ᠪᠡᠯᠭᠡ ᠦᠳᠦᠭᠡᠬᠦ ᠡᠳ᠋ ᠢ ᠠᠰᠢᠬᠯᠠᠨ ᠬᠦᠨᠦᠭᠡᠯᠳᠦ ᠰᠢᠪᠡᠵᠢ ᠶᠢ ᠭᠡᠷᠬᠢᠨ ᠦᠳᠦᠭᠡᠨ ᠠᠯᠠᠬᠤ ᠪᠤᠢ
ᠨᠡᠶᠢᠲᠡᠯᠡᠭᠰᠡᠨ ᠴᠠᠭ᠄
2022/1/18
       ᠶᠡᠭᠡ ᠭᠡᠮᠵᠢᠶ᠎ᠠ ᠪᠠᠷ ᠪᠡᠯᠭᠡ ᠶᠢᠨ ᠵᠠᠩᠬᠢ ᠡᠳ᠋ ᠲᠤ ᠪᠠᠶᠢᠷᠢᠯᠠᠭᠤᠯᠤᠬᠰᠠᠨ ᠪᠤᠶᠤ ᠵᠠᠩᠬᠢ ᠡᠳ᠋ ᠤᠨ ᠴᠤᠬᠯᠠᠭᠤᠯᠤᠬᠰᠠᠨ ᠦᠳᠦᠭᠡᠨ ᠪᠠᠷᠢᠬᠤ ᠪᠠᠭᠠᠵᠢ ᠪᠠᠷ ᠳᠠᠮᠵᠢᠭᠤᠯᠤᠨ ᠳᠠᠷᠢᠶᠠᠨ ᠳᠠᠬᠢ ᠬᠦᠨᠦᠭᠡᠯᠳᠦ ᠰᠢᠪᠡᠵᠢ ᠶᠢ ᠦᠳᠦᠭᠡᠨ ᠠᠯᠠᠨ᠎ᠠ᠃ ᠪᠡᠯᠭᠡ ᠶᠢᠨ ᠵᠠᠩᠬᠢ ᠡᠳ᠋ ᠢ ᠠᠰᠢᠭᠯᠠᠬᠤ ᠦᠶᠡᠰ ᠶᠡᠷᠦ ᠳᠡᠭᠡᠨ ᠶᠡᠭᠡ ᠭᠡᠮᠵᠢᠶᠡᠨ ᠤ ᠡᠷᠡᠭᠴᠢᠨ ᠰᠢᠪᠡᠵᠢ ᠶᠢ ᠦᠳᠦᠭᠡᠨ ᠠᠯᠠᠵᠦ᠂ ᠡᠮᠡᠭᠴᠢᠨ ᠰᠢᠪᠡᠵᠢ ᠶᠢᠨ ᠪᠡᠯᠭᠡ ᠬᠠᠷᠢᠯᠴᠠᠬᠤ ᠨᠤᠷᠮ᠎ᠠ ᠶᠢ ᠪᠠᠭᠠᠰᠬᠠᠬᠤ ᠪᠠᠷ ᠳᠠᠮᠵᠢᠨ ᠬᠦᠨᠦᠭᠡᠯᠳᠦ ᠰᠢᠪᠡᠵᠢ ᠶᠢ ᠬᠢᠵᠠᠭᠠᠷᠯᠠᠨ᠎ᠠ᠃ ᠬᠠᠳᠠᠭᠤ ᠳᠠᠯᠠᠪᠴᠢᠳᠡᠨ ᠤ ᠪᠠᠬ ᠤᠨ ᠬᠤᠷᠤᠬᠠᠢ ᠰᠢᠪᠡᠵᠢ ᠶᠢᠨ ᠴᠤᠬᠯᠠᠷᠠᠯ ᠤᠨ ᠴᠢᠨᠠᠷᠳᠠᠢ ᠵᠠᠩᠬᠢ ᠡᠳ᠋ ᠢ ᠠᠰᠢᠬᠯᠠᠨ ᠴᠤᠬᠤ ᠬᠤᠷᠤᠬᠠᠢ ᠶᠢ ᠰᠢᠭᠤᠳ ᠦᠳᠦᠭᠡᠨ ᠠᠯᠠᠵᠦ ᠪᠤᠯᠤᠨ᠎ᠠ᠃        ᠳᠠᠷᠢᠶᠠᠨ ᠳᠤ ᠰᠢᠬᠢᠷ ᠼᠤᠤ ᠶᠢᠨ ᠠᠭᠤᠰᠤᠮᠠᠯ ᠲᠠᠢ ᠤᠶᠠᠯᠳᠤᠭᠤᠯᠤᠨ 667 ᠳᠡᠭᠰᠢ ᠳᠦᠷᠪᠡᠯᠵᠢᠨ ᠮᠧᠲᠷ ᠪᠦᠷᠢ ᠵᠢᠮᠢᠰ ᠤᠨ ᠬᠦᠷᠢᠶᠡᠯᠠᠩ ᠳᠤ ᠪᠡᠯᠭᠡ ᠶᠢᠨ ᠵᠠᠩᠬᠢ ᠡᠳ᠋ ᠢᠶᠠᠷ ᠦᠳᠦᠭᠡᠬᠦ ᠫᠸᠡᠭᠰᠠ ᠡᠯᠬᠦᠵᠦ᠂ ᠦᠨᠳᠦᠷ ᠢ ᠨᠢ 1.5 ᠮᠧᠲᠷ ᠤᠷᠴᠢᠮ ᠪᠠᠶᠢᠯᠭᠠᠨ᠎ᠠ᠂ ᠳᠤᠬᠳᠠᠬᠰᠠᠨ ᠬᠤᠭᠤᠴᠠᠭ᠎ᠠ ᠲᠠᠢ ᠪᠠᠷ ᠦᠳᠦᠭᠡᠨ ᠴᠤᠬᠯᠠᠭᠤᠯᠤᠬᠰᠠᠨ ᠬᠦᠨᠦᠭᠡᠯᠳᠦ ᠰᠢᠪᠡᠵᠢ ᠶᠢ ᠴᠡᠪᠡᠷᠯᠡᠨ ᠠᠷᠢᠯᠭᠠᠵᠦ᠂ ᠦᠳᠦᠭᠡᠬᠦ ᠭᠤᠤᠯ ᠢ ᠰᠠᠷ᠎ᠠ ᠪᠦᠷᠢ ᠨᠢᠭᠡ ᠤᠳᠠᠭ᠎ᠠ ᠰᠤᠯᠢᠨ᠎ᠠ᠂ ᠵᠤᠨ ᠪᠤᠯ ᠭᠠᠷᠠᠬ ᠪᠦᠷᠢ ᠨᠢᠭᠡ ᠤᠳᠠᠭ᠎ᠠ ᠰᠤᠯᠢᠵᠦ᠂ ᠦᠳᠦᠭᠡᠬᠦ ᠫᠸᠡᠭᠰᠠᠨ ᠳᠤ ᠤᠬᠢᠶᠠᠯᠠᠭ᠎ᠠ ᠶᠢᠨ ᠨᠤᠨᠳᠠᠬ ᠲᠠᠢ ᠤᠰᠦ ᠨᠡᠮᠡᠵᠦ᠂ ᠤᠰᠤᠨ ᠭᠠᠳᠠᠷᠭᠤ ᠶᠢ ᠦᠳᠦᠭᠡᠬᠦ ᠭᠤᠤᠯ ᠠᠴᠠ ᠪᠠᠷᠤᠬ 1 ᠰᠠᠨᠲ᠋ᠢᠮᠧᠲᠷ ᠵᠠᠶᠢᠳᠠᠢ ᠪᠠᠶᠢᠯᠭᠠᠪᠠᠯ ᠵᠤᠬᠢᠨ᠎ᠠ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号