ᠦᠨᠢᠶᠡᠨ ᠤ ᠲᠤᠭᠤᠷᠠᠢ ᠢᠯᠵᠢᠷᠡᠬᠦ ᠡᠪᠡᠳᠴᠢᠨ ᠢ ᠵᠠᠰᠠᠬᠤ ᠠᠷᠭ᠎ᠠ
ᠨᠡᠶᠢᠲᠡᠯᠡᠭᠰᠡᠨ ᠴᠠᠭ᠄
2022/4/7
       ᠳᠡᠭᠡᠳᠦ ᠮᠠᠩᠭᠠᠨ ᠬᠦᠴᠢᠯ ᠤᠨ ᠺᠠᠯᠢ ᠪᠠᠷ ᠦᠨᠢᠶᠡᠨ ᠤ ᠲᠤᠭᠤᠷᠠᠢ ᠢᠯᠵᠢᠷᠡᠬᠦ ᠡᠪᠡᠳᠴᠢᠨ ᠢ ᠵᠠᠰᠠᠬᠤ ᠪᠤᠯ ᠠᠮᠠᠷᠬᠠᠨ ᠪᠦᠭᠡᠳ ᠰᠠᠶᠢᠨ ᠠᠷᠭ᠎ᠠ ᠶᠤᠮ᠃        ᠦᠨᠢᠶᠡᠨ ᠤ ᠪᠠᠨ ᠭᠡᠮ ᠲᠠᠢ ᠬᠦᠯ ᠢ ᠬᠦᠯᠢᠭᠡᠳ ᠢᠯᠵᠢᠷᠡᠭᠰᠡᠨ ᠲᠤᠭᠤᠷᠠᠢ ᠶᠢ ᠨᠢ ᠤᠰᠤ ᠪᠠᠷ ᠤᠬᠢᠶᠠᠵᠤ ᠲᠤᠭᠤᠷᠠᠢ ᠵᠠᠰᠠᠬᠤ ᠵᠢᠰᠢᠭᠦᠦ ᠢᠷ ᠲᠠᠢ ᠬᠢᠳᠤᠭ᠎ᠠ ᠪᠠᠷ ᠢᠯᠵᠢᠷᠡᠭᠰᠡᠨ ᠡᠪᠡᠷᠯᠢᠭ ᠵᠦᠭᠡᠯᠡᠨ ᠲᠤᠭᠤᠷᠠᠢ ᠶᠢ ᠨᠢ ᠦᠮᠡᠭᠡᠢ ᠬᠠᠷ᠎ᠠ ᠴᠢᠰᠤ ᠭᠠᠷᠳᠠᠯ᠎ᠠ ᠤᠬᠤᠵᠤ ᠬᠠᠶᠠᠨ᠎ᠠ᠂ ᠲᠠᠷᠠᠭ᠎ᠠ ᠨᠢ ᠲᠤᠭᠤᠷᠢᠭ ᠢᠷ ᠲᠠᠢ ᠬᠢᠳᠤᠭ᠎ᠠ ᠪᠠᠷ ᠢᠯᠵᠢᠷᠡᠭᠰᠡᠨ ᠡᠳ᠋  ᠶᠢ ᠨᠢ ᠦᠯᠡᠳᠡᠭᠡᠯ ᠦᠭᠡᠢ ᠬᠤᠰᠤᠵᠤ᠂ ᠠᠷᠢᠭᠤᠳᠬᠠᠭᠰᠠᠨ ᠬᠦᠪᠤᠩ ᠢᠶᠠᠨ ᠬᠠᠨᠤᠮᠠᠯ ᠳᠡᠭᠡᠳᠦ ᠮᠠᠩᠭᠠᠨ ᠬᠦᠴᠢᠯ ᠤᠨ ᠺᠠᠯᠢᠳᠤ ᠤᠰᠤᠨ ᠳᠤ ᠲᠦᠷᠦᠵᠦ ᠪᠠᠶᠢᠭᠠᠳ ᠰᠢᠷᠬ᠎ᠠ ᠶᠢ ᠰᠠᠶᠢᠨ ᠤᠬᠢᠶᠠᠨ᠎ᠠ᠃ ᠳᠡᠭᠡᠭᠡᠳ ᠳᠡᠭᠡᠳᠦ ᠮᠠᠩᠭᠠᠨ ᠬᠦᠴᠢᠯ  ᠤᠨ ᠺᠠᠯᠢ ᠶᠢᠨ ᠲᠠᠯᠬ᠎ᠠ ᠶᠢ ᠱᠠ ᠪᠦᠰ ᠲᠤ ᠪᠠᠭᠯᠠᠭᠠᠳ ᠰᠢᠷᠬᠠᠨ ᠳᠤᠳᠤᠷ᠎ᠠ ᠨᠢ ᠬᠢᠵᠦ ᠪᠤᠭᠤᠨ᠎ᠠ᠃ ᠪᠤᠭᠤᠯᠲᠠ ᠲᠠᠢ ᠲᠤᠭᠤᠷᠠᠢ ᠶᠢ ᠬᠠᠭᠤᠷᠠᠢ ᠪᠠᠶᠢᠯᠭᠠᠪᠠᠯ ᠨᠢᠭᠡ ᠭᠠᠷᠠᠭ ᠲᠤ ᠡᠳᠡᠭᠡᠷᠡᠴᠢᠭᠡᠨ᠎ᠡ᠃ ᠪᠦᠬᠦ ᠪᠡᠶ᠎ᠡ ᠳᠤ ᠨᠢ ᠡᠪᠡᠳᠴᠢᠨ ᠲᠠᠢ ᠰᠢᠨᠵᠢ ᠳᠡᠮᠳᠡᠭ ᠢᠯᠡᠷᠡᠪᠡᠯ ᠪᠡᠺᠲ᠋ᠧᠷᠢ ᠡᠰᠡᠷᠭᠦᠴᠡᠬᠦ ᠡᠮ ᠲᠠᠢ ᠬᠠᠮᠳᠤᠷᠠᠭᠤᠯᠤᠨ ᠬᠡᠷᠡᠭᠯᠡᠨ᠎ᠡ᠃ ᠰᠢᠷᠬ᠎ᠠ ᠨᠢ ᠬᠡᠳᠦᠷᠬᠡᠢ ᠶᠡᠭᠡ ᠪᠤᠯ ᠤᠳᠠᠭᠠᠨ ᠠᠨᠠᠵᠤ᠂ ᠬᠡᠳᠦᠷᠬᠡᠢ ᠪᠠᠭ᠎ᠠ ᠪᠤᠯ ᠢᠯᠵᠢᠷᠡᠭᠰᠡᠨ ᠬᠡᠰᠡᠭ ᠢ ᠨᠢ ᠪᠦᠷᠢᠨ ᠠᠪᠴᠤ ᠴᠢᠳᠠᠬᠤ ᠦᠭᠡᠢ ᠲᠤᠯᠠ ᠡᠮᠨᠡᠯ ᠤᠨ ᠲᠤᠰᠠ ᠳᠤᠳᠤᠷ᠎ᠠ ᠪᠤᠯᠤᠨ᠎ᠠ᠃  
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号