ᠦᠭᠡᠷ ᠤᠨ ᠨᠢᠳᠤᠨ ᠤ ᠰᠡᠯᠢᠰᠦᠳᠦ ᠪᠦᠷᠬᠦᠪᠴᠢ ᠶᠢᠨ ᠦᠷᠪᠢᠰᠤᠯ ᠢ ᠵᠠᠰᠠᠬᠤ ᠠᠷᠭ᠎ᠠ
ᠨᠡᠶᠢᠲᠡᠯᠡᠭᠰᠡᠨ ᠴᠠᠭ᠄
2021/11/5
       1. 0.3 ᠭᠷᠡᠮ ᠪᠤᠷ ᠬᠦᠴᠢᠯ᠂ 1.4 ᠭᠷᠡᠮ ᠫᠷᠦᠺᠠᠶ᠋ᠢᠨ᠂ 10 ᠮᠢᠯᠢᠯᠢᠲ᠋ᠧᠷ ᠨᠡᠷᠡᠮᠡᠯ ᠤᠰᠦ ᠪᠠᠷ ᠠᠭᠤᠰᠤᠮᠠᠯ ᠨᠠᠶᠢᠷᠠᠨ᠎ᠠ᠃ ᠭᠡᠷᠡᠭᠯᠡᠬᠦ ᠠᠷᠭ᠎ᠠ᠄ ᠨᠢᠳᠤᠨ ᠳᠤ ᠳᠤᠰᠤᠭᠠᠨ᠎ᠠ᠂ ᠡᠪᠡᠳᠬᠦ ᠶᠢ ᠵᠤᠬᠰᠤᠭᠠᠨ ᠪᠤᠷᠳᠠᠬ ᠢ ᠠᠷᠢᠯᠭᠠᠬᠤ ᠦᠢᠯᠡᠳᠤᠯ ᠲᠠᠢ᠃        2. 1 ᠭᠷᠡᠮ ᠳᠡᠭᠡᠳᠦ ᠮᠠᠩᠭᠠᠨ ᠬᠦᠴᠢᠯ ᠤᠨ ᠺᠠᠯᠢ᠂ 1000 ᠮᠢᠯᠢᠯᠢᠲ᠋ᠧᠷ ᠨᠡᠷᠡᠮᠡᠯ ᠤᠰᠦ ᠪᠠᠷ ᠠᠭᠤᠰᠤᠮᠠᠯ ᠨᠠᠶᠢᠷᠠᠨ᠎ᠠ᠃ ᠭᠡᠷᠡᠭᠯᠡᠬᠦ ᠠᠷᠭ᠎ᠠ᠄ ᠨᠢᠳᠤᠨ ᠤ ᠰᠡᠯᠢᠰᠤᠳᠦ ᠪᠦᠷᠬᠦᠪᠴᠢ ᠶᠢ ᠤᠬᠢᠶᠠᠨ᠎ᠠ᠂ ᠨᠢᠳᠤᠨ ᠳᠤ ᠳᠤᠰᠤᠭᠠᠬᠰᠠᠨ ᠴᠦ ᠪᠤᠯᠤᠨ᠎ᠠ᠃        3. ᠴᠢᠩ ᠮᠸᠢ ᠰᠤ᠋ 20 ᠲᠦᠮᠡᠨ ᠨᠢᠭᠡᠴᠢ᠂ ᠯᠢᠶᠠᠨ ᠮᠸᠢ ᠰᠤ᠋ 50 ᠲᠦᠮᠡᠨ ᠨᠢᠭᠡᠴᠢ᠂ ᠨᠡᠷᠡᠮᠡᠯ ᠤᠰᠦ 100 ᠮᠢᠯᠢᠯᠢᠲ᠋ᠧᠷ᠃ ᠭᠡᠷᠡᠭᠯᠡᠬᠦ ᠠᠷᠭ᠎ᠠ᠄ ᠠᠭᠤᠰᠤᠮᠠᠯ ᠨᠠᠶᠢᠷᠠᠭᠠᠳ ᠨᠢᠳᠤᠨ ᠳᠤ ᠳᠤᠰᠤᠭᠠᠨ᠎ᠠ᠃        4. ᠵᠢᠨᠮᠸᠢᠢᠰᠦ ᠳᠠᠪᠤᠨ ᠬᠦᠴᠢᠯ 0.0125 ᠭᠷᠡᠮ᠂ ᠳᠤᠩᠰᠠ 0.009 ᠭᠷᠡᠮ᠂ ᠪᠤᠷ ᠬᠦᠴᠢᠯ 0.035 ᠭᠷᠡᠮ᠂ ᠨᠡᠷᠡᠮᠡᠯ ᠤᠰᠦ 5 ᠮᠢᠯᠢᠯᠢᠲ᠋ᠧᠷ᠃ ᠭᠡᠷᠡᠭᠯᠡᠬᠦ ᠠᠷᠭ᠎ᠠ᠄ ᠠᠭᠤᠰᠤᠮᠠᠯ ᠨᠠᠶᠢᠷᠠᠭᠠᠳ ᠨᠢᠳᠤᠨ ᠳᠤ ᠳᠤᠰᠤᠭᠠᠨ᠎ᠠ᠃        5. ᠴᠢᠩ ᠮᠸᠢ ᠰᠤ᠋ ᠵᠢᠭᠠᠰᠤᠨ ᠡᠯᠢᠭᠡᠨ ᠳᠤᠰᠦᠨ ᠨᠢᠳᠤᠨ ᠤ ᠤᠰᠤᠨ ᠡᠮ᠄ 1 ᠮᠢᠯᠢᠯᠢᠲ᠋ᠧᠷ ᠴᠢᠩ ᠮᠸᠢ ᠰᠤ᠋ ᠶᠢᠨ ᠳᠤᠰᠤᠨ ᠡᠮ ᠳᠤ 9 ᠮᠢᠯᠢᠯᠢᠲ᠋ᠧᠷ ᠵᠢᠭᠠᠰᠤᠨ ᠡᠯᠢᠭᠡᠨ ᠳᠤᠰᠦ ᠨᠡᠮᠡᠵᠦ ᠨᠢᠳᠤᠨ ᠳᠤ ᠳᠤᠰᠤᠭᠠᠨ᠎ᠠ᠃        6. ᠴᠢᠩ ᠮᠸᠢ ᠰᠤ᠋ 10 ᠲᠦᠮᠡᠨ ᠨᠢᠭᠡᠴᠢ᠂ ᠵᠢᠭᠠᠰᠤᠨ ᠡᠯᠢᠭᠡᠨ ᠳᠤᠰᠦ 2 ᠮᠢᠯᠢᠯᠢᠲ᠋ᠧᠷ᠂ ᠪᠠᠺᠲ᠋ᠧᠷᠢ ᠤᠰᠠᠳᠬᠠᠬᠰᠠᠨ ᠦᠨᠢᠶᠡᠨ ᠰᠦ 8 ᠮᠢᠯᠢᠯᠢᠲ᠋ᠧᠷ᠃ ᠭᠡᠷᠡᠭᠯᠡᠬᠦ ᠠᠷᠭ᠎ᠠ᠄ ᠵᠢᠭᠤᠷᠠᠭᠠᠳ ᠨᠢᠳᠤᠨ ᠳᠤ ᠳᠤᠰᠤᠭᠠᠨ᠎ᠠ᠃        7. 0.3 ᠭᠷᠡᠮ ᠺᠠᠯᠤᠮᠧᠯ᠂ 0.5 ᠭᠷᠡᠮ ᠨᠢᠰᠢᠩᠬᠦ ᠶᠢᠨ ᠰᠢᠬᠢᠷ ᠢ ᠨᠠᠷᠢᠨ ᠳᠠᠯᠠᠬᠳᠠᠨ᠎ᠠ᠃ ᠭᠡᠷᠡᠭᠯᠡᠬᠦ ᠠᠷᠭ᠎ᠠ ᠄ ᠡᠳᠦᠷ ᠲᠤ 1 ᠤᠳᠠᠭ᠎ᠠ ᠨᠢᠳᠤᠨ ᠳᠤ ᠦᠯᠢᠶᠡᠵᠦ ᠤᠷᠤᠭᠤᠯᠤᠨ᠎ᠠ᠃        8. ᠪᠠᠶᠢᠨᠠᠳᠢᠨ 10 ~ 20 ᠮᠢᠯᠢᠯᠢᠲ᠋ᠧᠷ᠃ ᠭᠡᠷᠡᠭᠯᠡᠬᠦ ᠠᠷᠭ᠎ᠠ᠄ ᠳᠡᠭᠡᠳᠦ ᠳᠤᠤᠷᠠᠳᠦ ᠠᠨᠢᠰᠬ᠎ᠠ ᠶᠢᠨ ᠠᠷᠠᠰᠤᠨ ᠳᠤᠳᠤᠷ᠎ᠠ ᠳᠤᠰ ᠳᠤᠰ 5 ~ 10 ᠮᠢᠯᠢᠯᠢᠲ᠋ᠧᠷ ᠳᠠᠷᠢᠨ᠎ᠠ᠂ 1~ 2 ᠡᠳᠦᠷ ᠲᠤ 1 ᠤᠳᠠᠭ᠎ᠠ ᠳᠠᠷᠢᠵᠦ᠂ 1 ~ 2 ᠤᠳᠠᠭ᠎ᠠ ᠳᠠᠷᠢᠪᠠᠯ ᠪᠠᠷᠤᠬ ᠡᠳᠡᠭᠡᠷᠡᠴᠢᠭᠡᠨ᠎ᠠ᠃        9. 5 % ~ 10 % ᠶᠢᠨ ᠢᠤᠳ᠋ᠳᠦ ᠺᠠᠯᠢ ᠶᠢᠨ ᠠᠭᠤᠰᠤᠮᠠᠯ ᠢ ᠡᠳᠦᠷ ᠲᠤ 3~ 4 ᠤᠳᠠᠭ᠎ᠠ ᠨᠢᠳᠤᠨ ᠳᠤ ᠳᠤᠰᠤᠭᠠᠨ᠎ᠠ᠃ 100 ᠮᠢᠯᠢᠯᠢᠲ᠋ᠧᠷ ᠢᠤᠳ᠋ᠳᠦ ᠺᠠᠯᠢ ᠶᠢᠨ ᠠᠭᠤᠰᠤᠮᠠᠯ ᠳᠤ 5 ᠮᠢᠯᠢᠯᠢᠲ᠋ᠧᠷ ᠢᠤᠳ᠋ ᠤᠨ ᠴᠢᠩᠬᠢ ᠨᠡᠮᠡᠪᠡᠯ ᠡᠮᠨᠡᠯ ᠤᠨ ᠳᠤᠰᠠ ᠨᠢ 98 % ᠬᠦᠷᠳᠡᠭ᠃
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号