ᠬᠦᠨᠤᠭᠡᠯᠳᠣ ᠰᠢᠪᠠᠵᠢ ᠶᠢᠨ ᠲᠠᠷᠤᠯᠭ᠎ᠠ ᠳᠤ ᠶᠠᠮᠠᠷ ᠲᠦᠷᠦᠯ ᠵᠦᠢᠯ ᠪᠠᠶᠢᠬᠤ ᠪᠤᠢ
ᠨᠡᠶᠢᠲᠡᠯᠡᠭᠰᠡᠨ ᠴᠠᠭ᠄
2022/7/28
    ᠬᠦᠨᠤᠭᠡᠯᠳᠣ ᠰᠢᠪᠠᠵᠢ ᠪᠦᠷᠢ ᠨᠢ ᠪᠦᠷ ᠨᠢᠭᠡ ᠵᠦᠢᠯ ᠪᠤᠶᠣ ᠬᠡᠳᠣᠨ ᠵᠦᠢᠯ ᠤᠨ ᠲᠠᠷᠤᠯᠭ᠎ᠠ ᠲᠠᠢ ᠪᠠᠶᠢᠵᠤ᠂ ᠬᠦᠨᠤᠭᠡᠯᠳᠣ ᠰᠢᠪᠠᠵᠢ ᠶᠢᠨ ᠶᠡᠭᠡ ᠬᠡᠮᠵᠢᠶ᠎ᠡ ᠪᠠᠷ ᠦᠷᠡᠵᠢᠬᠦ ᠶᠢ ᠪᠦᠳᠣᠮᠵᠢᠲᠡᠢ ᠬᠤᠷᠢᠭᠠᠳᠠᠭ᠃ ᠤᠳᠤᠬᠠᠨ ᠳᠤ ᠠᠮᠢᠳᠣ ᠪᠤᠳᠠᠰ ᠢᠶᠠᠷ ᠰᠡᠷᠭᠡᠶᠢᠯᠡᠨ ᠵᠠᠰᠠᠬᠤ ᠶᠢᠨ ᠠᠮᠢᠳᠣ ᠪᠤᠳᠠᠰ ᠢ ᠲᠡᠭᠦᠨ ᠤ ᠰᠢᠪᠠᠵᠢ ᠤᠰᠠᠳᠬᠠᠬᠤ ᠠᠷᠭ᠎ᠠ ᠮᠠᠶ᠋ᠢᠭ  ᠢᠶᠠᠷ ᠨᠢ ᠭᠤᠷᠪᠠᠨ ᠲᠦᠷᠦᠯ ᠳᠤ ᠬᠤᠪᠢᠶᠠᠳᠠᠭ᠃    1. ᠢᠳᠡᠰᠢᠯᠡᠬᠦ ᠴᠢᠨᠠᠷᠲᠠᠢ ᠠᠮᠢᠳᠣ ᠪᠤᠳᠠᠰ᠂ ᠡᠭᠦᠨ ᠳᠤ ᠲᠠᠯ᠎ᠠ ᠶᠢᠨ ᠦᠷᠦᠮ᠎ᠡ ᠬᠤᠯᠠᠭᠠᠶᠢᠴᠢ᠂ ᠰᠢᠭᠦᠷ ᠬᠤᠷᠤᠬᠠᠢ᠂ ᠠᠭᠠᠯᠵᠢ᠂ ᠮᠡᠯᠡᠬᠡᠢ᠂ ᠪᠠᠬ᠎ᠠ ᠵᠢᠴᠢ ᠮᠠᠰᠢ ᠤᠯᠠᠨ ᠰᠢᠪᠠᠵᠢ ᠢᠳᠡᠳᠡᠭ ᠠᠰᠢᠭᠳᠣ ᠰᠢᠪᠠᠭᠤ ᠪᠠᠭᠳᠠᠨ᠎ᠠ᠃    2. ᠬᠤᠪᠢᠯᠵᠠᠨ ᠠᠮᠢᠳᠤᠷᠠᠬᠤ ᠴᠢᠨᠠᠷᠲᠠᠢ ᠠᠮᠢᠳᠣ ᠪᠤᠳᠠᠰ᠂ ᠡᠭᠦᠨ ᠳᠤ ᠬᠤᠪᠢᠯᠵᠠᠨ ᠵᠦᠭᠡᠢ  ᠂ ᠬᠤᠪᠢᠯᠵᠠᠨ ᠢᠯᠠᠭ᠎ᠠ ᠵᠡᠷᠭᠡ ᠪᠠᠭᠲᠠᠨ᠎ᠠ᠂    3. ᠡᠪᠡᠳᠴᠢᠨ ᠡᠭᠦᠰᠭᠡᠭᠴᠢ ᠮᠢᠺᠷᠤᠪ᠂ ᠡᠭᠦᠨ ᠳᠤ ᠴᠦᠷᠢᠩ ᠤᠨ ᠰᠠᠪᠬᠠᠨ ᠪᠠᠺᠲ᠋ᠧᠷᠢ᠂ ᠴᠠᠭᠠᠨ ᠬᠦᠰᠢᠭᠡᠭᠴᠢ ᠬᠦᠭᠡᠴᠤ ᠵᠡᠷᠭᠡ ᠪᠠᠭᠲᠠᠨ᠎ᠠ᠃ ᠮᠠᠨ ᠤ ᠤᠯᠤᠰ ᠲᠤ ᠤᠯᠠᠭᠠᠨ ᠰᠢᠭᠦᠷ ᠬᠤᠷᠤᠬᠠᠢ ᠶᠢ ᠠᠰᠢᠭᠯᠠᠨ ᠵᠦᠷᠵᠢ ᠶᠢᠨ ᠬᠦᠨᠤᠭᠡᠯᠳᠣ ᠰᠢᠪᠠᠵᠢ ᠶᠢ ᠰᠡᠷᠭᠡᠶᠢᠯᠡᠨ ᠵᠠᠰᠠᠵᠤ᠂ ᠴᠠᠭᠠᠨ ᠬᠦᠰᠢᠭᠡᠭᠴᠢ ᠬᠦᠭᠡᠴᠤ   ᠶᠢ ᠠᠰᠢᠭᠯᠠᠨ ᠪᠤᠷᠴᠠᠭ ᠤᠨ ᠪᠤᠷᠭᠤᠢ ᠬᠤᠷᠤᠬᠠᠢ ᠪᠠ ᠡᠷᠳᠡᠨᠢ ᠰᠢᠰᠢ ᠶᠢᠨ ᠮᠢᠩ ᠡᠷᠪᠡᠬᠡᠢ ᠶᠢ ᠰᠡᠷᠭᠡᠶᠢᠯᠡᠨ ᠵᠠᠰᠠᠵᠤ᠂ ᠰᠢᠷ᠎ᠠ ᠵᠢᠵᠢᠭ ᠵᠦᠭᠡᠢ ᠶᠢ ᠠᠰᠢᠭᠯᠠᠨ ᠨᠢᠰᠢᠩᠬᠦ ᠶᠢᠨ ᠮᠢᠩ ᠡᠷᠪᠡᠬᠡᠢ ᠵᠡᠷᠭᠡ ᠶᠢ ᠰᠡᠷᠭᠡᠶᠢᠯᠡᠨ ᠵᠠᠰᠠᠭᠠᠨᠳ ᠠᠮᠵᠢᠯᠲᠠ ᠤᠯᠤᠭᠰᠠᠨ ᠪᠠᠶᠢᠨ᠎ᠠ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号