| | ᠭᠠᠷ ᠤᠳᠠᠰᠤ ᠨᠢ ᠬᠦᠮᠦᠰ ᠤᠨ ᠠᠮᠢᠳᠤᠷᠠᠯ ᠳᠤ ᠮᠠᠰᠢ ᠤᠯᠠᠨ ᠲᠦᠬᠦᠮ ᠨᠦᠬᠦᠴᠡᠯ ᠠᠪᠴᠢᠷᠠᠭᠰᠠᠨ | ᠪᠤᠯᠪᠠᠴᠤ ᠬᠤᠤᠷ ᠬᠦᠨᠦᠭᠡᠯ ᠨᠢ ᠴᠤ ᠪᠠᠭ᠎ᠠ ᠪᠤᠰᠤ᠃ ᠤᠶᠢᠢᠷ᠎ᠠ ᠳᠤ᠂ ᠠᠩᠭ᠍ᠯᠢ ᠶᠢᠨ ᠨᠢᠶᠦ᠋ᠺᠢᠨ ᠶᠡᠭᠡ | ᠰᠤᠷᠭᠠᠭᠤᠯᠢ ᠶᠢᠨ ᠮᠡᠳᠡᠷᠡᠯ ᠤᠨ ᠰᠠᠯᠠᠭᠠᠨ ᠤ ᠰᠤᠳᠤᠯᠭᠠᠳᠠᠳ ᠤᠨ ᠰᠡᠷᠡᠮᠵᠢᠯᠡᠬᠦᠯᠦᠭᠰᠡᠨ ᠢᠶᠠᠷ᠂ ᠭᠠᠷ ᠤᠳᠠᠰᠤ | ᠦᠷᠬᠦᠯᠵᠢ ᠨᠠᠭᠠᠳᠪᠠᠯ ᠬᠦᠮᠦᠨ ᠤ ᠳᠠᠷᠢᠬᠢ ᠬᠦᠳᠡᠯᠬᠦ ᠨᠢ ᠤᠳᠠᠭᠠᠯᠢᠭ ᠪᠤᠯᠳᠠᠭ᠃ ᠳᠤᠰᠬᠠᠢ ᠮᠡᠷᠭᠡᠵᠢᠯᠳᠡᠳ ᠤᠨ | ᠦᠵᠡᠬᠦ ᠪᠠᠷ᠂ ᠲᠡᠭᠡᠳᠦ ᠲᠧᠭᠨᠢᠢᠡ ᠮᠡᠷᠭᠡᠵᠢᠯ ᠤᠨ ᠦᠢᠯᠡᠳᠬᠦᠨ ᠢ ᠦᠷᠭᠡᠨ ᠢᠶᠠᠷ ᠭᠡᠷᠡᠭᠯᠡᠬᠦ ᠶᠢ ᠳᠠᠭᠠᠯᠳᠤᠨ᠂ | ᠤᠳᠤ ᠶᠢᠨ ᠨᠢᠭᠡ ᠦᠶ᠎ᠡ ᠶᠢᠨ ᠬᠢᠨ ᠤᠯᠠᠮ ᠠᠴᠠ ᠤᠯᠠᠮ ᠳᠤᠰᠭᠠᠷ ᠠᠰᠠᠭᠤᠳᠠᠯ ᠰᠢᠢᠳᠪᠦᠷᠢᠯᠡᠬᠦ ᠪᠠ ᠮᠡᠳᠡᠯᠭᠡ | ᠬᠤᠷᠠᠮᠳᠤᠭᠤᠯᠬᠤ ᠭᠡᠷᠡᠭ ᠦᠭᠡᠢ ᠪᠤᠯᠤᠭᠰᠠᠨ᠂ ᠭᠠᠷ ᠤᠳᠠᠰᠤ ᠶᠡᠭᠡᠩᠭᠡᠢ ᠶᠢ ᠨᠢ ᠬᠠᠮᠵᠢᠭᠠᠳ ᠰᠢᠢᠳᠪᠦᠷᠢᠯᠡᠴᠢᠭᠡᠨᠡ᠃ | ᠶᠠᠬ ᠡᠶᠢᠮᠦ ᠠᠴᠠ᠂ ᠶᠡᠭᠡ ᠳᠠᠷᠢᠬᠢᠨ ᠤ ᠴᠢᠳᠠᠪᠬᠢ ︽ᠭᠡᠷᠡᠭᠯᠡᠪᠡᠯ ᠬᠦᠭᠵᠢᠵᠦ ᠭᠡᠷᠡᠭᠯᠡᠬᠦ ᠦᠭᠡᠢ ᠪᠤᠯ ᠮᠠᠭᠤᠳᠠᠳᠠᠭ︾ | ᠵᠠᠷᠴᠢᠮ ᠢᠶᠠᠷ ᠴᠡᠭᠡᠵᠢᠯᠡᠬᠦ ᠴᠢᠳᠠᠪᠤᠷᠢ ᠵᠡᠷᠭᠡ ᠴᠢᠳᠠᠪᠬᠢ ᠴᠦᠮ ᠮᠠᠭᠤᠳᠠᠬᠤ ᠶᠤᠮ᠃ ᠮᠡᠷᠭᠡᠵᠢᠯ ᠳᠤ ᠲᠦᠰᠢᠭᠯᠡᠨ | ᠰᠤᠷᠠᠭ ᠵᠠᠩᠬᠢ ᠤᠯᠬᠤ ᠨᠢ ᠦᠵᠡᠬᠦ ᠳᠤ ᠬᠤᠬᠢᠷᠠᠯ ᠪᠤᠯᠬᠤ ᠦᠭᠡᠢ ᠪᠤᠯᠪᠠᠴᠤ ᠦᠨᠡᠨᠳᠡᠭᠡᠨ ᠬᠦᠮᠦᠰ ᠤᠨ ᠡᠳᠦᠷ | ᠳᠤᠳᠤᠮ ᠤᠨ ᠪᠤᠳᠤᠯᠢᠶᠠᠨᠳᠠᠢ ᠠᠰᠠᠭᠤᠳᠠᠯ ᠤᠨ ᠳᠤᠬᠠᠢ ᠤᠶᠢᠢᠯᠠᠭᠠᠯᠳᠠ ᠳᠠᠨᠢᠬᠤᠢ ᠶᠢ ᠬᠦᠨᠳᠦ ᠨᠤᠴᠢᠳᠠᠢ | ᠨᠦᠯᠦᠭᠡᠯᠡᠵᠦ ᠪᠠᠶᠢᠳᠠᠭ ᠭᠡᠵᠦ ᠳᠤᠰᠬᠠᠢ ᠮᠡᠷᠭᠡᠵᠢᠯᠳᠡᠳ ᠵᠢᠭᠠᠵᠤ ᠭᠠᠷᠭᠠᠵᠠᠢ᠃ | |