ᠰᠢᠷ᠎ᠠ ᠬᠠᠪᠲᠠᠰᠤ ᠶᠢ ᠠᠰᠢᠭᠯᠠᠨ ᠬᠦᠨᠦᠭᠡᠯᠲᠦ ᠰᠢᠪᠡᠵᠢ ᠶᠢ ᠬᠡᠷᠬᠢᠨ ᠦᠳᠦᠭᠡᠨ ᠠᠯᠠᠬᠤ ᠪᠣᠢ
ᠨᠡᠶᠢᠲᠡᠯᠡᠭᠰᠡᠨ ᠴᠠᠭ᠄
2022/1/20
         ᠣᠨᠴᠠᠭᠠᠢ ᠭᠡᠷᠡᠯ ᠤᠨ ᠵᠢᠭᠰᠠᠯ ︵ᠲᠣᠭᠲᠠᠭᠰᠠᠨ ᠳᠣᠯᠭᠢᠶᠠᠨ ᠤ ᠤᠷᠲᠦ᠂ ᠦᠩᠭᠡ︶ ᠵᠢᠴᠢ ᠣᠨᠴᠠᠭᠠᠢ ᠴᠠᠪᠠᠤᠯᠢᠭ ᠡᠳ᠋ ︵ᠰᠢᠷ᠎ᠠ ᠲᠣᠰᠤ ᠵᠡᠷᠭᠡ ᠲᠤᠰᠬᠠᠢ ᠬᠡᠷᠡᠭᠯᠡᠬᠦ ᠴᠠᠪᠠᠤᠯᠢᠭ ᠡᠳ᠋︶ ᠪᠠᠷ ᠦᠢᠯᠡᠳᠦᠭᠰᠡᠨ ᠬᠦᠨᠦᠭᠡᠯᠲᠦ ᠰᠢᠪᠡᠵᠢ ᠶᠢ ᠦᠳᠦᠭᠡᠨ ᠪᠠᠷᠢᠬᠤ ᠰᠢᠷ᠎ᠠ ᠦᠩᠭᠡᠲᠡᠢ ᠨᠢᠯᠳᠠᠭ ᠪᠠᠭᠠᠵᠢ ︵ᠳᠦᠭᠦᠮᠴᠢᠯᠡᠭᠡᠳ ᠰᠢᠷ᠎ᠠ ᠬᠠᠪᠲᠠᠰᠤ ᠭᠡᠳᠡᠭ︶  ᠨᠢ ᠹᠢᠽᠢᠺ ᠤᠨ ᠠᠷᠭ᠎ᠠ ᠪᠠᠷ ᠬᠦᠨᠦᠭᠡᠯᠲᠦ ᠰᠢᠪᠡᠵᠢ ᠶᠢ ᠦᠳᠦᠭᠡᠵᠦ ᠠᠯᠠᠳᠠᠭ᠃        ᠬᠦᠯᠡᠮᠵᠢ ᠳᠣᠲᠤᠷ᠎ᠠ ᠰᠢᠷ᠎ᠠ ᠬᠠᠪᠲᠠᠰᠤ ᠶᠢ ᠡᠯᠭᠦᠪᠡᠯ ᠪᠠᠭᠠᠷᠠᠩ ᠬᠤᠷᠤᠬᠠᠢ᠂ ᠠᠮᠧᠷᠢᠺᠠ ᠲᠢᠪ ᠤᠨ ᠲᠣᠯᠪᠤᠲᠦ ᠨᠢᠭᠤᠭᠳᠠᠮᠠᠯ ᠢᠯᠠᠭ᠎ᠠ᠂ ᠴᠠᠭᠠᠨ ᠳᠡᠯᠡᠭᠴᠢ ᠵᠡᠷᠭᠡ ᠬᠦᠨᠦᠭᠡᠯᠲᠦ ᠰᠢᠪᠡᠵᠢ ᠶᠢᠨ ᠲᠦᠷᠰᠦ ᠶᠢᠨ ᠰᠦᠷᠦᠭ ᠤᠨ ᠡᠭᠦᠰᠬᠦ ᠪᠠᠶᠢᠳᠠᠯ ᠢ ᠬᠢᠨᠠᠨ ᠬᠡᠮᠵᠢᠵᠦ᠂ ᠢᠳᠡᠰᠢᠨ ᠨᠣᠭᠤᠭ᠎ᠠ ᠶᠢᠨ ᠪᠠᠭᠠᠷᠠᠩ ᠬᠤᠷᠤᠬᠠᠢ᠂ ᠲᠣᠯᠪᠤᠲᠦ ᠨᠢᠭᠤᠭᠳᠠᠮᠠᠯ ᠢᠯᠠᠭ᠎ᠠ᠂ ᠴᠠᠭᠠᠨ ᠲᠡᠯᠡᠭᠴᠢ ᠵᠡᠷᠭᠡ ᠬᠦᠨᠦᠭᠡᠯᠲᠦ ᠰᠢᠪᠡᠵᠢ ᠶᠢ ᠪᠦᠲᠦᠮᠵᠢᠲᠡᠢ ᠰᠡᠷᠭᠡᠶᠢᠯᠡᠨ ᠵᠠᠰᠠᠵᠤ ᠴᠢᠳᠠᠬᠤ ᠮᠦᠷᠲᠡᠭᠡᠨ ᠴᠠᠭᠠᠨ ᠲᠡᠯᠡᠭᠴᠢ ᠵᠡᠷᠭᠡ ᠬᠦᠨᠦᠭᠡᠯᠲᠦ ᠰᠢᠪᠡᠵᠢ ᠶᠢᠨ ᠸᠢᠷᠦ᠋ᠰᠲᠦ ᠡᠪᠡᠳᠴᠢᠨ ᠲᠠᠷᠬᠠᠭᠠᠬᠤ ᠶᠢ ᠰᠡᠷᠭᠡᠶᠢᠯᠡᠵᠤ ᠴᠢᠳᠠᠨ᠎ᠠ᠂ ᠪᠣᠰᠤᠳ ᠰᠡᠷᠭᠡᠶᠢᠯᠡᠨ ᠵᠠᠰᠠᠬᠤ ᠠᠷᠭ᠎ᠠ ᠲᠠᠢ ᠠᠳᠠᠯᠢᠳᠬᠠᠪᠠᠯ ᠬᠤᠣᠷᠲᠦ ᠪᠣᠳᠠᠰ ᠠᠭᠤᠯᠤᠭᠳᠠᠬᠤ ᠦᠭᠡᠢ᠂ ᠪᠣᠬᠢᠷᠳᠤᠯ ᠦᠭᠡᠢ᠂ ᠠᠮᠤᠷ ᠲᠦᠪᠰᠢᠨ ᠢᠶᠠᠷ ᠣᠷᠴᠢᠨ ᠲᠤᠭᠤᠷᠢᠨ ᠢ ᠬᠠᠮᠠᠭᠠᠯᠠᠵᠤ᠂ ᠬᠡᠷᠡᠭᠯᠡᠬᠦ ᠳᠤ ᠳᠦᠭᠦᠮ᠂ ᠰᠡᠷᠭᠡᠶᠢᠯᠡᠬᠦ ᠦᠷ᠎ᠡ ᠠᠰᠢᠭ ᠰᠠᠶᠢᠨ᠂ ᠦᠪᠡᠷ ᠤᠨ ᠦᠷᠳᠡᠭ ᠲᠣᠬᠢᠷᠠᠮᠵᠢᠲᠠᠢ ᠵᠡᠷᠭᠡ ᠣᠨᠴᠠᠯᠢᠭ ᠲᠠᠢ ᠪᠠᠶᠢᠵᠤ᠂ ᠳᠡᠯᠭᠡᠷᠡᠭᠦᠯᠦᠨ ᠬᠡᠷᠡᠭᠯᠡᠬᠦ ᠳᠠᠯᠲᠠ ᠬᠦᠴᠦᠨ ᠶᠡᠭᠡ᠃        ᠠᠳᠠᠯᠢ ᠪᠤᠰᠤ ᠬᠦᠨᠦᠭᠡᠯᠲᠦ ᠰᠢᠪᠡᠵᠢ ᠶᠢ ᠦᠳᠦᠭᠡᠨ ᠠᠯᠠᠬᠤ ᠳᠤ ᠰᠢᠷ᠎ᠠ ᠬᠠᠪᠲᠠᠰᠤ ᠲᠣᠬᠢᠷᠠᠭᠤᠯᠬᠤ ᠦᠨᠳᠦᠷ ᠤᠨ ᠬᠡᠮᠵᠢᠶ᠎ᠡ ᠨᠢ ᠠᠳᠠᠯᠢ ᠪᠤᠰᠤ ᠪᠠᠶᠢᠳᠠᠭ᠃ ᠪᠠᠭᠠᠷᠠᠩ ᠬᠤᠷᠤᠬᠠᠢ ᠶᠢ ᠠᠯᠠᠬᠤ ᠳᠤ 32 ~ 40cm ᠦᠨᠳᠦᠷ ᠲᠤ ᠲᠣᠬᠢᠷᠠᠭᠤᠯᠵᠤ᠂ ᠰᠢᠷ᠎ᠠ ᠰᠤᠲᠠᠯᠲᠦ ᠦᠰᠦᠷᠦᠭᠴᠢ ᠴᠣᠬᠤ ᠪᠠ ᠲᠣᠯᠪᠤᠲᠦ ᠨᠢᠭᠤᠭᠳᠠᠮᠠᠯ ᠢᠯᠠᠭ᠎ᠠ ᠶᠢ ᠠᠯᠠᠬᠤ ᠳᠤ 4 ~ 20cm ᠦᠨᠳᠦᠷ ᠲᠤ ᠲᠣᠬᠢᠷᠠᠭᠤᠯᠤᠨ᠎ᠠ᠃ ᠢᠳᠡᠰᠢᠨ ᠨᠤᠭᠤᠭ᠎ᠠ ᠶᠢᠨ ᠲᠠᠷᠢᠶᠠᠨ ᠳᠠᠬᠢ ᠳᠠᠷᠤᠯᠭ᠎ᠠ ᠶᠢ ᠬᠠᠮᠠᠭᠠᠯᠠᠵᠤ᠂ ᠰᠢᠷ᠎ᠠ ᠬᠠᠪᠲᠠᠰᠤᠨ ᠤ ᠮᠦᠯᠵᠢᠭᠳᠡᠭᠴᠢ ᠵᠦᠭᠡᠢ ᠳᠠᠬᠢ ᠨᠦᠯᠦᠭᠡ ᠶᠢ ᠪᠠᠭᠠᠰᠬᠠᠬᠤ ᠶᠢᠨ ᠲᠦᠯᠦᠭᠡ᠂ ᠰᠢᠷ᠎ᠠ ᠬᠠᠪᠲᠠᠰᠤ ᠶᠢ 12 ~ 28cm ᠦᠨᠳᠦᠷ ᠲᠤ ᠲᠣᠬᠢᠷᠠᠭᠤᠯᠪᠠᠯ ᠬᠠᠮᠤᠭ ᠰᠠᠶᠢᠨ ᠪᠠᠶᠢᠳᠠᠭ᠃        ᠡᠯᠭᠦᠬᠦ ᠠᠷᠭ᠎ᠠ᠄ ᠡᠯᠭᠦᠬᠦ ᠦᠨᠳᠦᠷ ᠤᠨ ᠬᠡᠮᠵᠢᠶ᠎ᠡ ᠶᠢ ᠲᠠᠷᠢᠮᠡᠯ ᠤᠨ ᠣᠷᠤᠢ ᠲᠠᠢ ᠠᠳᠠᠯᠢ ᠲᠦᠪᠰᠢᠨ ᠳᠤ ᠪᠠᠶᠢᠯᠭᠠᠬᠤ ᠮᠦᠷᠲᠡᠭᠡᠨ ᠲᠠᠷᠢᠮᠠᠯ ᠤᠨ ᠤᠷᠭᠤᠯᠲᠠ ᠶᠢ ᠲᠠᠭᠠᠨ ᠦᠨᠳᠦᠷ ᠤᠨ ᠬᠡᠮᠵᠢᠶ᠎ᠡ ᠶᠢ ᠲᠣᠬᠢᠷᠠᠭᠤᠯᠤᠨ᠎ᠠ᠃        ᠠᠷᠭ᠎ᠠ ᠨᠢᠭᠡ᠄ ᠰᠦᠯᠢᠶᠣᠣ ᠳᠡᠭᠡᠰᠤ ᠪᠤᠶᠤ ᠲᠡᠮᠤᠷ ᠤᠲᠠᠰᠤᠨ ᠤ ᠨᠢᠭᠡ ᠦᠵᠦᠭᠦᠷ ᠢ ᠳᠤᠯᠠᠭᠠᠨ ᠬᠦᠯᠡᠮᠵᠢ ᠶᠢᠨ ᠣᠷᠤᠢ ᠳᠤ ᠲᠣᠭᠲᠠᠭᠠᠵᠤ᠂ ᠨᠦᠭᠦᠭᠡ ᠦᠵᠦᠭᠦᠷ ᠢ ᠨᠢ ᠰᠢᠪᠡᠵᠢ ᠪᠠᠷᠢᠬᠤ ᠬᠠᠪᠲᠠᠰᠤᠨ ᠤ ᠤᠷᠢᠳᠴᠢᠯᠠᠨ ᠦᠯᠡᠳᠡᠭᠡᠭᠰᠡᠨ ᠨᠦᠭᠡᠨ ᠠᠴᠠ ᠤᠶᠠᠨ᠎ᠠ᠃        ᠠᠷᠭ᠎ᠠ ᠬᠤᠶᠠᠷ᠄ ᠬᠤᠯᠤᠰᠤᠨ ᠡᠰᠢ ᠪᠤᠶᠤ ᠰᠢᠲᠠᠮ ᠢᠶᠠᠨ ᠭᠠᠵᠠᠷ ᠲᠤ ᠬᠠᠳᠬᠤᠨ ᠣᠷᠤᠭᠤᠯᠵᠤ᠂ ᠰᠢᠪᠡᠵᠢ ᠪᠠᠷᠢᠬᠤ ᠬᠠᠪᠲᠠᠰᠤ ᠪᠠᠨ ᠬᠤᠯᠤᠰᠤᠨ ᠡᠰᠢ ᠪᠤᠶᠤ ᠰᠢᠲᠠᠮ ᠳᠡᠭᠡᠷ᠎ᠡ ᠲᠣᠭᠲᠠᠭᠠᠨ᠎ᠠ᠃ ᠰᠢᠷ᠎ᠠ ᠬᠠᠪᠲᠠᠰᠤ ᠪᠠᠷ ᠳᠠᠯᠠᠪᠴᠢᠲᠦ ᠪᠠᠭᠠᠷᠠᠩ ᠢ ᠦᠳᠦᠭᠡᠨ ᠠᠯᠠᠬᠤ ᠳᠤ 667 ᠳᠡᠭᠰᠢ ᠲᠦᠷᠪᠡᠯᠵᠢᠨ ᠮᠧᠲᠷ ᠪᠦᠷᠢ ᠳᠤ 30 ᠬᠡᠰᠡᠭ ᠪᠠᠶᠢᠪᠠᠯ ᠦᠳᠦᠭᠡᠨ ᠠᠯᠠᠬᠤ ᠦᠷ᠎ᠡ ᠳ᠋ᠦᠩ ᠨᠢ ᠬᠠᠮᠤᠭ ᠬᠠᠨᠤᠮᠵᠢᠲᠡᠢ᠃ ᠭᠦᠨ ᠰᠢᠷ᠎ᠠ ᠦᠩᠭᠡᠲᠦ ᠰᠢᠷ᠎ᠠ ᠬᠠᠪᠲᠠᠰᠤᠨ ᠳᠡᠭᠡᠷ᠎ᠡ ᠬᠠᠲᠠᠬᠤ ᠦᠭᠡᠢ ᠨᠢᠯᠳᠠᠭ ᠡᠳ᠋ ᠲᠦᠷᠬᠢᠪᠡᠯ ᠰᠠᠶᠢᠨ᠃ ᠨᠣᠭᠤᠭ᠎ᠠ ᠶᠢᠨ ᠲᠠᠷᠢᠶᠠᠨ ᠳᠤ ᠪᠠᠭᠠᠷᠠᠩ ᠬᠤᠷᠤᠬᠠᠢ ᠬᠠᠷᠠᠬᠠᠨ ᠡᠭᠦᠰᠦᠭᠡᠳᠦᠢ ᠦᠶ᠎ᠡ ᠳᠤ ᠰᠢᠷ᠎ᠠ ᠬᠠᠪᠲᠠᠰᠤ ᠶᠢ ᠬᠠᠳᠬᠤᠪᠠᠯ ᠰᠠᠶᠢᠨ᠂ ᠰᠢᠷ᠎ᠠ ᠬᠠᠪᠲᠠᠰᠤᠨ ᠤ ᠦᠨᠳᠦᠷ ᠨᠢ ᠢᠳᠡᠰᠢᠨ ᠨᠤᠭᠤᠭ᠎ᠠ ᠶᠢᠨ ᠤᠷᠭᠤᠮᠠᠯ ᠠᠴᠠ ᠦᠨᠳᠦᠷ ᠪᠠᠶᠢᠬᠤ ᠬᠡᠷᠡᠭᠲᠡᠢ᠃ ᠬᠡᠷᠡᠭᠯᠡᠭᠡᠨ ᠤ ᠴᠢᠨᠠᠷ ᠠᠴᠠ ᠦᠵᠡᠪᠡᠯ᠂ ᠰᠢᠷ᠎ᠠ ᠬᠠᠪᠲᠠᠰᠤ ᠪᠠᠷ ᠪᠠᠭᠠᠷᠠᠩ ᠬᠤᠷᠤᠬᠠᠢ ᠶᠢ ᠦᠳᠦᠭᠡᠨ ᠠᠯᠠᠬᠤ ᠠᠷᠭ᠎ᠠ ᠨᠢ ᠨᠡᠯᠢᠶᠡᠳ ᠳᠦᠭᠦᠮ᠂ ᠰᠣᠯᠪᠢ ᠤᠯᠠᠷᠢᠯ ᠤᠨ ᠬᠦᠯᠡᠮᠵᠢ ᠶᠢᠨ ᠢᠳᠡᠰᠢᠨ ᠨᠤᠭᠤᠭ᠎ᠠ ᠶᠢᠨ ᠲᠠᠷᠢᠶᠠᠯᠠᠯ ᠳᠤ ᠲᠤᠬᠢᠷᠠᠨ᠎ᠠ᠃ ᠵᠠᠳᠠᠭᠠᠢ ᠭᠠᠵᠠᠷ ᠤᠨ ᠢᠳᠡᠰᠢᠨ ᠨᠣᠭᠤᠭ᠎ᠠ ᠶᠢᠨ ᠲᠠᠷᠢᠶᠠᠯᠠᠯ ᠠᠴᠠ ᠦᠵᠡᠪᠡᠯ᠂ ᠵᠦᠪᠬᠡᠨ ᠬᠠᠪᠤᠷ ᠪᠤᠶᠤ ᠨᠠᠮᠤᠷ ᠤᠨ ᠰᠡᠭᠦᠯᠴᠢ᠂ ᠡᠪᠦᠯ ᠤᠨ ᠡᠬᠢᠨ ᠤ ᠲᠣᠨᠤᠭᠤᠯᠵᠢᠨ ᠴᠡᠴᠡᠭ ᠤᠨ ᠢᠵᠠᠭᠤᠷ ᠤᠨ ᠢᠳᠡᠰᠢᠨ ᠨᠤᠭᠤᠭ᠎ᠠ ᠳᠤ ᠲᠤᠬᠢᠷᠠᠨ᠎ᠠ᠂ ᠤᠴᠢᠷ ᠨᠢ ᠲᠡᠷᠡ ᠦᠶ᠎ᠡ ᠳᠤ ᠴᠠᠭᠠᠨ ᠨᠤᠭᠤᠭ᠎ᠠ ᠶᠢᠨ ᠪᠠᠭᠠᠷᠠᠩ ᠬᠤᠷᠤᠬᠠᠢ ᠶᠢᠨ ᠬᠦᠨᠦᠭᠡᠯ ᠢᠶᠠᠷ ᠭᠤᠣᠯᠳᠠᠵᠤ᠂ ᠡᠭᠦᠰᠬᠦ ᠬᠡᠮᠵᠢᠶ᠎ᠡ ᠨᠢ ᠨᠡᠯᠢᠶᠡᠳ ᠶᠡᠭᠡ ᠪᠠᠶᠢᠳᠠᠭ᠃ ᠰᠢᠷ᠎ᠠ ᠬᠠᠪᠲᠠᠰᠤ ᠶᠢᠨ ᠴᠠᠭᠠᠨ ᠨᠤᠭᠤᠭ᠎ᠠ ᠶᠢᠨ ᠪᠠᠭᠠᠷᠠᠩ ᠬᠤᠷᠤᠬᠠᠢ ᠶᠢ ᠦᠳᠦᠭᠡᠵᠦ ᠠᠯᠠᠬᠤ ᠴᠢᠳᠠᠪᠤᠷᠢ ᠨᠢ ᠲᠤᠩ ᠴᠢᠩᠭ᠎ᠠ ᠪᠠᠶᠢᠳᠠᠭ᠃            ︵ᠢᠷᠡᠯᠲᠡ᠄ ᠰᠢ ᠢᠩ ᠤᠨ ᠨᠠᠶᠢᠷᠠᠭᠤᠯᠤᠭᠰᠠᠨ ︽ᠤᠷᠭᠤᠮᠠᠯ ᠤᠨ ᠡᠪᠡᠳᠴᠢᠨ ᠬᠤᠷᠤᠬᠠᠢ ᠡᠪᠡᠰᠦᠨ ᠤ ᠬᠦᠨᠦᠭᠡᠯ ᠢ ᠬᠢᠵᠠᠭᠠᠷᠯᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号