ᠢ ᠬᠠᠮᠠᠭᠠᠯᠠᠬᠤ ᠵᠡᠷᠭᠡ ᠠᠷᠭ᠎ᠠ ᠠᠪᠴᠥ ᠰᠠᠷᠠᠪᠴᠢᠨ ᠳᠤᠳᠤᠷᠠᠬᠢ ᠳᠤᠯᠠᠭᠠᠨ ᠢ ᠨᠡᠮᠡᠭᠳᠡᠬᠦᠯᠥᠨ᠎ᠠ᠃ | ︵︽ᠮᠠᠯᠴᠢᠨ ᠳᠠᠷᠢᠶᠠᠴᠢᠨ ᠤ ᠬᠡᠷᠡᠭᠯᠡᠭᠡᠨ ᠤ ᠮᠡᠷᠭᠡᠵᠢᠯ ᠴᠤᠪᠤᠷᠠᠯ ᠪᠢᠴᠢᠭ︾ ᠠᠴᠠ | ᠠᠪᠤᠪᠠ︶ |