ᠮᠠᠯᠴᠢᠨ
ᠨᠡᠶᠢᠲᠡᠯᠡᠭᠰᠡᠨ ᠴᠠᠭ᠄
2021/4/7
   ᠡᠳᠤᠷ ᠲᠤᠵᠢ ᠵᠢᠯ ᠪᠤᠯᠭᠠᠨ ᠤ ᠡᠬᠡᠯᠵᠢᠯᠡᠨ ᠪᠤᠢ    ᠨᠠᠷᠨ ᠰᠠᠯᠬᠢᠨ ᠢ    ᠡᠪᠤᠯᠵᠢᠶ᠎ᠠ ᠬᠠᠪᠤᠷᠵᠢᠶ᠎ᠠ ᠨᠡᠬᠦᠳᠡᠯ ᠲᠠᠢ ᠪᠠᠨ    ᠡᠩᠭᠡᠷ ᠤᠨ ᠭᠤᠷᠪᠠᠨ ᠲᠤᠪᠴᠢ ᠪᠠᠨ ᠰᠢᠭ᠋    ᠡᠯᠡᠭᠳᠡᠵᠦ ᠰᠠᠮᠠᠷᠠᠳᠠᠯ᠎ᠠ ᠦᠳᠡᠵᠦ ᠤᠠᠨᠳᠤᠨ    ᠵᠠᠭᠤᠨ ᠵᠠᠭᠤᠨ ᠢ ᠵᠢᠷᠭᠠᠵᠦ ᠶᠠᠪᠤᠠᠨᠰᠠᠨ    ᠵᠦᠮᠪᠤᠷ ᠠᠭᠤᠯᠨ —    ᠮᠢᠨᠦ ᠮᠠᠯᠴᠢᠨ    ᠡᠪᠤᠯ ᠬᠠᠪᠤᠷ ᠤᠨ ᠲᠦᠯ ᠤᠨ ᠲᠠᠭᠤᠨ ᠳᠤ    ᠦᠷᠯᠤᠬᠡ ᠦᠳᠡᠰᠢ ᠶᠢᠨ ᠨᠦᠢᠷ ᠢᠶᠠᠨ ᠲᠤᠮᠳᠠᠯᠠᠵᠦ    ᠡᠬᠡ ᠨᠢᠯᠬ᠎ᠠ ᠶᠢᠨ ᠲᠤᠷᠨᠢᠭᠤᠨ ᠦᠰᠦᠯᠳᠠ ᠳᠤ    ᠡᠮᠵᠡᠭ ᠴᠤᠠᠨᠴᠠᠰ ᠤᠨ ᠶᠠᠳᠠᠷᠠᠯ ᠲᠠᠶᠢᠯᠤᠠᠨᠳᠠᠵᠦ    ᠵᠢᠩ ᠵᠤᠳ ᠲᠠᠢ ᠤᠯᠠᠷᠢᠯ ᠤᠨ ᠰᠢᠭᠤᠷᠭ᠎ᠠ ᠶᠢ    ᠲᠡᠪᠡᠯ ᠤᠨ ᠬᠤᠷᠮᠤᠢ ᠳᠠᠭᠠᠨ ᠡᠪᠤᠯᠵᠢᠬᠦᠯᠦᠭᠰᠡᠨ    ᠲᠡᠩᠳᠡᠬᠦᠤ ᠶᠠᠭᠠᠷᠠᠤᠬᠠᠨ ᠮᠢᠨᠦ ᠮᠠᠯᠴᠢᠨ    ᠭᠠᠨᠭ᠌ ᠲᠠᠢ ᠵᠤᠨ ᠤ    ᠬᠠᠯᠠᠭᠤᠨ ᠨᠠᠷᠨ ᠶᠢ ᠵᠢᠷᠦᠬᠡᠨ ᠲᠠᠮᠢᠷ ᠢᠶᠠᠷ ᠢᠶᠠᠨ    ᠲᠤᠭᠤᠯᠵᠦ    ᠭᠠᠯᠪᠠ ᠶᠢᠨ ᠰᠠᠶᠢᠬᠠᠨ ᠠᠷᠠᠨᠰᠢᠨ ᠢ    ᠲᠡᠯᠡᠬᠡᠢ ᠶᠢᠨ ᠪᠤᠯᠪᠠᠰᠤᠨ ᠳᠤ ᠬᠦᠷᠭᠡᠨ    ᠤᠡᠭᠭᠤᠨ ᠨᠤᠭᠤᠭᠠᠨ ᠨᠤᠳᠤᠭ ᠤᠰᠤ ᠪᠠᠨ    ᠤᠳᠤᠮ ᠤᠨ ᠤᠳᠤᠮ ᠵᠠᠯᠭᠠᠨ ᠲᠡᠭᠡᠳᠦᠯᠡᠭᠰᠡᠨ    ᠦᠨᠡᠨ ᠤ ᠡᠷᠢᠯᠴᠢᠨ ᠮᠢᠨᠦ ᠮᠠᠯᠴᠢᠨ    ᠲᠡᠭᠡᠳᠤ ᠶᠢᠨ ᠰᠠᠶᠢᠬᠠᠨ ᠰᠤᠶᠤᠯ ᠢᠶᠠᠨ    ᠲᠡᠯᠬᠡᠷ ᠠᠮᠢᠳᠤᠷᠠᠯ ᠳᠠᠭᠠᠨ ᠵᠢᠷᠤᠠᠨᠯᠠᠵᠦ    ᠲᠦᠪᠰᠢᠨ ᠴᠠᠭ ᠤᠨ ᠬᠦᠭ ᠤᠷᠤᠰᠬᠠᠯ ᠳᠤ    ᠲᠦᠷᠦᠬᠡ ᠴᠢᠩᠭᠠᠯᠠᠨ ᠮᠡᠷᠡᠶᠢᠵᠡᠬᠡᠵᠦ    ᠲᠠᠯ᠎ᠠ ᠬᠠᠨᠭ᠍ᠭᠠᠢ ᠠᠭᠤᠯᠨ ᠬᠦᠨᠳᠡᠢ ᠪᠠᠷ    ᠤᠷᠳᠤ ᠶᠢᠨ ᠲᠠᠭᠤᠤ ᠪᠠᠨ ᠴᠤᠤᠷᠢᠶᠠᠳᠤᠭᠤᠯᠤᠠᠨᠰᠠᠨ    ᠲᠠᠶᠢᠪᠤᠡᠭ ᠠᠮᠤᠭᠤᠯᠠᠩ ᠮᠢᠨᠦ ᠮᠠᠯᠴᠢᠨ᠃    ᠵᠣᠬᠢᠶᠠᠭᠴᠢ᠄  ᠤᠳᠬᠤᠨᠪᠠᠭᠠᠳᠤᠷ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号