ᠦᠭᠡᠷ ᠮᠤᠷᠢ ᠶᠢᠨ ᠨᠢᠳᠤᠨ ᠳᠤ ᠴᠠᠭ᠎ᠠ ᠪᠦᠷᠢᠬᠦ ᠶᠢ ᠵᠠᠰᠠᠬᠤ ᠠᠷᠭ᠎ᠠ
ᠨᠡᠶᠢᠲᠡᠯᠡᠭᠰᠡᠨ ᠴᠠᠭ᠄
2021/12/2
       ᠮᠤᠷᠢ᠂ ᠦᠭᠡᠷ ᠤᠨ ᠨᠢᠳᠤᠨ ᠳᠤ ᠴᠠᠭ᠎ᠠ ᠪᠦᠷᠢᠬᠦ ᠪᠤᠯ ᠤᠯᠠᠩᠬᠢ ᠳᠤ ᠪᠠᠨ ᠰᠢᠷᠬᠠᠳᠤᠯ᠂ ᠳᠠᠰᠢᠭᠤᠷ ᠲᠤ ᠤᠨᠤᠬᠳᠠᠬᠤ᠂ ᠨᠤᠬᠳᠤᠨ ᠳᠤ ᠳᠠᠷᠤᠬᠳᠠᠬᠤ ᠪᠤᠶᠤ ᠬᠤᠬ ᠳᠤᠭᠤᠰᠦ ᠨᠢᠳᠤᠨ ᠳᠤ ᠤᠷᠤᠬᠰᠠᠨ ᠠᠴᠠ ᠪᠤᠯᠳᠠᠬ᠃ ᠪᠠᠺᠲ᠋ᠧᠷᠢ ᠬᠠᠯᠳᠠᠪᠤᠷᠢᠯᠠᠬᠤ᠂ ᠰᠢᠮ᠎ᠠ ᠳᠡᠵᠢᠭᠡᠯ ᠤᠨ ᠬᠠᠷᠰᠢ ᠰᠠᠭᠠᠳ ᠪᠤᠶᠤ ᠨᠢᠳᠤᠨ ᠤ ᠤᠷᠴᠢᠮ ᠤᠨ ᠨᠡᠭᠡᠳᠡᠰᠦᠨ ᠡᠪᠡᠳᠴᠢᠨ ᠤ ᠬᠤᠪᠢᠷᠠᠯᠳᠠ ᠵᠡᠷᠭᠡ ᠨᠢ ᠪᠦᠷ ᠡᠨᠡ ᠡᠪᠡᠳᠴᠢᠨ ᠢ ᠡᠭᠦᠰᠭᠡᠵᠦ ᠮᠡᠳᠡᠨ᠎ᠠ᠃ ᠰᠡᠯᠢᠰᠦᠳᠦ ᠪᠦᠷᠬᠦᠪᠴᠢ ᠶᠢᠨ ᠦᠷᠪᠢᠰᠤᠯ᠂ ᠦᠶᠡᠯᠡᠯᠳᠦ ᠴᠢᠨᠠᠷ ᠲᠠᠢ ᠨᠢᠳᠤᠨ ᠤ ᠦᠷᠪᠢᠰᠤᠯ᠂ ᠵᠠᠷᠢᠮ ᠬᠠᠯᠳᠠᠪᠤᠷᠢᠳᠦ ᠡᠪᠡᠳᠴᠢᠨ ᠵᠡᠷᠭᠡ ᠨᠢ ᠪᠠᠰᠠ ᠴᠠᠭ᠎ᠠ ᠪᠦᠷᠢᠬᠦ ᠶᠢ ᠪᠤᠢ ᠪᠤᠯᠭᠠᠳᠠᠬ ᠶᠤᠮ᠃        ᠳᠤᠰ ᠡᠪᠡᠳᠴᠢᠨ ᠢ ᠢᠤᠳᠦᠳᠦ ᠺᠠᠯᠢ ᠶᠢᠨ ᠨᠢᠳᠤᠨ ᠡᠮ ᠤᠨ ᠠᠭᠤᠰᠤᠮᠠᠯ ᠢᠶᠠᠷ ᠵᠠᠰᠠᠪᠠᠯ ᠦᠷ᠎ᠠ ᠳ᠋ᠦᠡᠭ ᠢᠶᠠᠷ ᠰᠠᠶᠢᠨ᠂ ᠡᠳᠡᠭᠡᠷᠡᠯᠳᠠ ᠶᠢᠨ ᠨᠤᠷᠮ᠎ᠠ ᠴᠦ ᠦᠨᠳᠦᠷ ᠪᠢᠯᠠ᠃        ᠢᠤᠳᠦᠳᠦ ᠺᠠᠯᠢ 10 ᠭᠷᠡᠮ᠂ 1% ᠶᠢᠨ ᠢᠤᠳ᠋ ᠬᠦᠴᠢᠯ ᠤᠨ ᠠᠲᠷᠦᠫᠢᠨ 2 ᠮᠢᠯᠢᠯᠢᠲ᠋ᠧᠷ᠂ 2% ᠤᠨ ᠳᠠᠪᠤᠰᠤᠨ ᠬᠦᠴᠢᠯ ᠤᠨ ᠫᠷᠦᠺᠠᠶ᠋ᠢᠨ 10 ᠮᠢᠯᠢᠯᠢᠲ᠋ᠧᠷ᠂ ᠳᠠᠪᠤᠰᠤᠨ ᠬᠦᠴᠢᠯ ᠤᠨ ᠰᠧ ᠬᠤᠸᠠᠨ ᠰᠤ᠋ 50 ᠲᠦᠮᠡᠨ ᠨᠢᠭᠡᠴᠢ ᠶᠢ ᠬᠤᠯᠢᠨ ᠨᠠᠶᠢᠷᠠᠭᠤᠯᠵᠦ᠂ ᠪᠠᠺᠲ᠋ᠧᠷᠢ ᠤᠰᠠᠳᠬᠠᠬᠤ ᠨᠡᠷᠡᠮᠡᠯ ᠤᠰᠦ ᠪᠡᠯᠡᠳᠭᠡᠵᠦ ᠳᠠᠯᠪᠢᠨ᠎ᠠ᠃ ᠳᠤᠰ ᠡᠮ ᠤᠨ ᠠᠭᠤᠰᠤᠮᠠᠯ ᠪᠤᠯ ᠪᠠᠺᠲ᠋ᠧᠷᠢ ᠶᠢ ᠡᠰᠡᠷᠬᠦᠴᠡᠨ ᠦᠷᠪᠢᠰᠤᠯ ᠢ ᠳᠠᠷᠤᠵᠦ᠂ ᠡᠳᠡᠭᠡᠷᠡᠬᠦ ᠶᠢ ᠪᠠᠳᠤᠵᠢᠭᠤᠯᠬᠤ ᠵᠡᠷᠭᠡ ᠦᠢᠯᠡᠳᠤᠯ ᠲᠠᠢ ᠪᠦᠭᠡᠳ ᠮᠤᠷᠢ᠂ ᠦᠭᠡᠷ ᠤᠨ ᠨᠢᠳᠤᠨ ᠳᠤ ᠴᠠᠭ᠎ᠠ ᠪᠦᠷᠢᠬᠦ ᠶᠢ ᠵᠠᠰᠠᠬᠤ ᠳᠤ ᠶᠡᠭᠡ ᠳᠤᠬᠢᠷᠠᠬᠤ ᠶᠤᠮ᠃ ᠳᠤᠰ ᠡᠮ ᠢ ᠭᠡᠮᠨᠡᠭᠰᠡᠨ ᠦᠭᠡᠷ᠂ ᠮᠤᠷᠢᠨ ᠤ ᠨᠢᠳᠤᠨ ᠳᠤ ᠡᠳᠦᠷ ᠪᠦᠷᠢ 4 ᠤᠳᠠᠭ᠎ᠠ᠂ ᠤᠳᠠᠭ᠎ᠠ ᠪᠦᠷᠢ 2 ~ 5 ᠮᠢᠯᠢᠯᠢᠲ᠋ᠧᠷ ᠳᠤᠰᠤᠭᠠᠨ᠎ᠠ᠃
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号