ᠤᠯᠠᠭᠠᠨᠬᠦᠦ ᠲᠡᠷᠢᠭᠦᠯᠡᠭᠴᠢ ᠸᠠᠩ ᠤᠨ ᠰᠦᠮ᠎ᠡ ᠳᠤ ᠢᠷᠡᠯ᠎ᠡ
ᠨᠡᠶᠢᠲᠡᠯᠡᠭᠰᠡᠨ ᠴᠠᠭ᠄
2023/2/27
       1947 ᠣᠨ ᠤ 2 ᠰᠠᠷ᠎ᠠ ᠶᠢᠨ 11 ᠤ ᠡᠳᠦᠷ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠦᠳᠡᠯᠭᠡᠭᠡᠨ ᠤ ᠬᠤᠯᠪᠤᠭᠠᠲᠤ ᠬᠤᠷᠠᠯ ᠤᠨ ᠲᠡᠷᠢᠭᠦᠯᠡᠭᠴᠢ ᠤᠯᠠᠭᠠᠨᠬᠦᠦ ︵ᠶᠦᠨ ᠽᠧ︶᠂ ᠪᠠᠷᠠᠭᠤᠨ ᠮᠣᠩᠭᠤᠯ ᠤᠨ ᠭᠦᠢᠴᠡᠳᠭᠡᠬᠦ ᠭᠡᠰᠢᠭᠦᠨ ᠂ ᠪᠠᠷᠠᠭᠤᠨ ᠮᠣᠩᠭᠤᠯ ᠤᠨ ᠡᠯ᠎ᠡ ᠭᠠᠵᠠᠷ ᠤᠨ ᠬᠠᠷᠢᠭᠤᠴᠠᠯᠭᠠᠲᠠᠨ ᠵᠡᠷᠭᠡ ᠳᠦᠴᠢᠭᠡᠳ ᠬᠦᠮᠦᠨ ᠢ ᠳᠠᠭᠠᠭᠤᠯᠤᠨ᠂ ᠯᠢᠨ ᠳ᠋ᠥᠩ ᠠᠴᠠ ᠮᠣᠷᠳᠠᠵᠤ ᠪᠠᠶᠢᠴᠧᠩ ᠢ ᠳᠠᠭᠠᠷᠢᠨ 14 ᠤ ᠡᠳᠦᠷ ᠲᠤᠰᠬᠠᠢ ᠲᠡᠷᠭᠡ ᠪᠠᠷ ᠠᠮᠤᠷ ᠮᠡᠨᠳᠦ ᠪᠠᠷ ᠸᠠᠩ ᠤᠨ ᠰᠦᠮ᠎ᠡ ︵ᠤᠯᠠᠭᠠᠨᠬᠤᠲᠠ︶ ᠳᠤ ᠢᠷᠡᠯ᠎ᠡ᠃ ᠪᠠᠶᠢᠴᠧᠩ ᠠᠴᠠ ᠸᠠᠩ ᠤᠨ ᠰᠦᠮ᠎ᠡ ᠬᠦᠷᠬᠦ ᠵᠠᠭᠤ ᠨᠠᠶᠠᠨ ᠭᠠᠵᠠᠷ ᠤᠨ ᠲᠡᠮᠦᠷ ᠵᠠᠮ ᠳᠠᠭᠠᠤ᠂ ᠵᠡᠭᠦᠨ ᠮᠣᠩᠭᠤᠯ ᠤᠨ ᠠᠷᠠᠳ ᠤᠨ ᠥᠪᠡᠷ ᠢ ᠪᠠᠨ ᠬᠠᠮᠠᠭᠠᠯᠠᠬᠤ ᠴᠡᠷᠢᠭ ᠲᠠᠰᠤᠷᠠᠯᠲᠠ ᠦᠭᠡᠢ᠂ ᠥᠷᠯᠦᠭ ᠮᠣᠩᠭᠤᠯ ᠤᠨ ᠪᠠᠭᠠᠲᠤᠷ ᠳᠦᠷᠢ ᠪᠠᠷ ᠤᠯᠠᠭᠠᠨᠬᠦᠦ ᠶᠢᠨ ᠲᠤᠰᠬᠠᠢ ᠲᠡᠷᠭᠡ ᠵᠦᠭ ᠶᠣᠰᠤᠯᠠᠵᠤ ᠪᠠᠶᠢᠪᠠ᠃ ᠡᠨᠡ ᠡᠳᠦᠷ ᠲᠡᠭᠷᠢ ᠬᠦᠢᠲᠡᠨ᠂ ᠴᠠᠰᠤ ᠵᠤᠵᠠᠭᠠᠨ᠃ ᠭᠡᠲᠡᠯ᠎ᠡ ᠤᠯᠠᠭᠠᠨᠬᠦᠦ ᠲᠡᠷᠢᠭᠦᠯᠡᠭᠴᠢ ᠶᠢ ᠬᠠᠯᠠᠭᠤᠨ ᠢᠶᠠᠷ ᠤᠭᠲᠤᠬᠤ ᠪᠠᠷ ᠢᠷᠡᠭᠰᠡᠨ ᠸᠠᠩ  ᠤᠨ ᠰᠦᠮ᠎ᠡ ᠶᠢᠨ ᠡᠯ᠎ᠡ ᠡᠲᠡᠭᠡᠳ ᠤᠨ ᠮᠢᠩᠭ᠎ᠠ ᠭᠠᠷᠤᠢ ᠬᠥᠮᠦᠰ ᠤᠨ ᠨᠢᠭᠤᠷ ᠲᠤᠨᠢ ᠪᠠᠶᠠᠷ ᠤᠨ ᠢᠨᠢᠶᠡᠳᠦ ᠪᠢᠯᠬᠠᠵᠤ᠂ ᠨᠢᠳᠦᠨ ᠳᠤᠨᠢ ᠪᠠᠶᠠᠷ ᠤᠨ ᠴᠤᠭ ᠬᠢᠯᠠᠯᠵᠠᠨ᠎ᠠ᠃        ᠭᠠᠯᠲᠤ ᠲᠡᠷᠭᠡ ᠠᠭᠠᠵᠢᠮ ᠢᠶᠠᠷ ᠲᠡᠷᠭᠡ ᠶᠢᠨ ᠦᠷᠲᠡᠭᠡ ᠣᠷᠤᠬᠤ ᠳᠤ᠂ ᠵᠠᠭᠦᠨ ᠮᠣᠩᠭᠤᠯ ᠤᠨ ᠶᠡᠷᠦᠩᠬᠡᠢ ᠬᠤᠪᠢᠶᠠᠷᠢ ᠬᠤᠷᠠᠯ ᠤᠨ ᠬᠢᠨ ᠪᠠ ᠬᠢᠩᠭᠠᠨ ᠮᠣᠵᠢ ᠶᠢᠨ ᠡᠯ᠎ᠡ ᠱᠠᠲᠤᠨ ᠤ ᠣᠳᠤᠷᠢᠳᠬᠤ ᠺᠠᠳ᠋ᠷ ᠲᠡᠷᠭᠡ ᠶᠢᠨ ᠵᠣᠭᠰᠤᠭᠠᠯ  ᠠᠴᠠ ᠤᠭᠲᠤᠨ ᠠᠪᠴᠠᠢ᠃ ᠵᠡᠭᠦᠨ ᠮᠣᠩᠭᠤᠯ ᠤᠨ ᠶᠡᠷᠦᠩᠬᠡᠢ ᠬᠤᠪᠢᠶᠠᠷᠢ ᠬᠤᠷᠠᠯ ᠤᠨ ᠡᠷᠬᠢᠯᠡᠭᠴᠢ ᠬᠠᠹᠦ᠋ᠩᠭ᠎ᠠ ᠲᠡᠷᠭᠡ ᠶᠢᠨ ᠦᠷᠲᠡᠭᠡ ᠳᠤ ᠶᠠᠷᠢᠶ᠎ᠠ ᠲᠠᠯᠪᠢᠵᠤ᠂ ᠤᠯᠠᠭᠠᠨᠬᠦᠦ ᠲᠡᠷᠢᠭᠦᠯᠡᠭᠴᠢ ᠸᠠᠩ ᠤᠨ ᠰᠦᠮ᠎ᠡ ᠳᠤ ᠢᠷᠡᠭᠰᠡᠨ ᠢ ᠬᠠᠯᠠᠭᠤᠨ ᠢᠶᠠᠷ ᠤᠭᠲᠤᠵᠠᠢ᠃       ᠤᠯᠠᠭᠠᠨᠬᠦᠦ ᠲᠡᠷᠢᠭᠦᠯᠡᠭᠴᠢ ᠵᠡᠷᠭᠡ ᠨᠢᠭᠡ ᠪᠦᠯᠦᠭ ᠬᠥᠮᠦᠰ ᠲᠡᠷᠭᠡ ᠶᠢᠨ ᠦᠷᠲᠡᠭᠡ ᠠᠴᠠ ᠠᠯᠬᠤᠨ ᠭᠠᠷᠬᠤ ᠳᠤ ᠵᠠᠮ  ᠤᠨ ᠬᠤᠶᠠᠷ ᠬᠠᠵᠠᠭᠤ ᠪᠠᠷ ᠤᠯᠠᠭᠠᠨᠬᠦᠦ ᠶᠢ ᠤᠭᠲᠤᠬᠤ ᠪᠠᠷ ᠢᠷᠡᠭᠰᠡᠨ ᠴᠡᠷᠢᠭ ᠠᠷᠠᠳ ᠶᠣᠰᠤᠯᠠᠯ ᠤᠨ ᠫᠤᠤ ᠶᠢᠨ ᠳᠠᠭᠤᠨ  ᠳᠤ ︽ᠬᠠᠯᠠᠭᠤᠨ ᠢᠶᠠᠷ ᠤᠭᠲᠤᠶ᠎ᠠ︾᠂ ︽ᠬᠠᠯᠠᠭᠤᠨ ᠢᠶᠠᠷ ᠤᠭᠲᠤᠶ᠎ᠠ︾ ᠭᠡᠵᠦ ᠤᠷᠢᠶ᠎ᠠ ᠯᠣᠽᠥ᠋ᠩ ᠬᠠᠰᠬᠢᠷᠴᠦ ᠪᠠᠶᠢᠯ᠎ᠠ᠃        15 ᠤ ᠡᠳᠦᠷ᠂ ᠵᠡᠭᠦᠨ ᠮᠣᠩᠭᠤᠯ ᠤᠨ ᠶᠡᠷᠦᠩᠬᠡᠢ ᠬᠤᠪᠢᠶᠠᠷᠢ ᠬᠤᠷᠠᠯ᠂ ᠬᠢᠩᠭᠠᠨ ᠮᠣᠵᠢ᠂ ᠸᠠᠩ ᠤᠨ ᠰᠦᠮ᠎ᠡ  ᠶᠢᠨ ᠡᠯ᠎ᠡ ᠳᠠᠪᠬᠤᠷᠭᠠᠨ ᠤ ᠬᠢᠨ ᠪᠠ ᠮᠢᠩᠭ᠎ᠠ ᠭᠠᠷᠤᠢ ᠺᠠᠳ᠋ᠷ ᠥᠪᠡᠳᠡᠭᠰᠢ ᠶᠡᠭᠡ ᠤᠭᠲᠤᠯᠭ᠎ᠠ ᠶᠢᠨ ᠬᠤᠷᠠᠯ ᠬᠢᠵᠡᠢ᠃ ᠵᠡᠭᠦᠨ ᠮᠣᠩᠭᠤᠯ ᠤᠨ ᠶᠡᠷᠦᠩᠬᠡᠢ ᠬᠤᠪᠢᠶᠠᠷᠢ ᠬᠤᠷᠠᠯ ᠤᠨ ᠡᠷᠬᠢᠯᠡᠭᠴᠢ ᠬᠠᠹᠦ᠋ᠩᠭ᠎ᠠ ᠶᠡᠭᠡ ᠬᠤᠷᠠᠯ ᠢ ᠡᠷᠬᠢᠯᠡᠨ ᠤᠭᠲᠤᠯᠭ᠎ᠠ ᠶᠢᠨ ᠦᠬᠡ ᠬᠡᠯᠡᠪᠡ᠃ ᠲᠡᠷᠡ ᠬᠡᠯᠡᠭᠰᠡᠨ ᠨᠢ᠄ ︽ᠥᠩᠭᠡᠷᠡᠭᠰᠡᠨ ᠳᠤ᠂ ᠵᠡᠭᠦᠨ ᠪᠠᠷᠠᠭᠤᠨ ᠮᠣᠩᠭᠤᠯ ᠤᠨ ᠠᠷᠠᠳ ᠲᠦᠮᠡᠨ᠂ ᠶᠠᠫᠣᠨ ᠡᠵᠡᠷᠬᠡᠭ ᠲᠦᠷᠢᠮᠡᠬᠡᠶᠢᠲᠡᠨ ᠤ ᠳᠠᠷᠤᠯᠠᠯ ᠢ ᠡᠰᠡᠷᠭᠦᠴᠡᠬᠦ ᠴᠢᠯᠦᠭᠡᠯᠡᠯᠲᠡ ᠶᠢᠨ ᠲᠡᠮᠡᠴᠡᠯ ᠳᠤ ᠬᠠᠷᠢᠯᠴᠠᠨ ᠬᠤᠯᠪᠤᠭ᠎ᠠ ᠦᠭᠡᠢ ᠪᠣᠯᠪᠠᠴᠤ ᠵᠣᠷᠢᠯᠭ᠎ᠠ ᠨᠢ ᠮᠦᠨ ᠴᠦ ᠨᠢᠭᠡ ᠯᠡ ᠶᠤᠮ᠃ ᠡᠭᠦᠨ ᠠᠴᠠ ᠬᠤᠶᠢᠰᠢ ᠪᠢᠳᠡ ᠤᠯᠠᠭᠠᠨᠬᠦᠦ ᠲᠡᠷᠢᠭᠦᠯᠡᠭᠴᠢ  ᠶᠢᠨ ᠤᠳᠤᠷᠢᠳᠤᠯᠭ᠎ᠠ ᠶᠢᠨ ᠳᠣᠣᠷ᠎ᠠ᠂ ᠭᠡᠷᠡᠯ ᠰᠠᠴᠤᠷᠠᠩᠭᠤᠢ ᠵᠥᠪ ᠣᠨᠤᠪᠴᠢᠲᠠᠢ ᠱᠣᠭᠤᠮ ᠢᠶᠠᠷ ᠪᠥᠯᠬᠦᠮᠳᠡᠯ ᠨᠢᠭᠡᠲᠡᠢ ᠬᠠᠳᠠᠭᠤᠵᠢᠯᠲᠠᠢ ᠲᠡᠮᠡᠴᠡᠶ᠎ᠡ ᠁︾ ᠭᠡᠵᠡᠢ᠃        ᠤᠭᠲᠤᠯᠭ᠎ᠠ ᠶᠢᠨ ᠬᠤᠷᠠᠯ ᠳᠤ᠂ ᠤᠯᠠᠭᠠᠨᠬᠦᠦ ᠲᠠᠷᠢᠭᠦᠯᠡᠭᠴᠢ ᠪᠠᠰᠠ ᠣᠷᠮ᠎ᠠ ᠵᠣᠷᠢᠭ ᠲᠠᠢ  ᠦᠭᠡ ᠬᠡᠯᠡᠪᠡ᠃ ᠲᠡᠷᠡ ᠬᠡᠯᠡᠭᠰᠡᠨ ᠨᠢ᠄ ︽ᠵᠡᠭᠦᠨ ᠮᠣᠩᠭᠤᠯ ᠤᠨ ᠡᠯ᠎ᠡ ᠲᠠᠯ᠎ᠠ ᠶᠢᠨ ᠠᠵᠢᠯ ᠡᠷᠲᠡᠨ ᠠᠴᠠ ᠪᠠᠨ ᠶᠡᠭᠡ ᠠᠮᠵᠢᠯᠲᠠ ᠣᠯᠵᠠᠢ᠃ ᠡᠨᠡ ᠪᠣᠯ ᠵᠡᠭᠦᠨ ᠮᠣᠩᠭᠤᠯ ᠤᠨ ᠡᠯ᠎ᠡ ᠱᠠᠲᠤᠨ ᠤ ᠤᠳᠤᠷᠢᠳᠤᠯᠭ᠎ᠠ ᠪᠣᠯᠤᠨ ᠥᠷᠭᠡᠨ ᠣᠯᠠᠨ ᠵᠠᠯᠠᠭᠤᠴᠤᠳ ᠤᠨ ᠬᠠᠮᠲᠤ ᠶᠢᠨ ᠴᠢᠷᠮᠠᠶᠢᠯᠭ᠎ᠠ ᠮᠦᠨ᠃ ᠵᠠᠯᠠᠭᠤᠴᠤᠳ ᠪᠣᠯ ᠬᠤᠪᠢᠰᠬᠠᠯ ᠤᠨ ᠭᠤᠤᠯ ᠬᠦᠴᠦᠨ ᠪᠣᠯᠬᠤ ᠶᠢ ᠥᠪᠦᠷ ᠮᠣᠩᠭᠤᠯ ᠤᠨ ᠲᠡᠦᠬᠡ ᠡᠷᠲᠡᠨ ᠠᠴᠠ ᠭᠡᠷᠡᠴᠢᠯᠡᠵᠡᠢ᠃ ᠥᠪᠦᠷ ᠮᠣᠩᠭᠤᠯ ᠤᠨ ᠴᠢᠯᠦᠭᠡᠯᠡᠯᠲᠡ ᠶᠢᠨ ᠲᠡᠮᠡᠴᠡᠯ ᠤᠨ ᠱᠣᠭᠤᠮ ᠨᠢ ᠳᠠᠷᠤᠢ ᠮᠠᠤ ᠽᠧ ᠳ᠋ᠥᠩ ᠤᠨ ᠦᠵᠡᠯ ᠰᠠᠨᠠᠭᠠᠨ ᠤ ᠦᠨᠳᠦᠰᠦᠲᠡᠨ ᠤ ᠲᠦᠷᠦ ᠶᠢᠨ ᠪᠣᠳᠤᠯᠭ᠎ᠠ ᠪᠠ ᠤᠯᠤᠰ ᠲᠦᠷᠦ ᠶᠢᠨ ᠬᠦᠲᠦᠯᠪᠦᠷᠢ ᠶᠢ ᠵᠡᠪᠡᠯ ᠡᠷᠡᠰ ᠢᠶᠠᠷ ᠲᠤᠤᠱᠯᠠᠭᠤᠯᠤᠨ ᠬᠡᠷᠡᠭᠵᠢᠭᠦᠯᠵᠦ᠂ ᠥᠪᠦᠷ ᠮᠣᠩᠭᠤᠯ ᠤᠨ ᠡᠯ᠎ᠡ ᠳᠠᠪᠬᠤᠷᠭ᠎ᠠ ᠶᠢᠨ ᠬᠦᠴᠦᠨ ᠲᠠᠢ ᠪᠦᠯᠬᠦᠮᠳᠡᠵᠦ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠶᠢ ᠲᠠᠭᠠᠨ᠂ ᠭᠠᠭᠴᠠᠬᠦ ᠢᠩᠬᠢᠪᠡᠯ ᠰᠠᠶ᠋ᠢ ᠥᠪᠦᠷ ᠮᠣᠩᠭᠤᠯ ᠤᠨ ᠬᠤᠪᠢᠰᠬᠠᠯ ᠤᠨ ᠲᠣᠶᠢᠯᠪᠤᠷᠢᠲᠠᠢ ᠢᠯᠠᠯᠲᠠ ᠶᠢ ᠣᠯᠵᠤ ᠴᠢᠳᠠᠨ᠎ᠠ ᠁︾ ᠤᠯᠠᠭᠠᠨᠬᠦᠦ ᠲᠡᠷᠢᠭᠦᠯᠡᠭᠴᠢ ᠦᠭᠡ ᠬᠡᠯᠡᠵᠦ ᠪᠠᠷᠠᠭᠰᠠᠨ ᠤ ᠳᠠᠷᠠᠭ᠎ᠠ᠂ ᠬᠤᠷᠠᠯ ᠤᠨ ᠲᠠᠯᠠᠪᠠᠢ ᠳᠤ ᠪᠠᠶᠠᠷ ᠪᠠᠭ᠋ᠠᠳᠤᠯ ᠢᠶᠠᠷ ᠪᠢᠯᠬᠠᠮ᠎ᠠ ᠪᠣᠯᠵᠤ᠂ ᠯᠣᠽᠥ᠋ᠩ ᠬᠠᠰᠬᠢᠷᠬᠤ᠂ ᠠᠯᠠᠭ᠎ᠠ ᠲᠠᠰᠢᠬᠤ ᠳᠠᠭᠤᠨ ᠥᠷᠭᠦᠯᠵᠢᠯᠡᠨ ᠠᠷᠪᠠᠨ ᠬᠡᠳᠦᠨ ᠮᠢᠨᠦ᠋ᠲ ᠪᠣᠯᠵᠠᠢ᠃                        ︵ᠮᠣᠩᠭᠤᠯᠬᠦᠦ ᠡᠮᠬᠢᠳᠬᠡᠪᠡ︶
 
ᠢᠷᠡᠯᠲᠡ᠄ ︽ᠬᠢᠩᠭᠠᠨ ᠤ ᠬᠤᠪᠢᠰᠬᠠᠯᠲᠤ ᠲᠡᠦᠬᠡᠨ ᠶᠠᠷᠢᠶ᠎ᠠ︾ ︵ᠨᠢᠭᠡᠳᠦᠭᠡᠷ ᠪᠣᠳᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号