| ᠬᠢᠩᠭᠠᠨ ᠵᠠᠬᠢᠷᠭ᠎ᠠ ᠠᠯᠪᠠᠨ ᠲᠠᠷᠬᠠᠭᠠᠭᠰᠠᠨ ﹇2022﹈ 68 ᠳ᠋ᠤᠭᠠᠷ ᠲᠣᠭᠠᠲᠤ ᠡᠯ᠎ᠡ ᠬᠤᠰᠢᠭᠤ ᠰᠢᠶᠠᠨ | ᠬᠤᠲᠠ ᠶᠢᠨ ᠠᠷᠠᠳ ᠤᠨ ᠵᠠᠰᠠᠭ ᠤᠨ ᠣᠷᠳᠣᠨ᠂ ᠠᠶᠢᠮᠠᠭ ᠤᠨ ᠰᠢᠭᠤᠳ ᠬᠠᠷᠢᠶ᠎ᠠ ᠡᠯ᠎ᠡ ᠵᠥᠪᠯᠡᠯ᠂ ᠠᠯᠪᠠᠨ ᠬᠡᠷ᠂ | ᠲᠣᠪᠴᠢᠶ᠎ᠠ᠂ ᠡᠯ᠎ᠡ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠳᠤ᠄ ᠬᠤᠳᠠᠯᠳᠤᠭ᠎ᠠ ᠡᠵᠡᠩᠨᠡᠬᠦ ᠣᠷᠴᠢᠨ | ᠲᠣᠭᠤᠷᠢᠨ ᠢ ᠦᠷᠭᠦᠯᠵᠢᠯᠡᠨ ᠰᠢᠯᠢᠳᠡᠭᠵᠢᠭᠦᠯᠵᠦ᠂ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠠᠮᠢᠵᠢᠷᠠᠯ ᠤᠨ | ᠬᠦᠴᠦᠨ ᠢ ᠬᠥᠭᠵᠢᠭᠡᠨ᠂ ᠣᠯᠠᠨ ᠲᠦᠮᠡᠨ ᠵᠢᠴᠢ ᠠᠵᠤ ᠠᠬᠤᠶᠢᠯᠠᠯ ᠤᠨ ᠡᠳ᠋ ᠬᠥᠷᠥᠩᠭᠡ ᠶᠢᠨ ᠡᠷᠬᠡ ᠠᠰᠢᠭ ᠢ | ᠦᠨᠡᠨᠬᠦ ᠬᠠᠮᠠᠭᠠᠯᠠᠬᠤ ᠶᠢᠨ ᠲᠤᠰᠠᠳᠠ᠂ ᠠᠶᠢᠮᠠᠭ ᠤᠨ ᠵᠠᠬᠢᠷᠭ᠎ᠠ ᠪᠠᠷ ᠵᠥᠪᠰᠢᠶᠡᠷᠡᠭᠦᠯᠦᠭᠡᠳ᠂ ᠡᠳᠦᠭᠡ ︽ᠠᠵᠤ | ᠠᠬᠤᠶᠢᠯᠠᠯ ᠤᠨ ᠬᠡᠷᠡᠭᠯᠡᠬᠦ ᠭᠠᠵᠠᠷ ᠤᠨ ︿ᠳᠠᠩᠰᠠᠯᠠᠭᠤᠯᠬᠤ ᠳᠤ ᠬᠦᠴᠢᠷ﹀ ᠠᠰᠠᠭᠤᠳᠠᠯ ᠢ ᠲᠦᠷᠭᠡᠨ ᠰᠢᠢᠳᠪᠦᠷᠢᠯᠡᠬᠦ | ᠲᠤᠬᠠᠶ ᠬᠡᠷᠡᠭᠵᠢᠭᠦᠯᠬᠦ ᠲᠥᠰᠦᠯ︾ ᠢ ᠲᠠᠨᠠᠷ ᠲᠤ ᠳᠠᠷᠤᠮᠠᠯᠯᠠᠨ ᠲᠠᠷᠬᠠᠭᠠᠯ᠎ᠠ᠂ ᠬᠢᠨᠠᠮᠠᠭᠠᠶ ᠲᠤᠭᠤᠰᠢᠯᠠᠭᠤᠯᠤᠨ | ᠨᠠᠶᠢᠳᠠᠪᠤᠷᠢᠵᠢᠭᠤᠯᠲᠤᠭᠠᠶ᠃ | ︵ᠲᠣᠰ ᠮᠠᠲ᠋ᠧᠷᠢᠶᠠᠯ ᠢ ᠢᠯᠡ ᠪᠠᠷ ᠨᠡᠶᠢᠲᠡᠯᠡᠨ᠎ᠡ︶ | | | | ᠠᠵᠤ ᠠᠬᠤᠶᠢᠯᠠᠯ ᠤᠨ ᠬᠡᠷᠡᠭᠯᠡᠬᠦ ᠭᠠᠵᠠᠷ ᠤᠨ ︽ᠳᠠᠩᠰᠠᠯᠠᠭᠤᠯᠬᠤ ᠳᠤ ᠬᠦᠴᠢᠷ︾ ᠠᠰᠠᠭᠤᠳᠠᠯ ᠢ ᠲᠦᠷᠭᠡᠨ | ᠰᠢᠢᠳᠪᠦᠷᠢᠯᠡᠬᠦ ᠲᠤᠬᠠᠶ ᠬᠡᠷᠡᠭᠵᠢᠭᠦᠯᠬᠦ ᠲᠥᠰᠦᠯ | ᠠᠵᠤ ᠠᠬᠤᠶᠢᠯᠠᠯ ᠤᠨ ᠭᠠᠵᠠᠷ ᠬᠡᠷᠡᠭᠯᠡᠬᠦ ᠶᠢ ᠲᠦᠢᠯᠪᠤᠷᠢᠲᠠᠶ ᠰᠢᠢᠳᠪᠦᠷᠢᠯᠡᠬᠦ ᠶᠢᠨ ᠲᠥᠯᠥᠭᠡ᠂ | ᠲᠥᠯᠥᠪᠵᠢᠭᠦᠯᠭᠡ᠂ ᠪᠠᠷᠢᠯᠭ᠎ᠠ ᠶᠢᠨ ᠠᠵᠢᠯ ᠳᠠᠭᠤᠰᠤᠭᠰᠠᠨ ᠢ ᠰᠢᠯᠭᠠᠨ ᠠᠪᠴᠤ ᠳᠠᠩᠰᠠᠯᠠᠭᠤᠯᠬᠤ ᠭᠠᠷ ᠭᠦᠢᠴᠡᠳᠭᠡᠯ | ᠪᠦᠷᠢᠨ ᠪᠤᠰᠤ ᠵᠡᠷᠭᠡ ᠰᠢᠯᠳᠡᠭᠠᠨ ᠠᠴᠠ ᠥᠯᠥ ᠬᠥᠳᠡᠯᠬᠦ ᠬᠥᠷᠥᠩᠭᠡ ᠶᠢᠨ ᠳᠠᠩᠰᠠᠯᠠᠬᠤ ᠶᠢᠨ ᠶᠢᠨ ᠠᠷᠭ᠎ᠠ ᠦᠭᠡᠶ | ᠠᠰᠠᠭᠤᠳᠠᠯ ᠢ ᠰᠢᠢᠳᠪᠦᠷᠢᠯᠡᠬᠦ᠂ ᠨᠡᠶᠢᠭᠡᠮ ᠤᠨ ᠵᠥᠷᠢᠴᠡᠯ ᠢ ᠠᠷᠢᠯᠭᠠᠨ᠂ ᠨᠡᠶᠢᠭᠡᠮ ᠤᠨ ᠡᠶ᠎ᠡ ᠵᠣᠬᠢᠴᠠᠯ ᠢ | ᠲᠣᠭᠲᠠᠭᠤᠨ ᠢ ᠪᠠᠳᠤᠯᠠᠬᠤ ᠂ ︽ᠪᠠᠶᠢᠭᠠᠯᠢ ᠶᠢᠨ ᠡᠬᠢ ᠪᠠᠶᠠᠯᠢᠭ ᠤᠨ ᠶᠠᠮᠤᠨ ᠤ ᠥᠯᠥ ᠬᠥᠳᠡᠯᠬᠦ ᠬᠥᠷᠥᠩᠭᠡ ᠶᠢᠨ | ᠳᠡᠩᠰᠡᠯᠡᠯᠲᠡ ᠶᠢᠨ ᠲᠡᠦᠬᠡᠨ ᠠᠴᠠ ᠦᠯᠡᠳᠡᠭᠳᠡᠵᠦ ᠢᠷᠡᠭᠰᠡᠨ ᠠᠰᠠᠭᠤᠳᠠᠯ ᠤᠨ ᠲᠤᠬᠠᠶ ᠮᠡᠳᠡᠭᠳᠡᠯ︾ ︵ᠪᠠᠶᠢᠭᠠᠯᠢ ᠶᠢᠨ | ᠡᠬᠢ ᠪᠠᠶᠠᠯᠢᠭ ᠲᠠᠷᠬᠠᠭᠠᠭᠰᠠᠨ ﹇2021﹈ 1 ᠳ᠋ᠤᠭᠡᠷ ᠲᠣᠭᠠᠲᠤ︶ ︽ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠡᠬᠢ ᠪᠠᠶᠠᠯᠢᠭ ᠤᠨ ᠲᠢᠩᠬᠢᠮ ᠤᠨ ᠪᠥᠬᠦ ᠣᠷᠣᠨ ᠤ ᠠᠵᠤ ᠠᠬᠤᠶᠢᠯᠠᠯ ᠤᠨ ᠬᠡᠷᠡᠭᠯᠡᠬᠦ ᠭᠠᠵᠠᠷ ᠤᠨ ᠥᠯᠥ | ᠬᠥᠳᠡᠯᠬᠦ ᠬᠥᠷᠥᠩᠭᠡ ᠶᠢ ᠳᠠᠩᠰᠠᠯᠠᠬᠤ ᠠᠵᠢᠯ ᠢ ᠲᠦᠷᠭᠡᠳᠬᠡᠨ ᠠᠬᠢᠭᠤᠯᠬᠤ ᠲᠤᠬᠠᠶ ᠵᠢᠯᠣᠭᠤᠳᠬᠤ ᠰᠠᠨᠠᠯ︾ ︵ | ᠥᠪᠥᠷ ᠪᠠᠶᠢᠭᠠᠯᠢ ᠡᠬᠢ ᠥᠰᠥᠭ ﹇2022﹈ 391 ᠳ᠋ᠤᠭᠡᠷ ᠲᠣᠭᠠᠲᠤ︶ ᠤᠨ ᠵᠣᠷᠢᠭ ᠰᠠᠨᠠᠭ᠎ᠠ ᠭᠦᠨᠵᠡᠭᠡᠶ | ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢᠨ ᠲᠦᠯᠦᠭᠡ᠂ ᠮᠠᠨ ᠤ ᠠᠶᠢᠮᠠᠭ ᠤᠨ ᠪᠣᠳᠠᠲᠠᠶ ᠲᠠᠢ ᠪᠠᠨ | ᠤᠶᠠᠯᠳᠤᠭᠤᠯᠤᠨ᠂ ᠲᠣᠰ ᠲᠥᠰᠦᠯ ᠢ ᠣᠨᠴᠠᠭᠠᠶᠢᠯᠠᠨ ᠲᠣᠭᠲᠠᠭᠠᠪᠠ᠃ | ᠨᠢᠭᠡ᠂ ᠶᠡᠷᠦᠩᠬᠡᠶ ᠱᠠᠭᠠᠷᠳᠠᠯᠭ᠎ᠠ | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ | ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠬᠤ ᠶᠢ ᠪᠠᠷᠢᠮᠲᠠᠯᠠᠵᠤ᠂ ᠪᠦᠬᠦ ᠲᠠᠯ᠎ᠠ ᠪᠠᠷ ᠨᠠᠮ ᠤᠨ | ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠠᠷᠠᠳ | ᠲᠦᠮᠡᠨ ᠢᠶᠠᠷ ᠭᠤᠣᠯ ᠪᠣᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠬᠦᠴᠦᠯᠡᠨ ᠦᠢᠯᠡᠳᠦᠯᠭᠡᠵᠢᠭᠦᠯᠵᠦ᠂ | ᠡᠵᠡᠩᠨᠡᠯᠲᠡ ᠶᠢᠨ ᠣᠷᠴᠢᠨ ᠲᠣᠭᠤᠷᠢᠨ ᠢ ᠰᠢᠯᠢᠳᠡᠭᠵᠢᠭᠦᠯᠵᠦ᠂ ᠰᠠᠯᠠᠭ᠎ᠠ ᠮᠥᠴᠢᠷ ᠤᠨ ᠬᠠᠮᠵᠢᠯᠴᠠᠭ᠎ᠠ ᠶᠢ | ᠴᠢᠩᠭᠠᠳᠬᠠᠵᠤ᠂ ᠥᠪᠡᠷᠲᠡᠭᠡᠨ ᠵᠠᠰᠠᠬᠤ ᠣᠷᠣᠨ ᠤ ᠥᠷᠨᠢᠭᠦᠯᠦᠭᠰᠡᠨ ᠲᠠᠪᠤ ᠶᠢ ᠲᠦᠢᠯᠪᠤᠷᠢᠲᠠᠢ ᠪᠠᠶᠢᠴᠠᠭᠠᠬᠤ | ᠠᠵᠢᠯᠯᠠᠭ᠎ᠠ ᠲᠠᠢ ᠤᠶᠠᠯᠳᠣᠭᠤᠯᠤᠨ᠂ ᠦᠢᠯᠡᠴᠢᠯᠡᠭᠡᠨ ᠤ ᠠᠵᠤ ᠠᠬᠤᠶᠢᠯᠠᠯ ᠤᠨ ᠴᠢᠨᠠᠷ ᠴᠢᠨᠰᠠᠭ᠎ᠠ ᠦᠷ᠎ᠡ ᠠᠰᠢᠭ ᠢ | ᠳᠡᠭᠡᠭᠰᠢᠯᠡᠭᠦᠯᠵᠦ᠂ ᠠᠵᠤ ᠠᠬᠤᠶᠢᠯᠠᠯ ᠤᠨ ᠴᠢᠨᠠᠷ ᠰᠠᠶᠢᠲᠠᠢ ᠬᠥᠭᠵᠢᠯᠲᠡ ᠳᠤ ᠬᠦᠴᠦᠨ ᠨᠡᠮᠡᠷᠢᠯᠡᠵᠦ᠂ ︽ᠶᠠᠭᠤ | ᠳᠤᠲᠠᠭᠤ ᠪᠤᠯ ᠶᠠᠭᠤ ᠪᠠᠨ ᠨᠥᠬᠦᠪᠥᠷᠢᠯᠡᠬᠦ᠂ ᠬᠡᠨ ᠬᠢᠨᠠᠨ ᠵᠥᠪᠰᠢᠶᠡᠷᠡᠪᠡᠯ ᠲᠡᠷᠡ ᠬᠠᠷᠢᠭᠤᠴᠠᠬᠤ︾ ᠵᠠᠷᠴᠢᠮ ᠢ | ᠬᠡᠷᠡᠭᠵᠢᠭᠦᠯᠵᠦ᠂ ︽ᠵᠠᠬᠢᠳᠠᠯ ᠢᠶᠠᠷ ᠭᠡᠷᠡᠴᠢ ᠶᠢ ᠣᠷᠣᠯᠠᠭᠤᠯᠬᠤ︾᠂ ︽ᠦᠨᠡᠮᠯᠡᠯ ᠲᠤᠰᠢᠶᠠᠬᠤ ᠶᠢ ᠰᠠᠯᠭᠠᠬᠤ︾ | ᠠᠷᠭ᠎ᠠ ᠶᠢ ᠬᠡᠷᠡᠭᠯᠡᠨ᠎ᠡ᠃ | ︽ᠨᠠᠶᠢᠳᠠᠵᠤ ᠣᠷᠣᠯᠠᠨ ᠭᠦᠢᠴᠡᠳᠭᠡᠭᠦᠯᠬᠦ︾ ︽ᠳᠤᠲᠠᠭᠤ ᠶᠢ ᠭᠥᠯᠢᠶᠡᠨ ᠠᠪᠴᠤ ᠰᠢᠢᠳᠪᠦᠷᠢᠯᠡᠬᠦ︾ | ᠵᠡᠷᠭᠡ ᠠᠷᠭ᠎ᠠ ᠬᠡᠮᠵᠢᠶ᠎ᠡ ᠪᠠᠷ ᠠᠵᠤ ᠠᠬᠤᠶᠢᠯᠠᠯ ᠤᠨ ᠬᠡᠷᠡᠭᠯᠡᠬᠦ ᠭᠠᠵᠠᠷ ᠤᠨ ᠥᠯᠥ ᠬᠥᠳᠡᠯᠬᠦ ᠬᠥᠷᠥᠩᠭᠡ ᠶᠢᠨ | ᠳᠡᠩᠰᠡᠯᠡᠯᠲᠡ ᠶᠢ ᠲᠦᠷᠭᠡᠳᠬᠡᠨ ᠠᠬᠢᠭᠤᠯᠤᠨ᠎ᠠ᠃ ᠠᠵᠢᠯ ᠤᠨ ᠠᠬᠢᠴᠠ ᠳᠤ᠂ 2023 ᠣᠨ ᠤ ᠵᠢᠯ ᠤᠨ | ᠰᠡᠭᠦᠯᠴᠢ ᠠᠴᠠ ᠡᠮᠦᠨ᠎ᠡ᠂ ᠠᠵᠤ ᠠᠬᠤᠶᠢᠯᠠᠯ ᠤᠨ ᠬᠡᠷᠡᠭᠯᠡᠬᠦ ᠭᠠᠵᠠᠷ ᠤᠨ ᠥᠯᠥ ᠬᠥᠳᠡᠯᠬᠦ ᠬᠥᠷᠥᠩᠭᠡ ᠶᠢ ᠳᠡᠩᠰᠡᠯᠡᠨ | ᠦᠨᠡᠮᠯᠡᠯ ᠣᠯᠭᠤᠬᠤ ᠳᠤ ︽ᠭᠦᠢᠴᠡᠳᠭᠡᠬᠦ ᠶᠣᠰᠣᠲᠠᠶ ᠶᠢ ᠨᠢ ᠴᠥᠮ ᠭᠦᠢᠴᠡᠳᠭᠡᠬᠦ︾ ᠶᠢ ᠪᠡᠶᠡᠯᠡᠭᠦᠯᠬᠦ ᠪᠠᠷ | ᠴᠢᠷᠮᠠᠶᠢᠨ᠎ᠠ᠃ | ᠬᠤᠶᠠᠷ᠂ ᠬᠡᠷᠡᠭᠯᠡᠬᠦ ᠬᠡᠪᠴᠢᠶ᠎ᠡ ᠪᠠ ᠨᠥᠬᠦᠴᠡᠯ | ᠲᠣᠰ ᠲᠥᠰᠦᠯ ᠨᠢ ᠪᠥᠬᠦ ᠬᠤᠯᠪᠣᠭᠠᠲᠠᠨ ᠤᠯᠤᠰ ᠤᠨ ᠪᠥᠲᠥᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ | ᠳᠡᠭᠡᠷᠡᠬᠢ ᠬᠡᠷᠡᠭᠯᠡᠬᠦ ᠭᠠᠵᠠᠷ᠂ ᠲᠥᠯᠥᠪᠵᠢᠭᠦᠯᠭᠡ᠂ ᠪᠠᠷᠢᠯᠭ᠎ᠠ ᠳᠠᠭᠤᠰᠤᠭᠰᠠᠨ ᠰᠢᠯᠭᠠᠯᠲᠠ ᠶᠢ ᠰᠢᠢᠳᠪᠦᠷᠢᠯᠡᠬᠦ ᠳᠤ | ᠳᠣᠭᠢᠷᠠᠨ᠎ᠠ | ᠬᠤᠷᠢᠶᠠᠨ ᠠᠪᠴᠤ ᠳᠠᠩᠰᠠᠯᠠᠭᠤᠯᠬᠤ ᠭᠠᠷ ᠭᠦᠢᠴᠡᠳᠭᠡᠯ ᠨᠢ ᠪᠦᠷᠢᠨ ᠪᠤᠰᠤ ᠵᠡᠷᠭᠡ ᠰᠢᠯᠲᠠᠭᠠᠨ ᠠᠴᠠ | ᠪᠣᠯᠵᠣ᠂ ᠠᠵᠤ ᠠᠬᠤᠶᠢᠯᠠᠯ ᠤᠨ ᠬᠡᠷᠡᠭᠯᠡᠬᠦ ᠭᠠᠵᠠᠷ ᠤᠨ ︽ᠳᠡᠩᠰᠡᠯᠡᠨ ᠲᠡᠮᠳᠡᠭᠯᠡᠬᠦ ᠳᠤ ᠬᠦᠴᠢᠷᠲᠡᠶ︾ ᠪᠠᠶᠢᠬᠤ | ᠠᠰᠠᠭᠤᠳᠠᠯ ᠢ ᠪᠣᠶ ᠪᠣᠯᠭᠠᠪᠠ᠃ ᠳᠡᠭᠡᠷ᠎ᠡ ᠳᠤᠷᠠᠳᠤᠭᠰᠠᠨ ᠵᠦᠢᠯ ᠤᠳ ᠤᠨ ᠦᠯᠦ ᠬᠥᠳᠡᠯᠬᠦ ᠬᠦᠷᠦᠩᠭᠡ ᠶᠢᠨ | ᠲᠠᠩᠰᠠᠯᠠᠯᠳᠠ ᠬᠢᠬᠦ ᠳᠡᠭᠡᠨ ᠳᠣᠣᠷᠠᠬᠢ ᠨᠥᠬᠦᠴᠡᠯ ᠤᠳ ᠢ ᠬᠠᠮᠲᠤ ᠳᠤᠨᠢ ᠬᠠᠩᠭᠠᠬᠤ ᠬᠡᠷᠡᠭᠲᠡᠶ᠄ | ︵ᠨᠢᠭᠡ︶ ᠵᠦᠢᠯᠡᠰ ᠤᠨ ᠭᠠᠵᠠᠷ ᠰᠢᠷᠣᠶ ᠶᠢᠨ ᠰᠢᠨᠵᠢ ᠴᠢᠨᠠᠷ ᠨᠢ ᠤᠯᠤᠰ ᠤᠨ ᠥᠮᠴᠢᠯᠡᠯ ᠤᠨ ᠪᠦᠳᠦᠭᠡᠠ | ᠪᠠᠶᠢᠭᠤᠯᠤᠯᠲᠠ ᠳᠤ ᠬᠡᠷᠡᠭᠯᠡᠬᠦ ᠭᠠᠵᠠᠷ ᠪᠠᠶᠢᠬᠤ︔ | ︵ᠬᠤᠶᠠᠷ︶ ᠪᠠᠷᠢᠯᠭ᠎ᠠ ᠶᠢᠨ ᠵᠦᠢᠯᠡᠰ ᠢ ᠨᠢᠭᠡᠨᠲᠡ ᠪᠠᠶᠢᠭᠤᠯᠵᠤ ᠳᠠᠭᠤᠰᠬᠠᠭᠠᠳ᠂ ᠭᠠᠵᠠᠷ ᠰᠢᠷᠣᠶ᠂ ᠭᠡᠷ | ᠪᠠᠶᠢᠰᠢᠩ ᠤᠨ ᠡᠷᠬᠡ ᠶᠢᠨ ᠬᠠᠷᠢᠶᠠᠯᠠᠯ ᠨᠢ ᠮᠠᠷᠭᠤᠯᠳᠤᠭᠠᠨ ᠦᠭᠡᠢ ᠪᠠᠶᠢᠬᠤ︔ | ︵ᠭᠤᠷᠪᠠ︶ ᠭᠤᠶᠤᠴᠢᠯᠠᠭᠴᠢ ᠨᠢ ᠦᠯᠦ ᠬᠥᠳᠡᠯᠬᠦ ᠬᠦᠷᠦᠩᠭᠡ ᠶᠢ ᠳᠠᠩᠰᠠᠯᠠᠭᠤᠯᠬᠤ ᠠᠴᠠ ᠡᠮᠦᠨ᠎ᠡ ᠭᠠᠵᠠᠷ | ᠰᠢᠷᠣᠶ ᠶᠢ ᠰᠢᠯᠵᠢᠭᠦᠯᠦᠨ ᠬᠤᠳᠠᠯᠳᠤᠭᠰᠠᠨ ᠮᠥᠩᠭᠦ ᠪᠠ ᠬᠤᠯᠪᠣᠭᠳᠠᠯ ᠪᠦᠬᠦᠢ ᠵᠠᠷᠤᠳᠠᠯ ᠢ ᠲᠤᠰᠢᠶᠠᠵᠤ ᠳᠠᠭᠤᠰᠬᠠᠬᠤ︔ | | ︵ᠲᠥᠷᠪᠡ︶ ᠲᠥᠷᠥᠯ ᠵᠦᠢᠯ ᠤᠨ ᠠᠶᠤᠯᠭᠦᠢ ᠦᠢᠯᠡᠳᠪᠦᠷᠢᠯᠡᠯ᠂ ᠣᠷᠴᠢᠨ ᠲᠣᠭᠤᠷᠢᠨ ᠤ ᠪᠣᠬᠢᠷᠲᠤᠯ᠂ | ᠭᠠᠯ ᠤᠨᠲᠠᠷᠠᠭᠠᠬᠤ᠂ ᠪᠠᠷᠢᠯᠭ᠎ᠠ ᠶᠢᠨ ᠶᠠᠰᠤ ᠴᠢᠨᠠᠷ ᠨᠢ ᠬᠠᠮᠢᠶ᠎ᠠ ᠪᠥᠬᠦᠢ ᠵᠦᠢᠯ ᠲᠣᠭᠲᠠᠭᠠᠯ ᠳᠤ ᠨᠡᠶᠢᠴᠡᠬᠦ︔ | ︵ᠲᠠᠪᠤ︶ ᠬᠠᠤᠯᠢ ᠴᠠᠭᠠᠵᠠ ᠬᠠᠤᠯᠢ ᠲᠣᠭᠲᠠᠭᠠᠯ ᠳᠤ ᠲᠣᠭᠲᠠᠭᠠᠭᠰᠠᠨ ᠪᠤᠰᠤᠳ ᠪᠠᠶᠢᠳᠠᠯ ᠤᠳ᠃ | ᠭᠤᠷᠪᠠ᠂ ᠵᠣᠬᠢᠶᠠᠨ ᠪᠠᠶᠢᠭᠤᠯᠤᠯᠲᠠ ᠶᠢᠨ ᠠᠷᠭ᠎ᠠ ᠮᠠᠶ᠋ᠢᠭ ᠵᠢᠴᠢ ᠶᠠᠪᠤᠴᠠ | ︵ᠨᠢᠭᠡ︶ ᠵᠣᠬᠢᠶᠠᠨ ᠪᠠᠶᠢᠭᠤᠯᠤᠯᠲᠠ ᠶᠢᠨ ᠠᠷᠭ᠎ᠠ | ᠡᠯ᠎ᠡ ᠬᠤᠰᠢᠭᠤ ᠰᠢᠶᠠᠨ ᠬᠤᠲᠠ ᠶᠢᠨ ᠠᠷᠠᠳ ᠤᠨ ᠵᠠᠰᠠᠭ ᠤᠨ ᠣᠷᠳᠣᠨ ᠳᠤ ᠦᠯᠡᠳᠡᠭᠳᠡᠯ ᠠᠯᠪᠠᠨ ᠬᠡᠷ | ᠪᠠᠶᠢᠭᠤᠯᠤᠨ᠎ᠠ᠃ ᠦᠯᠡᠳᠡᠭᠳᠡᠯ ᠠᠯᠪᠠᠨ ᠭᠡᠷ ᠨᠢ ᠪᠠᠶᠢᠭᠠᠯᠢ ᠶᠢᠨ ᠡᠯᠳᠡᠪ ᠬᠤᠶᠠᠷ ᠢᠶᠠᠷ ᠪᠠᠶᠠᠯᠢᠭ᠂ ᠣᠷᠣᠨ ᠰᠠᠭᠤᠴᠠ | ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ᠂ ᠭᠠᠶᠢᠯᠢ ᠶᠢᠨ ᠶᠠᠪᠤᠳᠠᠯ᠂ ᠡᠳ᠋ ᠤᠨ ᠵᠠᠰᠠᠭ᠂ | ᠬᠥᠭᠵᠢᠭᠦᠯᠦᠯᠲᠡ ᠪᠠ ᠥᠭᠡᠷᠡᠴᠢᠯᠡᠯᠲᠡ᠂ ᠠᠵᠤ ᠣᠶᠢᠯᠡᠳᠪᠦᠷᠢ ᠪᠠ ᠮᠡᠳᠡᠭᠡ ᠵᠠᠩᠭᠢ᠂ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ᠂ ᠰᠢᠭᠦᠬᠦ ᠬᠤᠷᠢᠶ᠎ᠠ᠂ ᠳᠣᠲᠣᠭᠠᠳᠤ ᠶᠢ ᠬᠠᠮᠠᠭᠠᠯᠠᠬᠤ᠂ ᠠᠷᠠᠳ ᠤᠨ ᠠᠭᠠᠷ ᠤᠨ ᠰᠡᠷᠭᠡᠶᠢᠯᠡᠯᠲᠡ ᠵᠡᠷᠭᠡ | ᠰᠠᠯᠠᠭ᠎ᠠ ᠮᠥᠴᠢᠷ ᠢᠶᠠᠷ ᠪᠦᠷᠢᠯᠳᠦᠵᠦ᠂ ᠡᠯ᠎ᠡ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠤᠳ ᠨᠢᠭᠲᠠ ᠬᠠᠮᠵᠢᠯᠴᠠᠨ᠂ | ᠢᠵᠢ ᠪᠥᠷᠢᠳᠦᠭᠦᠯᠬᠦ ᠲᠥᠷᠥ ᠶᠢᠨ ᠪᠣᠳᠣᠯᠭ᠎ᠠ ᠶᠢ ᠨᠠᠷᠢᠯᠢᠬᠵᠢᠭᠤᠯᠤᠨ᠎ᠠ᠃ ᠠᠵᠤ ᠠᠬᠤᠶᠢᠯᠠᠯ ᠤᠨ ᠠᠵᠢᠯ ᠲᠥᠷᠥᠯ ᠳᠤ | ᠬᠡᠷᠡᠭᠯᠡᠬᠦ ᠭᠠᠵᠠᠷ ᠰᠢᠷᠣᠶ ᠵᠢᠴᠢ ᠭᠠᠵᠠᠷ ᠳᠡᠭᠡᠷᠡᠬᠢ ᠪᠠᠷᠢᠯᠭ᠎ᠠ ᠶᠢᠨ ᠬᠠᠮᠢᠶ᠎ᠠ ᠪᠥᠬᠦᠶ ᠭᠠᠷᠳᠠᠮ ᠢ ᠲᠡᠭᠦᠯᠳᠡᠷᠵᠢᠭᠦᠯᠬᠦ ᠪᠠ | ᠥᠯᠥ ᠬᠥᠳᠡᠯᠬᠦ ᠬᠥᠷᠥᠩᠭᠡ ᠶᠢ ᠳᠠᠩᠰᠠᠯᠠᠬᠤ ᠠᠵᠢᠯ ᠲᠣᠬᠢᠲᠠᠶ ᠰᠠᠶᠢᠲᠤᠷ ᠰᠢᠢᠳᠪᠦᠷᠢᠯᠡᠬᠦ ᠬᠡᠷᠡᠭᠲᠡᠢ᠃ ᠪᠠᠶᠢᠭᠠᠯᠢ ᠶᠢᠨ | ᠡᠬᠢ ᠪᠠᠶᠠᠯᠢᠭ ᠤᠨ ᠲᠣᠪᠴᠢᠶ᠎ᠠ ᠭᠠᠵᠠᠷ ᠰᠢᠷᠣᠶ ᠶᠢ ᠰᠢᠯᠵᠢᠭᠦᠯᠦᠨ ᠬᠤᠳᠠᠯᠳᠤᠭᠰᠠᠨ ᠠᠰᠢᠭ ᠣᠯᠵᠠᠪᠤᠷᠢ ᠶᠢ ᠬᠢᠨᠠᠨ | ᠲᠣᠭᠲᠠᠭᠠᠬᠤ ᠶᠢ ᠬᠠᠷᠢᠭᠤᠴᠠᠵᠤ᠂ ᠣᠳᠣᠬᠢ ᠪᠠᠶᠢᠳᠠᠯ ᠢ ᠦᠨᠳᠦᠰᠦᠯᠡᠨ ᠡᠷᠬᠡ ᠶᠢᠨ ᠬᠠᠷᠢᠶᠠᠯᠠᠯ᠂ ᠬᠤᠪᠢᠶᠠᠷᠢᠯᠠᠨ | ᠲᠣᠭᠲᠠᠭᠠᠭᠰᠠᠨ᠂ ᠭᠠᠵᠠᠷ ᠬᠡᠷᠡᠭᠯᠡᠬᠦ ᠶᠢ ᠬᠢᠨᠠᠨ ᠪᠠᠶᠢᠴᠠᠭᠠᠭᠰᠠᠨ ᠰᠠᠨᠠᠯ ᠲᠣᠭᠲᠠᠭᠠᠯ ᠭᠠᠷᠭᠠᠵᠤ ᠥᠭᠭᠦᠨ᠎ᠡ᠃ ᠣᠷᠣᠨ | ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠨᠢ ᠬᠠᠤᠯᠢ ᠲᠣᠭᠲᠠᠭᠠᠯ ᠶᠣᠰᠣᠭᠠᠷ | ᠪᠠᠷᠢᠯᠭ᠎ᠠ ᠳᠠᠭᠤᠰᠤᠭᠰᠠᠨ ᠢ ᠰᠢᠯᠭᠠᠨ ᠬᠤᠷᠢᠶᠠᠵᠤ ᠳᠠᠩᠰᠠᠯᠠᠭᠤᠯᠬᠤ ᠭᠠᠷᠳᠠᠮ ᠢ ᠬᠢᠨ᠎ᠡ᠃ ᠭᠠᠶᠢᠯᠢ ᠶᠢᠨ ᠶᠠᠪᠤᠳᠠᠯ᠂ | ᠠᠷᠠᠳ ᠤᠨ ᠠᠭᠠᠷ ᠤᠨ ᠰᠡᠷᠭᠡᠶᠢᠯᠡᠯᠲᠡ᠂ ᠡᠳ᠋ ᠤᠨ ᠵᠠᠰᠠᠭ ᠵᠡᠷᠭᠡ ᠰᠠᠯᠠᠭ᠎ᠠ ᠮᠥᠴᠢᠷ ᠭᠠᠵᠠᠷ ᠰᠢᠷᠣᠶ ᠶᠢ | ᠰᠢᠯᠵᠢᠭᠦᠯᠦᠨ ᠬᠤᠳᠠᠯᠳᠤᠬᠤ ᠮᠥᠩᠭᠦ᠂ ᠠᠷᠠᠳ ᠤᠨ ᠠᠭᠠᠷ ᠤᠨ ᠰᠡᠷᠭᠡᠶᠢᠯᠡᠯᠲᠡ ᠶᠢᠨ ᠣᠨᠳᠣᠣ ᠭᠠᠵᠠᠷ ᠤᠨ ᠪᠦᠲᠦᠭᠡᠨ | ᠪᠠᠶᠢᠭᠤᠯᠤᠯᠲᠠ ᠶᠢᠨ ᠰᠦᠢᠳᠬᠡᠯ᠂ ᠬᠤᠲᠠ ᠶᠢᠨ ᠰᠠᠭᠤᠷᠢ ᠲᠥᠬᠦᠭᠡᠷᠦᠮᠵᠢ ᠶᠢᠨ ᠢᠵᠢ ᠪᠦᠷᠢᠳᠦᠭᠦᠯᠬᠦ ᠵᠠᠷᠤᠳᠠᠯ | ᠵᠡᠷᠭᠡ ᠵᠠᠷᠤᠳᠠᠯ ᠶᠢ ᠬᠠᠷᠢᠭᠤᠴᠠᠨ᠎ᠠ᠃ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠠᠵᠤ | ᠠᠬᠤᠶᠢᠯᠠᠯ ᠤᠨ ᠡᠵᠡᠩᠨᠡᠯᠲᠡ ᠶᠢᠨ ᠪᠢᠴᠢᠭ ᠢ ᠬᠢᠨᠠᠨ ᠬᠠᠷᠭᠤᠭᠤᠯᠬᠤ ᠠᠵᠢᠯ ᠢ ᠬᠠᠷᠢᠭᠤᠴᠠᠨ᠎ᠠ᠃ ᠲᠡᠷᠡᠴᠢᠯᠡᠨ ᠠᠵᠤ | ᠠᠬᠤᠶᠢᠯᠠᠯ ᠤᠨ ᠬᠠᠷᠢᠯᠴᠠᠬᠤ ᠬᠥᠮᠦᠨ ᠪᠠ ᠬᠠᠷᠢᠯᠴᠠᠬᠤ ᠠᠷᠭ᠎ᠠ ᠮᠠᠶ᠋ᠢᠭ ᠢ ᠬᠠᠩᠭᠠᠨ᠎ᠠ︔ ᠳᠣᠲᠣᠭᠠᠳᠤ ᠶᠢ | ᠬᠠᠮᠠᠭᠠᠯᠠᠬᠤ ᠲᠣᠪᠴᠢᠶ᠎ᠠ᠂ ᠰᠢᠭᠦᠬᠦ ᠬᠤᠷᠢᠶ᠎ᠠ ᠬᠠᠤᠯᠢ ᠴᠠᠭᠠᠵᠠ ᠳᠤ ᠬᠤᠯᠪᠣᠭᠳᠠᠬᠤ ᠪᠠ ᠵᠠᠷᠭᠤ ᠳᠤ ᠬᠤᠯᠪᠣᠭᠳᠠᠬᠤ | ᠶᠠᠪᠤᠳᠠᠯ ᠢ ᠬᠠᠷᠢᠭᠤᠴᠠᠵᠦ᠂ ᠲᠥᠷᠥᠯ ᠵᠦᠢᠯ ᠢ ᠮᠠᠭᠠᠳᠯᠠᠨ ᠲᠣᠭᠲᠠᠭᠠᠵᠤ᠂ ᠡᠷᠬᠡᠲᠦ ᠬᠥᠮᠦᠨ ᠢ | ᠲᠣᠳᠣᠷᠬᠠᠶᠢᠯᠠᠬᠤ ᠶᠢᠨ ᠬᠠᠮᠲᠤ ᠮᠠᠭᠠᠳᠯᠠᠨ ᠲᠣᠭᠲᠠᠭᠠᠬᠤ ᠰᠠᠨᠠᠯ ᠭᠠᠷᠭᠠᠨ᠎ᠠ᠃ ᠬᠥᠭᠵᠢᠭᠦᠯᠦᠯᠲᠡ | ᠥᠭᠡᠷᠡᠴᠢᠯᠡᠯᠲᠡ ᠶᠢᠨ ᠵᠥᠪᠯᠡᠯ᠂ ᠠᠵᠤ ᠣᠶᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠲᠣᠪᠴᠢᠶ᠎ᠠ ᠲᠥᠷᠥᠯ ᠵᠦᠢᠯ ᠢ | ᠬᠢᠨᠠᠨ ᠵᠥᠪᠰᠢᠶᠡᠷᠡᠬᠦ᠂ ᠲᠥᠷᠥᠯ ᠵᠦᠢᠯ ᠲᠣᠭᠲᠠᠭᠠᠬᠤ᠂ ᠳᠠᠩᠰᠠᠯᠠᠭᠤᠯᠬᠤ ᠵᠡᠷᠭᠡ ᠡᠮᠦᠨᠡᠬᠢ ᠬᠤᠭᠤᠴᠠᠭᠠᠨ ᠤ | ᠭᠠᠷᠳᠠᠮ ᠢ ᠬᠠᠷᠢᠭᠤᠴᠠᠨ᠎ᠠ᠃ | ︵ᠬᠤᠶᠠᠷ︶ ᠶᠡᠷᠦᠩᠬᠡᠶ ᠶᠠᠪᠤᠴᠠ | ᠬᠡᠷᠡᠭᠯᠡᠬᠦ ᠬᠡᠪᠴᠢᠶ᠎ᠡ ᠪᠠ ᠨᠥᠬᠦᠴᠡᠯ ᠳᠤ ᠨᠡᠶᠢᠴᠡᠬᠦ ᠠᠵᠤ ᠠᠬᠤᠶᠢᠯᠠᠯ ᠤᠨ ᠬᠡᠷᠡᠭᠯᠡᠬᠦ ᠭᠠᠵᠠᠷ ᠤᠨ ᠲᠥᠷᠥᠯ | ᠵᠦᠢᠯ ᠢ ᠬᠠᠷᠢᠶ᠎ᠠ ᠣᠷᠣᠨ ︵ᠰᠤᠮᠤ ᠰᠢᠶᠠᠩ ᠪᠠᠯᠭᠠᠰᠤ᠂ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ | ᠬᠦᠷᠢᠶᠡᠯᠡᠩ ᠲᠣᠭᠤᠷᠢᠭ ᠤᠨ ᠬᠠᠮᠢᠶᠠᠷᠤᠯᠲᠠ ᠶᠢᠨ ᠵᠥᠪᠯᠡᠯ︶ ᠨᠢ ᠪᠠᠶᠢᠳᠠᠯ ᠢ ᠤᠶᠢᠯᠠᠭᠠᠨ ᠵᠢᠭᠰᠠᠭᠠᠨ ᠪᠠᠶᠢᠴᠠᠭᠠᠵᠤ᠂ | ᠠᠰᠠᠭᠤᠳᠠᠯ ᠤᠨ ᠡᠬᠡ ᠲᠠᠩᠰᠠ ᠶᠢ ᠪᠠᠶᠢᠭᠤᠯᠤᠨ ᠬᠤᠰᠢᠭᠤ ᠰᠢᠶᠠᠨ ᠬᠤᠲᠠ ᠶᠢᠨ ᠦᠯᠡᠳᠡᠭᠳᠡᠯ ᠠᠯᠪᠠᠨ ᠬᠡᠷ ᠲᠤ | ᠮᠡᠳᠡᠭᠦᠯᠬᠦ ᠬᠡᠷᠡᠭᠲᠡᠶ᠃ ᠬᠤᠰᠢᠭᠤ ᠰᠢᠶᠠᠨ ᠬᠤᠲᠠ ᠶᠢᠨ ᠦᠯᠡᠳᠡᠭᠳᠡᠯ ᠠᠯᠪᠠᠨ ᠬᠡᠷ ᠪᠠᠶᠢᠭᠤᠯᠤᠭᠰᠠᠨ ᠡᠬᠡ ᠲᠠᠩᠰᠠ ᠶᠢ | ᠦᠨᠳᠦᠰᠦᠯᠡᠨ ᠲᠥᠷᠥᠯ ᠵᠦᠢᠯ ᠳᠠᠷᠠᠭᠠᠯᠠᠨ ᠵᠠᠳᠠᠯᠤᠨ ᠰᠤᠳᠤᠯᠵᠤ᠂ ᠠᠰᠠᠭᠤᠳᠠᠯ ᠤᠨ ᠰᠢᠯᠲᠠᠭᠠᠨ ᠢ ᠰᠢᠭᠦᠨ | ᠲᠡᠰᠦᠯᠵᠦ᠂ ᠡᠮᠬᠢᠯᠡᠨ ᠳᠢᠭᠯᠡᠵᠦ᠂ ᠪᠦᠯᠦᠭ ᠤᠳᠠᠭ᠎ᠠ᠂ ᠲᠥᠷᠥᠯ ᠬᠡᠯᠪᠡᠷᠢ᠂ ᠬᠤᠯᠪᠣᠭᠳᠠᠬᠤ ᠡᠯ᠎ᠡ ᠡᠭᠦᠷᠭᠡ | ᠴᠢᠳᠠᠪᠤᠷᠢᠲᠤ ᠰᠠᠯᠠᠭ᠎ᠠ ᠮᠥᠴᠢᠷ ᠲᠤ ᠰᠢᠯᠵᠢᠭᠦᠯᠦᠨ ᠭᠦᠢᠴᠡᠳᠬᠡᠨ᠎ᠡ᠃ ᠡᠯ᠎ᠡ ᠡᠷᠬᠡ ᠲᠤᠰᠢᠶᠠᠯᠲᠤ ᠰᠠᠯᠠᠭ᠎ᠠ | ᠮᠥᠴᠢᠷ ᠤᠨ ᠬᠢᠨ ᠭᠠᠷ ᠭᠦᠢᠴᠡᠳᠬᠡᠯ ᠢ ᠨᠥᠬᠦᠨ ᠭᠦᠢᠴᠡᠳᠬᠡᠬᠦ ᠪᠠᠨ ᠲᠦᠷᠭᠡᠳᠬᠡᠵᠦ᠂ ᠣᠬᠤᠷᠬᠠᠨ | ᠬᠤᠭᠤᠴᠠᠭᠠᠨ ᠳᠤ ᠭᠠᠷ ᠭᠦᠢᠴᠡᠳᠬᠡᠯ ᠢ ᠭᠦᠢᠴᠡᠳᠬᠡᠬᠦ ᠳᠤ ᠬᠦᠴᠢᠷᠲᠡᠢ ᠲᠥᠷᠥᠯ ᠵᠦᠢᠯ ᠢ ᠲᠤᠬᠠᠶ ᠶᠢᠨ ᠭᠠᠵᠠᠷ ᠤᠨ | ᠠᠷᠠᠳ ᠤᠨ ᠵᠠᠰᠠᠭ ᠤᠨ ᠣᠷᠳᠣᠨ ᠳᠤ ᠮᠡᠳᠡᠭᠦᠯᠦᠨ ᠵᠥᠪᠰᠢᠶᠡᠷᠡᠭᠦᠯᠦᠭᠰᠡᠨ ᠤ ᠳᠠᠷᠠᠭ᠎ᠠ᠂ ᠡᠭᠦᠷᠭᠡ ᠴᠢᠳᠠᠪᠤᠷᠢᠲᠤ | ᠰᠠᠯᠠᠭ᠎ᠠ ᠮᠥᠴᠢᠷ ᠠᠴᠠ ︽ᠵᠠᠬᠢᠳᠠᠯ ᠢᠶᠠᠷ ᠭᠡᠷᠡᠴᠢ ᠶᠢ ᠣᠷᠣᠯᠠᠭᠤᠯᠬᠤ︾ ᠠᠷᠭ᠎ᠠ ᠮᠠᠶ᠋ᠢᠭ ᠢᠶᠠᠷ ᠬᠢᠨᠠᠨ | ᠬᠠᠷᠭᠤᠭᠤᠯᠤᠭᠰᠠᠨ ᠰᠠᠨᠠᠯ ᠭᠠᠷᠭᠠᠨ᠎ᠠ᠃ ᠥᠯᠥ ᠬᠥᠳᠡᠯᠬᠦ ᠬᠥᠷᠥᠩᠭᠡ ᠶᠢᠨ ᠳᠡᠩᠰᠡᠯᠡᠯᠲᠡ ᠶᠢᠨ ᠪᠠᠶᠢᠭᠤᠯᠤᠮᠵᠢ ᠨᠢ | ᠡᠯ᠎ᠡ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠤᠨ ᠭᠠᠷᠭᠠᠭᠰᠠᠨ ᠪᠣᠳᠠᠲᠠᠶ ᠰᠠᠨᠠᠯ ᠳᠤ ᠥᠯᠥ ᠬᠥᠳᠡᠯᠬᠦ | ᠬᠥᠷᠥᠩᠭᠡ ᠶᠢᠨ ᠳᠡᠩᠰᠡᠯᠡᠯᠲᠡ ᠶᠢ ᠤᠷᠢᠳᠠᠪᠠᠷ ᠭᠦᠢᠴᠡᠳᠭᠡᠨ᠎ᠡ᠃ | ᠳᠥᠷᠪᠡ᠂ ᠰᠢᠢᠳᠪᠦᠷᠢᠯᠡᠬᠦ ᠠᠷᠭ᠎ᠠ ᠬᠡᠮᠵᠢᠶ᠎ᠡ | ︵ᠨᠢᠭᠡ︶ ᠲᠥᠯᠥᠪᠵᠢᠭᠦᠯᠭᠡ ᠶᠢᠨ ᠭᠠᠷᠳᠠᠮ | ᠪᠥᠳᠥᠭᠡᠨ ᠪᠠᠶᠢᠭᠤᠯᠤᠯᠲᠠ ᠶᠢᠨ ᠪᠠᠷᠢᠯᠭ᠎ᠠ ᠶᠢᠨ ᠲᠥᠯᠥᠪᠵᠢᠭᠦᠯᠭᠡ ᠶᠢ ᠬᠢᠨᠠᠨ ᠬᠠᠷᠭᠤᠭᠤᠯᠤᠭᠰᠠᠨ ᠥᠭᠡᠢ | ᠵᠡᠷᠭᠡ ᠠᠴᠠ ᠪᠣᠯᠵᠥ ᠥᠯᠥ ᠬᠥᠳᠡᠯᠬᠦ ᠬᠥᠷᠥᠩᠭᠡ ᠶᠢᠨ ᠲᠠᠩᠰᠠᠯᠠᠯᠳᠠ ᠶᠢ ᠨᠥᠯᠥᠭᠡᠯᠡᠭᠰᠡᠨ ᠪᠠᠶᠢᠪᠠᠯ᠂ ᠲᠣᠭᠲᠠᠭᠠᠯ | ᠶᠣᠰᠣᠭᠠᠷ ᠲᠥᠯᠥᠪᠵᠢᠭᠦᠯᠭᠡ ᠶᠢ ᠰᠢᠯᠭᠠᠨ ᠠᠪᠬᠤ ᠵᠡᠷᠭᠡ ᠭᠠᠷ ᠭᠦᠢᠴᠡᠳᠭᠡᠯ ᠢ ᠨᠥᠬᠦᠵᠦ ᠭᠦᠢᠴᠡᠳᠭᠡᠬᠦ ᠳᠤ ᠭᠦᠷᠪᠡᠯ | ᠂ ᠬᠠᠤᠯᠢ ᠲᠣᠭᠲᠠᠭᠠᠯ ᠶᠣᠰᠣᠭᠠᠷ ᠰᠢᠢᠳᠪᠦᠷᠢᠯᠡᠬᠦ ᠶᠢᠨ ᠬᠠᠮᠲᠤ ᠬᠠᠮᠢᠶ᠎ᠠ ᠪᠥᠬᠦᠶ ᠬᠢᠨᠠᠨ ᠬᠠᠷᠭᠤᠭᠤᠯᠤᠭᠴᠢ ᠶᠢ | ᠨᠥᠬᠦᠵᠦ ᠭᠦᠢᠴᠡᠳᠭᠡᠭᠰᠡᠨ ᠳᠠᠷᠠᠭ᠎ᠠ ᠥᠯᠥ ᠬᠥᠳᠡᠯᠬᠦ ᠬᠥᠷᠥᠩᠭᠡ ᠶᠢᠨ ᠳᠡᠩᠰᠡᠯᠡᠯᠲᠡ ᠬᠢᠨ᠎ᠠ︔ ᠪᠠᠶᠢᠭᠤᠯᠤᠭᠰᠠᠨ | ᠴᠠᠭ ᠨᠢ ᠨᠡᠯᠢᠶᠡᠳ ᠡᠷᠲᠡ ᠵᠡᠷᠭᠡ ᠰᠢᠯᠲᠠᠭᠠᠨ ᠠᠴᠠ ᠪᠣᠯᠵᠤ ᠨᠥᠬᠦᠪᠥᠷᠢᠯᠡᠨ ᠭᠦᠢᠴᠡᠳᠬᠡᠬᠦ ᠬᠠᠭᠤᠳᠠᠰᠤ ᠪᠠᠶᠢᠬᠤ | ᠦᠭᠡᠶ ᠪᠤᠯ᠂ ᠣᠳᠣ ᠶᠢᠨ ᠬᠡᠷᠡᠭᠵᠢᠭᠦᠯᠵᠦ ᠪᠠᠶᠢᠭ᠎ᠠ ᠬᠤᠲᠠ ︵ᠪᠠᠯᠭᠠᠰᠤ︶ ᠶᠢᠨ ᠶᠡᠷᠦᠩᠬᠡᠶ ᠲᠥᠯᠥᠪᠵᠢᠭᠦᠯᠭᠡ ᠳᠤ | ᠨᠡᠶᠢᠴᠡᠭᠰᠡᠨ ᠤᠷᠢᠲᠠᠯ ᠳᠣᠣᠷ᠎ᠠ᠂ ᠲᠤᠬᠠᠶ ᠶᠢᠨ ᠭᠠᠵᠠᠷ ᠤᠨ ᠬᠥᠮᠦᠰ ᠲᠤ ᠠᠷᠠᠳ ᠤᠨ ᠶᠠᠪᠤᠳᠠᠯ ᠤᠨ ᠮᠡᠳᠡᠭᠦᠯᠦᠯᠲᠡ | ᠬᠢᠨ᠎ᠡ᠃ ᠵᠠᠰᠠᠭ ᠤᠨ ᠣᠷᠳᠣᠨ ᠵᠥᠪᠰᠢᠶᠡᠷᠡᠭᠰᠡᠨ ᠤ ᠲᠠᠷᠠᠭ᠎ᠠ᠂ ᠪᠠᠶᠢᠭᠠᠯᠢ ᠶᠢᠨ ᠡᠬᠢ ᠪᠠᠶᠠᠯᠢᠭ ᠤᠨ ᠡᠷᠬᠢᠯᠡᠨ | ᠬᠠᠮᠢᠶᠠᠷᠬᠤ ᠰᠠᠯᠠᠭ᠎ᠠ ᠮᠥᠴᠢᠷ ᠠᠴᠠ ᠣᠳᠣᠬᠢ ᠪᠠᠶᠢᠳᠠᠯ ᠢ ᠦᠨᠳᠦᠰᠦᠯᠡᠨ ᠮᠠᠭᠠᠳᠯᠠᠨ ᠲᠣᠭᠲᠠᠭᠠᠭᠰᠠᠨ ᠪᠤᠶᠤ ᠬᠢᠨᠠᠨ | ᠬᠠᠷᠭᠤᠭᠤᠯᠤᠭᠰᠠᠨ ᠰᠠᠨᠠᠯ ᠭᠠᠷᠭᠠᠨ᠎ᠠ᠃ ᠨᠡᠶᠢᠯᠡᠮᠡᠯ ᠬᠤᠲᠠ ︵ᠪᠠᠯᠭᠠᠰᠤ︶ ᠶᠢᠨ ᠶᠡᠷᠦᠩᠬᠡᠶ ᠲᠥᠯᠥᠪᠵᠢᠭᠦᠯᠭᠡ ᠳᠤ | ᠨᠡᠶᠢᠴᠡᠬᠦ ᠦᠭᠡᠢ ᠭᠡᠪᠡᠴᠦ ᠠᠯᠪᠠᠳᠠᠯᠭ᠎ᠠ ᠶᠢᠨ ᠴᠢᠨᠠᠷᠲᠠᠶ ᠠᠭᠤᠯᠭ᠎ᠠ ᠶᠢ ᠵᠥᠷᠢᠴᠡᠭᠰᠡᠨ ᠦᠭᠡᠶ ᠪᠠᠶᠢᠪᠠᠯ᠂ ᠲᠤᠬᠠᠶ ᠶᠢᠨ | ᠭᠠᠵᠠᠷ ᠤᠨ ᠬᠥᠮᠦᠰ ᠲᠤ ᠠᠷᠠᠳ ᠤᠨ ᠶᠠᠪᠤᠳᠠᠯ ᠤᠨ ᠮᠡᠳᠡᠭᠦᠯᠦᠯᠲᠡ ᠬᠢᠯᠭᠡᠨ᠎ᠡ᠃ ᠵᠠᠰᠠᠭ ᠤᠨ ᠣᠷᠳᠣᠨ | ᠵᠥᠪᠰᠢᠶᠡᠷᠡᠭᠰᠡᠨ ᠤ ᠲᠠᠷᠠᠭ᠎ᠠ᠂ ᠪᠠᠶᠢᠭᠠᠯᠢ ᠶᠢᠨ ᠡᠬᠢ ᠪᠠᠶᠠᠯᠢᠭ ᠤᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠠᠴᠠ | ᠲᠥᠯᠥᠪᠵᠢᠭᠦᠯᠭᠡ ᠶᠢ ᠬᠢᠨᠠᠨ ᠬᠠᠷᠭᠤᠭᠤᠯᠤᠭᠰᠠᠨ ᠰᠠᠨᠠᠯ ᠭᠠᠷᠭᠠᠨ᠎ᠠ᠃ ᠲᠥᠯᠥᠪᠵᠢᠭᠦᠯᠭᠡ ᠳᠤ ᠨᠡᠶᠢᠴᠡᠵᠦ᠂ | ᠬᠡᠷᠡᠭᠯᠡᠯᠲᠡ ᠶᠢ ᠬᠤᠪᠢᠷᠠᠭᠤᠯᠤᠭᠰᠠᠨ ᠤᠷᠢᠲᠠᠯ ᠳᠣᠣᠷ᠎ᠠ᠂ ᠪᠠᠢᠭᠠᠯᠢ ᠶᠢᠨ ᠡᠬᠢ ᠪᠠᠶᠠᠯᠢᠭ ᠤᠨ ᠡᠷᠬᠢᠯᠡᠨ ᠬᠠᠮᠢᠶᠠᠷᠬᠤ | ᠰᠠᠯᠠᠭ᠎ᠠ ᠮᠥᠴᠢᠷ ᠠᠴᠠ ᠲᠥᠯᠥᠪᠵᠢᠭᠦᠯᠭᠡ ᠶᠢ ᠬᠢᠨᠠᠨ ᠪᠠᠢᠴᠠᠭᠠᠭᠰᠠᠨ ᠰᠠᠨᠠᠯ ᠢ ᠭᠠᠷᠭᠠᠵᠤ ᠥᠭᠭᠦᠨ᠎ᠡ᠃ ᠠᠵᠤ | ᠦᠢᠯᠡᠳᠪᠦᠷᠢ ᠳᠤ ᠬᠡᠷᠡᠭᠯᠡᠬᠦ ᠭᠠᠵᠠᠷ ᠤᠨ ᠭᠠᠵᠠᠷ ᠰᠢᠷᠣᠶ ᠶᠢᠨ ᠠᠰᠢᠭᠯᠠᠯᠲᠠ ᠶᠢᠨ ᠨᠤᠷᠮ᠎ᠠ ᠶᠢ ᠳᠡᠭᠡᠭᠰᠢᠯᠡᠭᠦᠯᠦᠭᠰᠡᠨ | ᠪᠠ ᠪᠠᠭᠲᠠᠭᠠᠮᠵᠢ ᠶᠢᠨ ᠨᠤᠷᠮ᠎ᠠ ᠶᠢ ᠨᠡᠮᠡᠭᠳᠡᠭᠦᠯᠦᠭᠰᠡᠨ ᠪᠠᠶᠢᠪᠠᠯ᠂ ᠭᠠᠵᠠᠷ ᠰᠢᠷᠣᠶ ᠶᠢᠨ ᠦᠨ᠎ᠡ ᠶᠢᠨ ᠵᠣᠭᠤᠰ ᠢ | ᠲᠠᠬᠢᠵᠦ ᠨᠡᠮᠡᠭᠳᠡᠭᠦᠯᠬᠦ ᠦᠭᠡᠢ᠃ | ︵ᠬᠤᠶᠠᠷ︶ ᠭᠠᠵᠠᠷ ᠬᠡᠷᠡᠭᠯᠡᠬᠦ ᠭᠠᠷ ᠭᠦᠢᠴᠡᠳᠬᠡᠯ | 1. ᠭᠠᠵᠠᠷ ᠰᠢᠷᠣᠶ ᠶᠢᠨ ᠬᠠᠩᠭᠠᠯᠭ᠎ᠠ ᠠᠴᠠ ᠪᠤᠯᠵᠤ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠠ ᠶᠢ | ᠨᠥᠯᠥᠭᠡᠯᠡᠭᠰᠡᠨ ᠪᠠᠶᠢᠪᠠᠯ᠂ ᠣᠷᠣᠨ ᠨᠤᠲᠤᠭ ᠤᠨ ᠪᠣᠳᠠᠲᠤ ᠪᠠᠶᠢᠳᠠᠯ ᠵᠢᠴᠢ ᠲᠦᠷᠦᠯ ᠵᠦᠢᠯ ᠢ ᠪᠥᠲᠥᠭᠡᠨ ᠪᠠᠶᠢᠭᠤᠯᠬᠤ | ᠦᠶ᠎ᠡ ᠶᠢᠨ ᠲᠥᠷᠥ ᠶᠢᠨ ᠪᠣᠳᠣᠯᠭ᠎ᠠ ᠶᠢᠨ ᠲᠣᠭᠲᠠᠭᠠᠯ ᠢᠶᠠᠷ ᠭᠠᠵᠠᠷ ᠰᠢᠷᠣᠶ ᠬᠠᠩᠭᠠᠬᠤ ᠭᠠᠷ ᠭᠦᠢᠴᠡᠳᠭᠡᠯ ᠢ ᠨᠥᠬᠦᠨ | ᠭᠦᠢᠴᠡᠳᠭᠡᠵᠦ᠂ ᠠᠳᠠᠯᠢ ᠪᠤᠰᠤ ᠴᠠᠭ ᠬᠤᠭᠤᠴᠠᠭ᠎ᠠ᠂ ᠠᠳᠠᠯᠢ ᠪᠤᠰᠤ ᠲᠥᠷᠥᠯ ᠬᠡᠯᠪᠡᠷᠢ ᠶᠢ ᠦᠨᠳᠦᠰᠦᠯᠡᠨ | ᠰᠢᠯᠵᠢᠭᠦᠯᠦᠨ ᠥᠭᠬᠦ᠂ ᠬᠡᠯᠡᠯᠴᠡᠭᠡᠷ ᠢᠶᠠᠷ ᠰᠢᠯᠵᠢᠭᠦᠯᠦᠨ ᠥᠭᠬᠦ ᠵᠡᠷᠭᠡ ᠠᠷᠭ᠎ᠠ ᠮᠠᠶ᠋ᠢᠭ ᠢᠶᠠᠷ ᠭᠦᠢᠴᠡᠳᠭᠡᠨ᠎ᠡ᠃ | ᠨᠢᠭᠡᠨᠲᠡ ᠭᠡᠷ ᠪᠠᠶᠢᠰᠢᠩ ᠤᠨ ᠥᠮᠴᠢᠯᠡᠯ ᠤᠨ ᠡᠷᠬᠡ ᠶᠢᠨ ᠳᠠᠩᠰᠠᠯᠠᠯᠲᠠ ᠬᠢᠯᠭᠡᠭᠰᠡᠨ ᠪᠠᠶᠢᠪᠠᠯ᠂ ᠵᠠᠷᠯᠠᠨ ᠨᠡᠶᠢᠲᠡᠯᠡᠭᠰᠡᠨ | ᠡᠷᠬᠡ ᠶᠢᠨ ᠬᠠᠷᠢᠶᠠᠯᠠᠯ ᠨᠢ ᠲᠣᠳᠣᠷᠬᠠᠶ ᠪᠥᠭᠡᠳ ᠮᠠᠷᠭᠤᠭᠠᠨ ᠦᠭᠡᠢ ᠪᠠᠶᠢᠪᠠᠯ᠂ ᠣᠷᠣᠨ ᠨᠤᠲᠤᠭ ᠤᠨ ᠠᠷᠠᠳ ᠤᠨ | ᠵᠠᠰᠠᠭ ᠤᠨ ᠣᠷᠳᠣᠨ ᠳᠤ ᠮᠡᠳᠡᠭᠦᠯᠦᠨ ᠵᠥᠪᠰᠢᠶᠡᠷᠡᠭᠦᠯᠦᠭᠡᠳ᠂ ᠰᠢᠭᠤᠳ ᠣᠳᠣᠬᠢ ᠪᠠᠶᠢᠳᠠᠯ ᠢ ᠦᠨᠳᠦᠰᠦᠯᠡᠨ | ᠬᠡᠷᠡᠭᠯᠡᠬᠦ ᠭᠠᠵᠠᠷ ᠢ ᠬᠤᠪᠢᠶᠠᠷᠢᠯᠠᠨ ᠰᠠᠯᠭᠠᠵᠤ ᠥᠭᠬᠦ ᠲᠣᠭᠲᠠᠭᠠᠯ ᠤᠨ ᠪᠢᠴᠢᠭ ᠪᠤᠶᠤ ᠬᠡᠯᠡᠯᠴᠡᠭᠡᠷ ᠢ ᠰᠢᠯᠵᠢᠭᠦᠯᠦᠨ | ᠥᠭᠬᠦ ᠭᠠᠷ ᠭᠦᠢᠴᠡᠳᠬᠡᠯ ᠢ ᠨᠥᠬᠦᠪᠥᠷᠢᠯᠡᠨ ᠭᠦᠢᠴᠡᠳᠬᠡᠨ᠎ᠡ᠃ | 2. ᠤᠯᠤᠰ ᠤᠨ ᠥᠮᠴᠢᠯᠡᠯ ᠤᠨ ᠭᠠᠵᠠᠷ ᠰᠢᠷᠣᠶ ᠬᠡᠷᠡᠭᠯᠡᠬᠦ ᠦᠨᠡᠮᠯᠡᠯ ᠢ ᠨᠢᠭᠡᠨᠲᠡ ᠣᠯᠤᠭᠰᠠᠨ ᠪᠣᠯᠪᠠᠴᠤ | ᠪᠦᠲᠦᠭᠡᠨ ᠪᠠᠶᠢᠭᠤᠯᠤᠯᠲᠠ ᠶᠢᠨ ᠨᠢᠭᠡᠴᠢ ᠶᠢᠨ ᠬᠡᠷᠡᠭᠯᠡᠬᠦ ᠭᠠᠵᠠᠷ ᠤᠨ ᠰᠢᠨᠵᠢ ᠴᠢᠨᠠᠷ ᠢ ᠬᠤᠪᠢᠷᠠᠭᠤᠯᠤᠭᠰᠠᠨ ᠲᠥᠷᠥᠯ | ᠵᠦᠢᠯ᠂ ᠪᠥᠲᠥᠭᠡᠨ ᠪᠠᠶᠢᠭᠤᠯᠤᠯᠲᠠ ᠶᠢᠨ ᠨᠢᠭᠡᠴᠢ ᠬᠠᠤᠯᠢ ᠲᠣᠭᠲᠠᠭᠠᠯ ᠶᠣᠰᠣᠭᠠᠷ ᠭᠠᠵᠠᠷ ᠰᠢᠷᠣᠶ ᠶᠢ ᠬᠢᠮᠳᠠ ᠪᠠᠷ | ᠬᠤᠳᠠᠯᠳᠤᠭᠰᠠᠨ ᠠᠰᠢᠭ ᠣᠷᠣᠯᠭ᠎ᠠ ᠪᠠ ᠭᠠᠶᠢᠯᠢ ᠰᠦᠢᠳᠭᠡᠯ ᠢ ᠲᠤᠰᠢᠶᠠᠭᠰᠠᠨ ᠤ ᠳᠠᠷᠠᠭ᠎ᠠ᠂ ᠣᠲᠣ ᠶᠢᠨ | ᠬᠡᠷᠡᠭᠵᠢᠭᠦᠯᠵᠦ ᠪᠠᠶᠢᠭ᠎ᠠ ᠬᠤᠲᠠ ︵ᠪᠠᠯᠭᠠᠰᠤ︶ ᠶᠢᠨ ᠲᠥᠯᠥᠪᠵᠢᠭᠦᠯᠭᠡ ᠳᠤ ᠨᠡᠶᠢᠴᠡᠭᠰᠡᠨ ᠪᠤᠶᠤ ᠬᠤᠲᠠ ︵ᠪᠠᠯᠭᠠᠰᠤ | ︶ ᠶᠢᠨ ᠶᠡᠷᠦᠩᠬᠡᠶ ᠲᠥᠯᠥᠪᠵᠢᠭᠦᠯᠭᠡ ᠳᠤ ᠨᠡᠶᠢᠴᠡᠬᠦ ᠦᠭᠡᠶ ᠪᠣᠯᠪᠠᠴᠤ ᠠᠯᠪᠠᠳᠠᠯᠭ᠎ᠠ ᠶᠢᠨ ᠴᠢᠨᠠᠷᠲᠠᠶ ᠠᠭᠤᠯᠭ᠎ᠠ ᠠᠴᠠ | ᠵᠥᠷᠢᠴᠡᠬᠦ ᠦᠭᠡᠶ᠂ ᠪᠤᠰᠤᠳ ᠰᠠᠭᠤᠭᠠᠯᠢ ᠠᠷᠠᠳ ᠤᠨ ᠦᠢᠯᠡᠳᠪᠦᠷᠢᠯᠡᠯ ᠠᠮᠢᠳᠤᠷᠠᠯ ᠢ ᠨᠥᠯᠥᠭᠡᠯᠡᠭᠰᠡᠨ ᠤᠷᠢᠲᠠᠯ | ᠳᠣᠣᠷ᠎ᠠ᠂ ᠪᠠᠶᠢᠭᠠᠯᠢ ᠶᠢᠨ ᠡᠬᠢ ᠪᠠᠶᠠᠯᠢᠭ ᠤᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠠᠴᠠ ᠬᠡᠷᠡᠭᠯᠡᠯᠲᠡ ᠶᠢ | ᠬᠤᠪᠢᠷᠠᠭᠤᠯᠬᠤ ᠪᠠ ᠭᠠᠵᠠᠷ ᠰᠢᠷᠣᠶ ᠶᠢᠨ ᠬᠡᠷᠡᠭᠯᠡᠯᠲᠡ ᠶᠢ ᠬᠤᠪᠢᠷᠠᠭᠤᠯᠬᠤ ᠭᠠᠷ ᠭᠦᠢᠴᠡᠳᠬᠡᠯ ᠶᠢ ᠭᠦᠢᠴᠡᠳᠬᠡᠨ᠎ᠡ᠃ | ︵ᠭᠤᠷᠪᠠ︶ ᠪᠠᠷᠢᠯᠭ᠎ᠠ ᠳᠠᠭᠤᠰᠤᠭᠰᠠᠨ ᠢ ᠰᠢᠯᠭᠠᠨ ᠠᠪᠴᠤ ᠳᠠᠩᠰᠠᠯᠠᠭᠤᠯᠬᠤ ᠭᠠᠷᠳᠠᠮ | ᠪᠠᠷᠢᠯᠭ᠎ᠠ ᠶᠢᠨ ᠠᠵᠢᠯ ᠤᠨ ᠪᠠᠷᠢᠯᠭ᠎ᠠ ᠶᠢᠨ ᠠᠵᠢᠯ ᠤᠨ ᠵᠥᠪᠰᠢᠶᠡᠷᠡᠯ ᠤᠨ ᠦᠨᠡᠮᠯᠡᠯ ᠠᠪᠤᠭᠠᠳᠤᠶ ᠨᠢᠭᠡᠨᠲᠡ | ᠠᠵᠢᠯ ᠳᠠᠭᠤᠰᠤᠭᠰᠠᠨ ᠵᠦᠢᠯᠡᠰ᠂ ᠪᠠᠷᠢᠯᠭ᠎ᠠ ᠶᠢᠨ ᠠᠵᠢᠯ ᠤᠨ ᠮᠡᠷᠭᠡᠵᠢᠯ ᠤᠨ ᠮᠠᠲ᠋ᠧᠷᠢᠶᠠᠯ ᠨᠢ ᠦᠨᠳᠦᠰᠦᠨ ᠳᠡᠭᠡᠨ | ᠪᠦᠷᠢᠨ ᠭᠦᠢᠴᠡᠳ ᠪᠠᠶᠢᠵᠤ᠂ ᠪᠠᠷᠢᠯᠭ᠎ᠠ ᠳᠠᠭᠤᠰᠤᠭᠰᠠᠨ ᠢ ᠰᠢᠯᠭᠠᠨ ᠠᠪᠬᠤ ᠵᠢᠷᠤᠮ ᠢ ᠭᠦᠢᠴᠡᠳᠬᠡᠭᠰᠡᠨ ᠦᠭᠡᠢ ᠠᠴᠠ | ᠪᠤᠯᠵᠤ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠠ ᠶᠢ ᠨᠥᠯᠥᠭᠡᠯᠡᠭᠰᠡᠨ ᠪᠠᠶᠢᠪᠠᠯ᠂ ᠪᠦᠳᠦᠭᠡᠨ ᠪᠠᠶᠢᠭᠤᠯᠬᠤ | ᠨᠢᠭᠡᠴᠢ ᠬᠢᠷᠢ ᠬᠡᠮ ᠲᠠᠢ ᠰᠢᠯᠭᠠᠨ ᠪᠠᠶᠢᠴᠠᠭᠠᠵᠤ ᠬᠢᠨᠠᠨ ᠲᠣᠭᠲᠠᠭᠠᠬᠤ ᠪᠠᠶᠢᠭᠤᠯᠤᠮᠵᠢ ᠶᠢ ᠵᠣᠬᠢᠶᠠᠨ ᠪᠠᠶᠢᠭᠤᠯᠤᠨ | ᠰᠢᠯᠭᠠᠨ ᠲᠣᠭᠲᠠᠭᠠᠯᠲᠠ ᠬᠢᠯᠭᠡᠵᠦ᠂ ᠰᠢᠯᠭᠠᠨ ᠪᠠᠶᠢᠴᠠᠭᠠᠬᠤ ᠪᠠ ᠪᠦᠲᠦᠴᠡ ᠶᠢᠨ ᠠᠮᠤᠷ ᠲᠦᠪᠰᠢᠨ ᠢ ᠬᠢᠨᠠᠨ | ᠲᠣᠭᠲᠠᠭᠠᠬᠤ ᠪᠠᠷ ᠳᠡᠮᠵᠢᠨ᠂ ᠬᠡᠷᠡᠭᠯᠡᠬᠦ ᠴᠢᠳᠠᠮᠵᠢ ᠶᠢ ᠬᠠᠩᠭᠠᠵᠤ᠂ ᠬᠠᠤᠯᠢ ᠳᠤ ᠲᠣᠭᠲᠠᠭᠠᠭᠰᠠᠨ ᠨᠥᠬᠦᠴᠡᠯ ᠳᠤ | ᠨᠡᠢᠴᠡᠭᠰᠡᠨ ᠪᠠᠶᠢᠪᠠᠯ᠂ ᠬᠢᠨᠠᠨ ᠲᠣᠭᠲᠠᠭᠠᠯᠲᠠ ᠳᠤ ᠬᠢᠷᠢ ᠲᠡᠩᠴᠡᠭᠰᠡᠨ ᠤ ᠳᠠᠷᠠᠭ᠎ᠠ ᠲᠥᠷᠥᠯ ᠵᠦᠢᠯ ᠤᠨ ᠬᠢᠨᠠᠨ | ᠬᠠᠮᠢᠶᠠᠷᠤᠯᠲᠠ ᠶᠢ ᠬᠠᠷᠢᠭᠤᠴᠠᠭᠰᠠᠨ ᠪᠠᠷᠢᠯᠭ᠎ᠠ ᠶᠢᠨ ᠰᠠᠯᠠᠭ᠎ᠠ ᠮᠥᠴᠢᠷ ᠠᠴᠠ ᠪᠥᠲᠥᠭᠡᠨ ᠪᠠᠶᠢᠭᠤᠯᠤᠯᠲᠠ ᠶᠢᠨ | ᠪᠠᠷᠢᠯᠭ᠎ᠠ ᠶᠢᠨ ᠠᠵᠢᠯ ᠳᠠᠭᠤᠰᠤᠭᠰᠠᠨ ᠢ ᠰᠢᠯᠭᠠᠨ ᠠᠪᠴᠤ ᠳᠠᠩᠰᠠᠯᠠᠭᠤᠯᠬᠤ ᠭᠠᠷ ᠬᠦᠢᠴᠡᠳᠭᠡᠯ ᠭᠠᠷᠭᠠᠵᠦ ᠦᠭᠴᠦ᠂ | ᠭᠠᠯ ᠤᠨᠳᠠᠷᠠᠭᠠᠬᠤ ᠰᠢᠯᠭᠠᠨ ᠠᠪᠤᠯᠲᠠ ︵ᠳᠠᠩᠰᠠᠯᠠᠭᠤᠯᠬᠤ︶ ᠬᠢᠭᠰᠡᠨ ᠦᠭᠡᠶ ᠪᠠᠷᠢᠯᠭ᠎ᠠ ᠶᠢᠨ ᠵᠦᠢᠯᠡᠰ ᠨᠢ | ᠰᠢᠨ᠎ᠡ ᠪᠠᠷ ᠪᠠᠶᠢᠭᠤᠯᠬᠤ ᠵᠦᠢᠯᠡᠰ ᠲᠤ ᠲᠣᠭᠠᠴᠠᠭᠳᠠᠪᠠᠯ᠂ ︽ᠪᠦᠳᠦᠭᠡᠨ ᠪᠠᠶᠢᠭᠤᠯᠤᠯᠲᠠ ᠶᠢᠨ ᠪᠠᠷᠢᠯᠭ᠎ᠠ ᠶᠢᠨ ᠭᠠᠯ | ᠰᠡᠷᠭᠡᠶᠢᠯᠡᠨ ᠤᠨᠲᠠᠷᠠᠭᠠᠬᠤ ᠵᠢᠷᠤᠭ ᠲᠥᠯᠥᠪᠯᠡᠭᠡ ᠶᠢᠨ ᠪᠠᠶᠢᠴᠠᠭᠠᠨ ᠰᠢᠯᠭᠠᠵᠤ ᠬᠤᠷᠢᠶᠠᠬᠤ ᠬᠠᠮᠢᠶᠠᠷᠤᠯᠲᠠ ᠶᠢᠨ ᠲᠦᠷ | ᠬᠡᠷᠡᠭᠵᠢᠭᠦᠯᠬᠦ ᠲᠣᠭᠲᠠᠭᠠᠯ︾ ︵ᠣᠷᠣᠨ ᠰᠠᠭᠤᠴᠠ ᠪᠠ ᠬᠤᠳᠠ ᠬᠥᠳᠡᠭᠡ ᠶᠢᠨ ᠪᠦᠳᠦᠭᠡᠨ ᠪᠠᠶᠢᠭᠤᠯᠤᠯᠲᠠ ᠶᠢᠨ | ᠶᠠᠮᠤᠨ ᠤ ᠵᠠᠷᠯᠢᠭ 51 ᠳ᠋ᠤᠭᠡᠷ ᠲᠣᠭᠠᠲᠤ︶ ᠬᠠᠤᠯᠢ ᠲᠣᠭᠲᠠᠭᠠᠯ ᠶᠣᠰᠣᠭᠠᠷ ᠰᠢᠢᠳᠪᠦᠷᠢᠯᠡᠨ᠎ᠡ᠂ ᠦᠯᠡᠳᠡᠭᠳᠡᠵᠦ | ᠢᠷᠡᠭᠰᠡᠨ ᠠᠰᠠᠭᠤᠳᠠᠯ ᠤᠨ ᠲᠥᠷᠥᠯ ᠵᠦᠢᠯ ᠳᠤ ᠬᠠᠷᠢᠶᠠᠯᠠᠭᠳᠠᠪᠠᠯ᠂ ᠥᠪᠡᠷᠲᠡᠭᠡᠨ ᠵᠠᠰᠠᠬᠤ ᠣᠷᠣᠨ ᠤ ᠣᠷᠣᠨ | ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠢᠩᠬᠢᠮ ᠵᠡᠷᠭᠡ 17 ᠲᠢᠩᠬᠢᠮ | ᠲᠣᠪᠴᠢᠶ᠎ᠠ ᠶᠢᠨ ᠶᠣᠰᠣᠭᠠᠷ ︽︽ᠪᠥᠬᠦ ᠠᠶᠢᠮᠠᠭ ᠤᠨ ᠪᠥᠲᠥᠭᠡᠨ ᠪᠠᠶᠢᠭᠤᠯᠤᠯᠲᠠ ᠶᠢᠨ ᠪᠠᠷᠢᠯᠭ᠎ᠠ ᠶᠢᠨ ᠭᠠᠯ | ᠤᠨᠲᠠᠷᠠᠭᠠᠬᠤ ᠵᠢᠷᠤᠭ ᠲᠥᠯᠥᠪᠯᠡᠭᠡ ᠶᠢ ᠬᠢᠨᠠᠨ ᠪᠠᠶᠢᠴᠠᠭᠠᠵᠤ ᠰᠢᠯᠭᠠᠨ ᠠᠪᠬᠤ ᠳᠤ ᠦᠯᠡᠳᠡᠭᠡᠭᠰᠡᠨ ᠲᠥᠷᠥᠯ | ᠵᠦᠶ᠋ᠯ ᠤᠨ ᠠᠰᠠᠭᠤᠳᠠᠯ ᠤᠨ ᠡᠮᠬᠢᠳᠬᠡᠯ ᠢ ᠭᠦᠨᠵᠡᠭᠡᠶ ᠥᠷᠨᠢᠭᠦᠯᠦᠨ᠎ᠡ | ᠲᠥᠪ ᠤᠨ ᠴᠡᠭᠴᠡᠯᠡᠨ ᠵᠠᠰᠠᠬᠤ ᠲᠤᠰᠬᠠᠶ ᠠᠵᠢᠯᠯᠠᠭ᠎ᠠ ᠶᠢᠨ ᠲᠥᠰᠦᠯ ᠤᠨ ᠮᠡᠳᠡᠭᠳᠡᠯ︾ ︵ᠥᠪᠥᠷ | ᠪᠥᠲᠥᠭᠡᠨ ᠪᠠᠶᠢᠭᠤᠯᠤᠯᠲᠠ ﹇2021﹈ 155 ᠳ᠋ᠤᠭᠠᠷ ᠲᠣᠭᠠᠲᠤ︶ ᠳᠤ ᠭᠦᠢᠴᠡᠳᠭᠡᠬᠦ ᠪᠠᠷ ᠲᠣᠭᠲᠠᠭᠠᠪᠠ᠃ | ︵ᠲᠥᠷᠪᠡ︶ ᠬᠠᠮᠢᠶ᠎ᠠ ᠪᠥᠬᠦᠢ ᠵᠠᠷᠤᠳᠠᠯ ᠢ ᠭᠦᠢᠴᠡᠳᠬᠡᠬᠦ | ᠲᠣᠰ ᠲᠥᠰᠦᠯ ᠤᠨ ᠬᠡᠪᠴᠢᠶ᠎ᠡ ᠪᠠ ᠨᠥᠬᠦᠴᠡᠯ ᠳᠤ ᠨᠡᠶᠢᠴᠡᠬᠦ ᠠᠵᠤ ᠠᠬᠤᠶᠢᠯᠠᠯ ᠤᠳ ᠭᠠᠵᠠᠷ ᠰᠢᠷᠣᠶ ᠶᠢ | ᠰᠢᠯᠵᠢᠭᠦᠯᠦᠨ ᠬᠤᠳᠠᠯᠳᠤᠬᠤ ᠮᠥᠩᠭᠦ᠂ ᠬᠤᠲᠠ ᠶᠢᠨ ᠰᠠᠭᠤᠷᠢ ᠪᠡᠯᠡᠳᠬᠡᠮᠵᠢ ᠶᠢᠨ ᠢᠵᠢ ᠪᠦᠷᠢᠳᠦᠭᠦᠯᠬᠦ ᠵᠠᠷᠤᠳᠠᠯ | ᠵᠡᠷᠭᠡ ᠰᠦᠢᠳᠭᠡᠯ ᠢ ᠬᠠᠤᠯᠢ ᠲᠣᠭᠲᠠᠭᠠᠯ ᠶᠣᠰᠣᠭᠠᠷ ᠲᠤᠰᠢᠶᠠᠨ᠎ᠠ︔ ᠥᠪᠡᠷᠲᠡᠭᠡᠨ ᠵᠠᠰᠠᠬᠤ ᠣᠷᠣᠨ ᠤ ᠠᠷᠠᠳ ᠤᠨ | ᠠᠭᠠᠷ ᠤᠨ ᠰᠡᠷᠭᠡᠶᠢᠯᠡᠯᠲᠡ ᠶᠢᠨ ᠲᠤᠰᠬᠠᠶ ᠵᠦᠢᠯ ᠢᠶᠠᠷ ᠵᠠᠰᠠᠵᠤ ᠴᠡᠭᠴᠡᠯᠡᠨ ᠰᠠᠶᠢᠵᠢᠷᠠᠭᠤᠯᠵᠤ ᠰᠢᠢᠳᠪᠦᠷᠢᠯᠡᠬᠦ ᠡᠬᠡ | ᠲᠠᠩᠰᠠ ᠪᠠ ᠲᠤᠰᠬᠠᠶ ᠵᠦᠢᠯ ᠢᠶᠠᠷ ᠵᠠᠰᠠᠬᠤ ᠶᠢᠨ ᠬᠢᠨᠠᠨ ᠪᠤᠳᠤᠬᠤ ᠡᠬᠡ ᠲᠠᠩᠰᠠᠨ ᠳᠤ ᠵᠢᠭᠰᠠᠭᠠᠨ ᠣᠷᠣᠭᠤᠯᠤᠭᠰᠠᠨ | ᠲᠥᠷᠥᠯ ᠵᠦᠢᠯ ᠳᠤ ᠴᠢᠭᠯᠡᠭᠦᠯᠦᠨ᠂ ᠠᠷᠠᠳ ᠤᠨ ᠠᠭᠠᠷ ᠤᠨ ᠰᠡᠷᠭᠡᠶᠢᠯᠡᠯᠲᠡ ᠶᠢᠨ ᠣᠨᠳᠣᠤ ᠭᠠᠵᠠᠷ ᠲᠤ ᠪᠥᠲᠥᠭᠡᠨ | ᠪᠠᠶᠢᠭᠤᠯᠬᠤ ᠵᠠᠷᠤᠳᠠᠯ ᠢ ᠵᠣᠬᠢᠬᠤ ᠴᠡᠭᠴᠡᠯᠡᠨ ᠰᠠᠶᠢᠵᠢᠷᠠᠭᠤᠯᠬᠤ ᠵᠠᠷᠴᠢᠮ ᠪᠠ ᠰᠦᠢᠳᠭᠡᠯ ᠲᠤᠰᠢᠶᠠᠬᠤ ᠪᠠᠷᠢᠮᠵᠢᠶ᠎ᠠ | ᠶᠣᠰᠣᠭᠠᠷ ᠬᠡᠷᠡᠭᠵᠢᠭᠦᠯᠦᠨ᠎ᠡ᠃ | ︵ᠲᠠᠪᠤ︶ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠠ ᠬᠢᠯᠭᠡᠬᠦ | ᠥᠯᠥ ᠬᠥᠳᠡᠯᠬᠦ ᠬᠥᠷᠥᠩᠭᠡ ᠶᠢᠨ ᠳᠡᠩᠰᠡᠯᠡᠯᠲᠡ ᠶᠢᠨ ᠪᠠᠶᠢᠭᠤᠯᠤᠮᠵᠢ ᠨᠢ ᠠᠵᠤ ᠠᠬᠤᠶᠢᠯᠠᠯ ᠤᠨ | ᠭᠤᠶᠤᠴᠢᠯᠠᠨ ᠳᠠᠩᠰᠠᠯᠠᠭᠤᠯᠬᠤ ᠳᠤ ᠲᠤᠰᠢᠶᠠᠭᠰᠠᠨ ᠴᠢᠬᠤᠯᠠ ᠨᠥᠬᠦᠴᠡᠯ ᠤᠨ ᠮᠠᠲ᠋ᠧᠷᠢᠶᠠᠯ ᠪᠤᠶᠤ ᠡᠯ᠎ᠡ ᠬᠤᠯᠪᠣᠭᠳᠠᠯ | ᠪᠥᠬᠦᠶ ᠰᠠᠯᠠᠭ᠎ᠠ ᠮᠥᠴᠢᠷ ᠤᠨ ᠭᠠᠷᠭᠠᠭᠰᠠᠨ ᠬᠢᠨᠠᠨ ᠬᠠᠷᠭᠤᠭᠤᠯᠤᠭᠰᠠᠨ ᠰᠠᠨᠠᠯ ᠢ ᠦᠨᠳᠦᠰᠦᠯᠡᠨ᠂ ᠵᠠᠷᠤᠳᠠᠯ ᠵᠡᠷᠭᠡ | ᠬᠤᠯᠪᠣᠭᠳᠠᠯ ᠪᠥᠬᠦᠶ ᠮᠠᠲ᠋ᠧᠷᠢᠶᠠᠯ ᠢᠶᠠᠨ ᠲᠤᠰᠢᠶᠠᠵᠤ ᠳᠠᠭᠤᠰᠬᠠᠭᠠᠳ ᠥᠯᠥ ᠬᠥᠳᠡᠯᠬᠦ ᠬᠥᠷᠥᠩᠭᠡ ᠶᠢᠨ | ᠳᠡᠩᠰᠡᠯᠡᠯᠲᠡ ᠶᠢ ᠭᠦᠢᠴᠡᠳᠭᠡᠨ᠎ᠡ᠃ | ᠲᠠᠪᠤ᠂ ᠬᠠᠮᠢᠶ᠎ᠠ ᠪᠦᠬᠦᠢ ᠠᠰᠠᠭᠤᠳᠠᠯ ᠢ ᠰᠢᠢᠳᠪᠦᠷᠢᠯᠡᠬᠦ ᠰᠠᠨᠠᠯ | ︵ᠨᠢᠭᠡ︶ ᠭᠡᠷ ᠪᠠᠶᠢᠰᠢᠩ᠂ ᠭᠠᠵᠠᠷ ᠰᠢᠷᠣᠶ ᠶᠢᠨ ᠮᠡᠳᠡᠭᠡ ᠵᠠᠩᠭᠢ ᠨᠢᠭᠡᠳᠦᠯ ᠦᠭᠡᠢ ᠪᠠᠶᠢᠬᠤ ᠲᠠᠯ᠎ᠠ ᠪᠠᠷ | 1. ᠦᠯᠦ ᠬᠥᠳᠡᠯᠬᠦ ᠬᠦᠷᠦᠩᠭᠡ ᠶᠢᠨ ᠭᠡᠷ ᠪᠠᠶᠢᠰᠢᠩ᠂ ᠭᠠᠵᠠᠷ ᠰᠢᠷᠣᠶ ᠶᠢᠨ ᠬᠡᠷᠡᠭᠯᠡᠯᠲᠡ ᠨᠢ ᠤᠤᠯ ᠤᠨ | ᠬᠢᠨᠠᠨ ᠵᠥᠪᠰᠢᠶᠡᠷᠡᠭᠰᠡᠨ ᠬᠡᠷᠡᠭᠴᠡᠭᠡ ᠲᠠᠢ ᠨᠢᠭᠡᠳᠦᠯ ᠦᠭᠡᠢ ᠪᠠᠶᠢᠪᠠᠯ᠂ ᠭᠠᠵᠠᠷ ᠰᠢᠷᠣᠶ ᠶᠢᠨ ᠬᠡᠷᠡᠭᠯᠡᠯᠲᠡ ᠶᠢ | ᠬᠤᠪᠢᠷᠠᠭᠤᠯᠬᠤ ᠭᠠᠷ ᠭᠦᠢᠴᠡᠳᠬᠡᠯ ᠢ ᠬᠠᠤᠯᠢ ᠶᠣᠰᠣᠭᠠᠷ ᠬᠢᠵᠦ᠂ ᠠᠵᠤ ᠠᠬᠤᠶᠢᠯᠠᠯ ᠤᠨ ᠭᠠᠵᠠᠷ ᠰᠢᠷᠣᠶ ᠤᠯᠬᠤ | ᠦᠶ᠎ᠡ ᠶᠢᠨ ᠵᠠᠬ᠎ᠠ ᠳᠡᠯᠭᠡᠭᠦᠷ ᠤᠨ ᠦᠨᠡᠯᠡᠨ ᠵᠢᠱᠢᠭᠰᠡᠨ ᠦᠨ᠎ᠡ ᠪᠠᠷ ᠭᠠᠵᠠᠷ ᠰᠢᠷᠣᠶ ᠶᠢ ᠰᠢᠯᠵᠢᠭᠦᠯᠦᠨ | ᠬᠤᠳᠠᠯᠳᠤᠭᠰᠠᠨ ᠮᠥᠩᠭᠦ ᠶᠢᠨ ᠵᠥᠷᠢᠶᠡᠲᠦ ᠦᠨ᠎ᠡ ᠶᠢ ᠨᠥᠬᠦᠵᠦ ᠲᠤᠰᠢᠶᠠᠭᠰᠠᠨ ᠤ ᠲᠠᠷᠠᠭ᠎ᠠ᠂ ᠦᠯᠦ ᠬᠥᠳᠡᠯᠬᠦ | ᠬᠦᠷᠦᠩᠭᠡ ᠶᠢᠨ ᠲᠠᠩᠰᠠᠯᠠᠯᠳᠠ ᠬᠢᠯᠭᠡᠨ᠎ᠡ᠃ | 2. ᠤᠤᠯ ᠤᠨ ᠲᠠᠷᠠᠬᠠᠶ ᠪᠤᠲᠠᠷᠬᠠᠶ ᠳᠠᠩᠰᠠᠯᠠᠭᠤᠯᠤᠭᠰᠠᠨ ᠭᠡᠷ ᠪᠠᠶᠢᠰᠢᠩ᠂ ᠭᠠᠵᠠᠷ ᠰᠢᠷᠣᠶ ᠶᠢᠨ ᠮᠡᠳᠡᠭᠡ | ᠵᠠᠩᠭᠢ ᠨᠢ ᠨᠢᠭᠡᠳᠦᠯ ᠦᠭᠡᠢ ᠠᠴᠠ ᠪᠤᠯᠵᠤ᠂ ᠵᠦᠢᠯᠡᠰ ᠤᠨ ᠬᠡᠰᠡᠭ ᠭᠠᠵᠠᠷ ᠠᠯᠤᠰᠯᠠᠨ ᠪᠦᠳᠦᠭᠡᠨ | ᠪᠠᠶᠢᠭᠤᠯᠤᠭᠰᠠᠨ ᠨᠢ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠠ ᠶᠢ ᠨᠥᠯᠥᠭᠡᠯᠡᠭᠰᠡᠨ᠂ ᠲᠠᠷᠠᠬᠠᠶ ᠪᠤᠲᠠᠷᠬᠠᠶ | ᠳᠠᠩᠰᠠᠯᠠᠬᠤ ᠦᠶ᠎ᠡ ᠳᠤ ᠨᠢᠭᠡᠨᠲᠡ ᠲᠤᠰ ᠲᠤᠰ ᠲᠤᠨᠢ ᠳᠠᠩᠰᠠᠯᠠᠭᠤᠯᠤᠭᠰᠠᠨ ᠭᠡᠷ ᠪᠠᠶᠢᠰᠢᠩ ᠪᠠ ᠭᠠᠵᠠᠷ ᠰᠢᠷᠣᠶ ᠶᠢᠨ | ᠬᠡᠷᠡᠭᠯᠡᠯᠲᠡ ᠨᠢ ᠨᠢᠭᠡᠳᠦᠯ ᠦᠭᠡᠢ ᠦᠯᠦ ᠬᠥᠳᠡᠯᠬᠦ ᠬᠦᠷᠦᠩᠭᠡ ᠶᠢ ᠤᠤᠯ ᠤᠨ ᠲᠡᠮᠳᠡᠭᠯᠡᠭᠰᠡᠨ ᠭᠡᠷ ᠪᠠᠶᠢᠰᠢᠩ᠂ ᠭᠠᠵᠠᠷ | ᠰᠢᠷᠣᠶ ᠶᠢᠨ ᠬᠡᠷᠡᠭᠯᠡᠯᠲᠡ ᠶᠢᠨ ᠶᠣᠰᠣᠭᠠᠷ ᠦᠷᠭᠦᠯᠵᠢᠯᠡᠨ ᠲᠤᠰ ᠲᠤᠰ ᠲᠠᠩᠰᠠᠯᠠᠯᠳᠠ ᠬᠢᠨ᠎ᠠ᠃ ᠬᠠᠤᠯᠢ ᠶᠣᠰᠣᠭᠠᠷ | ᠵᠥᠪᠰᠢᠶᠡᠷᠡᠭᠦᠯᠦᠭᠰᠡᠨ ᠦᠭᠡᠢ ᠪᠣᠯ ᠨᠢᠭᠡᠨᠲᠡ ᠳᠠᠩᠰᠠᠯᠠᠭᠤᠯᠤᠭᠰᠠᠨ ᠦᠯᠦ ᠬᠥᠳᠡᠯᠬᠦ ᠬᠦᠷᠦᠩᠭᠡ ᠶᠢᠨ ᠬᠡᠷᠡᠭᠴᠡᠭᠡ ᠶᠢ | ᠬᠤᠪᠢᠷᠠᠭᠤᠯᠵᠤ ᠪᠣᠯᠬᠤ ᠦᠭᠡᠢ︔ ᠦᠢᠯᠡᠳᠪᠦᠷᠢ ᠶᠢᠨ ᠭᠡᠷ ᠪᠠᠶᠢᠰᠢᠩ᠂ ᠬᠤᠳᠠᠯᠳᠤᠭᠠᠨ ᠤ ᠲᠥᠬᠦᠭᠡᠷᠦᠮᠵᠢ ᠶᠢᠨ | ᠥᠮᠴᠢᠯᠡᠯ ᠤᠨ ᠡᠷᠬᠡ ᠶᠢ ᠤᠯᠠᠨ ᠤᠳᠠᠭ᠎ᠠ ᠰᠢᠯᠵᠢᠭᠦᠯᠦᠭᠰᠡᠨ ᠠᠴᠠ ᠪᠤᠯᠵᠤ ᠭᠠᠵᠠᠷ ᠰᠢᠷᠣᠶ ᠶᠢᠨ ᠬᠡᠷᠡᠭᠯᠡᠬᠦ ᠡᠷᠬᠡ ᠶᠢ | ᠵᠡᠷᠭᠡ ᠪᠠᠷ ᠰᠢᠯᠵᠢᠭᠦᠯᠦᠭᠰᠡᠨ ᠦᠭᠡᠢ ᠠᠴᠠ ᠪᠤᠯᠵᠤ ᠭᠡᠷ ᠪᠠᠶᠢᠰᠢᠩ᠂ ᠭᠠᠵᠠᠷ ᠰᠢᠷᠣᠶ ᠶᠢᠨ ᠡᠷᠬᠡ ᠶᠢᠨ ᠪᠡᠶᠡᠴᠢ | ᠴᠣᠭᠴᠠ ᠨᠢᠭᠡᠳᠦᠯ ᠦᠭᠡᠢ ᠪᠣᠯᠤᠭᠰᠠᠨ ᠪᠠᠶᠢᠪᠠᠯ᠂ ᠬᠢᠨᠠᠨ ᠬᠠᠷᠭᠤᠭᠤᠯᠬᠤ ᠡᠷᠬᠡ ᠶᠢᠨ ᠬᠠᠷᠢᠶᠠᠯᠠᠯ ᠤᠨ | ᠬᠠᠷᠢᠴᠠᠭ᠎ᠠ ᠶᠢᠨ ᠬᠤᠪᠢᠷᠠᠯᠲᠠ ᠨᠢ ᠲᠣᠳᠣᠷᠬᠠᠶ ᠪᠥᠭᠡᠳ ᠮᠠᠷᠭᠤᠯᠳᠤᠭᠠᠨ ᠦᠭᠡᠶ᠂ ᠡᠭᠦᠨ ᠤ ᠬᠠᠮᠲᠤ ᠣᠨᠳᠣᠣ ᠰᠠᠨᠠᠯ | ᠦᠭᠡᠶ ᠭᠡᠵᠦ ᠵᠠᠷᠯᠠᠭᠰᠠᠨ ᠪᠠᠶᠢᠪᠠᠯ᠂ ᠦᠢᠯᠡᠳᠪᠦᠷᠢ ᠶᠢᠨ ᠭᠡᠷ ᠪᠠᠶᠢᠰᠢᠩ᠂ ᠬᠤᠳᠠᠯᠳᠤᠭᠠᠨ ᠤ ᠲᠥᠬᠦᠭᠡᠷᠦᠮᠵᠢ ᠶᠢᠨ | ᠤᠳᠤ ᠶᠢᠨ ᠥᠮᠴᠢᠯᠡᠯ ᠤᠨ ᠡᠷᠬᠡᠲᠦ ᠬᠥᠮᠦᠨ ᠭᠠᠭᠴᠠ ᠲᠠᠯ᠎ᠠ ᠠᠴᠠ ᠭᠡᠷ ᠪᠠᠶᠢᠰᠢᠩ ᠭᠠᠵᠠᠷ ᠰᠢᠷᠣᠶ ᠶᠢᠨ ᠡᠷᠬᠡ ᠶᠢᠨ | ᠪᠡᠶᠡᠴᠢ ᠴᠣᠭᠴᠠ ᠶᠢᠨ ᠨᠢᠭᠡᠳᠦᠯᠲᠡᠶ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠠ ᠬᠢᠯᠭᠡᠬᠦ ᠪᠠᠷ ᠭᠤᠶᠤᠴᠢᠯᠠᠵᠤ | ᠪᠣᠯᠤᠨ᠎ᠠ᠄ ᠭᠠᠵᠠᠷ ᠰᠢᠷᠣᠶ ᠶᠢ ᠨᠢᠭᠡᠨᠲᠡ ᠳᠠᠩᠰᠠᠯᠠᠭᠤᠯᠤᠭᠠᠳ᠂ ᠭᠡᠷ ᠪᠠᠶᠢᠰᠢᠩ ᠢ ᠳᠠᠩᠰᠠᠯᠠᠭᠤᠯᠤᠭᠰᠠᠨ ᠦᠭᠡᠢ | ᠮᠥᠷᠲᠡᠭᠡᠨ ᠬᠤᠶᠠᠭᠤᠯᠠ ᠶᠢᠨ ᠬᠡᠷᠡᠭᠴᠡᠭᠡ ᠨᠢ ᠨᠢᠭᠡᠳᠦᠯ ᠦᠭᠡᠢ ᠪᠠᠶᠢᠪᠠᠯ᠂ ᠪᠠᠶᠢᠭᠠᠯᠢ ᠶᠢᠨ ᠡᠬᠢ ᠪᠠᠶᠠᠯᠢᠭ ᠤᠨ | ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠤᠨ ᠲᠥᠯᠥᠪᠵᠢᠭᠦᠯᠭᠡ ᠶᠢ ᠬᠢᠨᠠᠨ ᠬᠠᠷᠭᠤᠭᠤᠯᠤᠭᠰᠠᠨ ᠰᠠᠨᠠᠯ ᠪᠠ ᠣᠷᠣᠨ | ᠰᠠᠭᠤᠴᠠ ᠪᠠ ᠬᠤᠳᠠ ᠬᠥᠳᠡᠭᠡ ᠶᠢᠨ ᠪᠦᠳᠦᠭᠡᠨ ᠪᠠᠶᠢᠭᠤᠯᠤᠯᠲᠠ ᠶᠢᠨ ᠰᠠᠯᠠᠭ᠎ᠠ ᠮᠥᠴᠢᠷ ᠤᠨ ᠪᠠᠷᠢᠯᠭ᠎ᠠ | ᠳᠠᠭᠤᠰᠤᠭᠰᠠᠨ ᠢ ᠰᠢᠯᠭᠠᠨ ᠠᠪᠴᠤ ᠳᠠᠩᠰᠠᠯᠠᠭᠤᠯᠬᠤ ᠭᠠᠷ ᠭᠦᠢᠴᠡᠳᠬᠡᠯ ᠪᠤᠶᠤ ᠬᠢᠨᠠᠨ ᠬᠠᠷᠭᠤᠭᠤᠯᠤᠭᠰᠠᠨ ᠰᠠᠨᠠᠯ ᠢ | ᠦᠨᠳᠦᠰᠦᠯᠡᠨ᠂ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠠ ᠬᠢᠯᠭᠡᠨ᠎ᠡ︔ ᠬᠡᠷ ᠪᠠᠶᠢᠰᠢᠩ ᠪᠠ ᠭᠠᠵᠠᠷ ᠰᠢᠷᠣᠶ ᠨᠢ | ᠬᠠᠤᠯᠢ ᠶᠣᠰᠣᠨ ᠤ ᠡᠷᠬᠡ ᠶᠢᠨ ᠬᠠᠷᠢᠶᠠᠯᠠᠯ ᠤᠨ ᠢᠷᠡᠯᠲᠡ ᠲᠠᠢ ᠪᠠᠶᠢᠵᠤ᠂ ᠬᠡᠰᠡᠭ ᠭᠠᠵᠠᠷ ᠠᠯᠤᠰᠯᠠᠭᠰᠠᠨ ᠪᠥᠲᠥᠭᠡᠨ | ᠪᠠᠶᠢᠭᠤᠯᠤᠯᠲᠠ ᠨᠢ ᠵᠥᠪᠰᠢᠶᠡᠷᠡᠭᠰᠡᠨ ᠬᠡᠷᠡᠭᠯᠡᠬᠦ ᠭᠠᠵᠠᠷ ᠤᠨ ᠬᠡᠪᠴᠢᠶ᠎ᠡ ᠠᠴᠠ ᠬᠡᠲᠦᠷᠡᠭᠰᠡᠨ ᠥᠬᠡᠶ᠂ ᠬᠡᠰᠡᠭ | ᠭᠠᠵᠠᠷ ᠲᠤ ᠲᠣᠬᠢᠷᠠᠭᠤᠯᠤᠯᠲᠠ ᠬᠢᠬᠦ ᠬᠡᠷᠡᠭᠴᠡᠭᠡ ᠱᠠᠭᠠᠷᠳᠠᠯᠭ᠎ᠠ ᠥᠬᠡᠶ ᠪᠠᠶᠢᠪᠠᠯ᠂ ᠪᠠᠶᠢᠭ᠎ᠠ ᠬᠡᠰᠡᠭ ᠭᠠᠵᠠᠷ ᠤᠨ | ᠶᠣᠰᠣᠭᠠᠷ ᠲᠣᠰ ᠲᠣᠰ ᠥᠯᠥ ᠬᠥᠳᠡᠯᠬᠦ ᠬᠥᠷᠥᠩᠭᠡ ᠶᠢᠨ ᠳᠡᠩᠰᠡᠯᠡᠯᠲᠡ ᠬᠢᠯᠭᠡᠵᠦ ᠪᠣᠯᠤᠨ᠎ᠠ︔ ᠬᠡᠰᠡᠭ ᠭᠠᠵᠠᠷ ᠢ | ᠲᠣᠬᠢᠷᠠᠭᠤᠯᠬᠤ ᠬᠡᠷᠡᠭᠴᠡᠭᠡ ᠲᠠᠢ ᠪᠠᠶᠢᠪᠠᠯ᠂ ᠪᠠᠶᠢᠭᠠᠯᠢ ᠶᠢᠨ ᠡᠬᠢ ᠪᠠᠶᠠᠯᠢᠭ ᠤᠨ ᠡᠷᠬᠢᠯᠡᠨ ᠬᠠᠮᠢᠶᠠᠷᠬᠤ ᠰᠠᠯᠠᠭ᠎ᠠ | ᠮᠥᠴᠢᠷ ᠢᠶᠠᠷ ᠳᠠᠮᠵᠢᠭᠤᠯᠤᠨ ᠬᠡᠰᠡᠭ ᠭᠠᠵᠠᠷ ᠤᠨ ᠵᠠᠭᠠᠭ ᠢ ᠲᠣᠬᠢᠷᠠᠭᠤᠯᠬᠤ ᠪᠤᠶᠤ ᠬᠡᠰᠡᠭ ᠭᠠᠵᠠᠷ ᠢ ᠨᠡᠶᠢᠯᠡᠭᠦᠯᠵᠦ᠂ | ᠰᠠᠯᠭᠠᠭᠰᠠᠨ ᠤ ᠲᠠᠷᠠᠭ᠎ᠠ᠂ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠠ ᠬᠢᠯᠭᠡᠨ᠎ᠡ᠃ | ︵ᠬᠤᠶᠠᠷ︶ ᠪᠠᠷᠢᠴᠠᠭᠠᠯᠠᠬᠤ᠂ ᠪᠠᠶᠢᠴᠠᠭᠠᠨ ᠪᠢᠲᠡᠭᠦᠮᠵᠢᠯᠡᠬᠦ ᠳᠤ ᠬᠤᠯᠪᠣᠭᠳᠠᠬᠤ ᠵᠡᠷᠭᠡ ᠲᠠᠯ᠎ᠠ ᠶᠢᠨ ᠲᠤᠬᠠᠶ | ᠰᠢᠭᠦᠬᠦ ᠬᠤᠷᠢᠶ᠎ᠠ ᠪᠠᠶᠢᠴᠠᠭᠠᠨ ᠪᠢᠲᠡᠭᠦᠮᠵᠢᠯᠡᠭᠰᠡᠨ ᠠᠴᠠ ᠪᠤᠯᠵᠤ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠠ ᠶᠢ | ᠨᠥᠯᠥᠭᠡᠯᠡᠭᠰᠡᠨ᠂ ᠤᠯᠤᠰ ᠤᠨ ᠥᠮᠴᠢᠯᠡᠯ ᠤᠨ ᠪᠦᠳᠦᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠤᠨ ᠬᠡᠷᠡᠭᠯᠡᠬᠦ | ᠡᠷᠬᠡ ᠶᠢ ᠪᠠᠶᠢᠴᠠᠭᠠᠨ ᠪᠢᠲᠡᠭᠦᠮᠵᠢᠯᠡᠭᠰᠡᠨ ᠪᠤᠶᠤ ᠤᠷᠢᠳᠴᠢᠯᠠᠨ ᠪᠠᠶᠢᠴᠠᠭᠠᠨ ᠪᠢᠲᠡᠭᠦᠮᠵᠢᠯᠡᠭᠰᠡᠨ᠂ ᠭᠤᠶᠤᠴᠢᠯᠠᠭᠴᠢ ᠨᠢ | ᠪᠠᠶᠢᠴᠠᠭᠠᠨ ᠪᠢᠲᠡᠭᠦᠮᠵᠢᠯᠡᠭᠳᠡᠭᠴᠢ ᠲᠠᠢ ᠨᠢᠭᠡᠳᠦᠯᠲᠡᠶ ᠪᠠᠶᠢᠪᠠᠯ᠂ ᠤᠯᠤᠰ ᠤᠨ ᠥᠮᠴᠢᠯᠡᠯ ᠤᠨ ᠪᠦᠳᠦᠭᠡᠨ | ᠪᠠᠶᠢᠭᠤᠯᠤᠯᠲᠠ ᠳᠤ ᠬᠡᠷᠡᠭᠯᠡᠬᠦ ᠭᠠᠵᠠᠷ ᠤᠨ ᠬᠡᠷᠡᠭᠯᠡᠬᠦ ᠡᠷᠬᠡ ᠵᠢᠴᠢ ᠭᠡᠷ ᠪᠠᠶᠢᠰᠢᠩ ᠤᠨ ᠥᠮᠴᠢᠯᠡᠬᠦ ᠡᠷᠬᠡ ᠶᠢᠨ | ᠠᠩᠬᠠᠨ ᠤ ᠲᠠᠩᠰᠠᠯᠠᠯᠳᠠ ᠬᠢᠯᠭᠡᠬᠦ ᠶᠢ ᠨᠥᠯᠥᠭᠡᠯᠡᠬᠦ ᠦᠭᠡᠢ ᠪᠥᠭᠡᠳ ᠦᠯᠦ ᠬᠥᠳᠡᠯᠬᠦ ᠬᠦᠷᠦᠩᠭᠡ ᠶᠢᠨ | ᠲᠠᠩᠰᠠᠯᠠᠯᠳᠠ ᠶᠢᠨ ᠳᠡᠪᠲᠡᠷ ᠲᠤ ᠪᠠᠶᠢᠴᠠᠭᠠᠨ ᠪᠢᠲᠡᠭᠦᠮᠵᠢᠯᠡᠭᠰᠡᠨ ᠪᠠᠶᠢᠳᠠᠯ ᠢ ᠲᠣᠳᠣᠷᠬᠠᠶᠢᠯᠠᠨ᠎ᠠ᠃ ᠪᠠᠷᠢᠴᠠᠭᠠᠯᠠᠬᠤ | ᠬᠤᠭᠤᠴᠠᠭᠠᠨ ᠳᠤ ᠪᠠᠷᠢᠴᠠᠭᠠᠯᠠᠭᠴᠢ ᠨᠢ ᠪᠠᠷᠢᠴᠠᠭᠠᠯᠠᠬᠤ ᠡᠳ᠋ ᠬᠦᠷᠦᠩᠭᠡ ᠪᠠᠨ ᠰᠢᠯᠵᠢᠭᠦᠯᠦᠨ ᠥᠭᠴᠦ ᠪᠣᠯᠤᠨ᠎ᠠ᠂ | ᠲᠤᠬᠠᠶ ᠶᠢᠨ ᠬᠥᠮᠦᠨ ᠨᠢ ᠠᠰᠲᠠᠭᠠᠨ ᠪᠣᠯᠵᠣᠨ ᠲᠣᠭᠲᠠᠭᠰᠠᠨ ᠪᠠᠶᠢᠪᠠᠯ᠂ ᠪᠣᠯᠵᠣᠨ ᠲᠣᠭᠲᠠᠭᠰᠠᠨ ᠶᠣᠰᠣᠭᠠᠷ | ᠪᠠᠷᠢᠴᠠᠭᠠᠯᠠᠬᠤ ᠡᠳ᠋ ᠬᠦᠷᠦᠩᠭᠡ ᠪᠠᠨ ᠰᠢᠯᠵᠢᠭᠦᠯᠦᠨ ᠥᠭᠬᠦ ᠳᠤ ᠬᠦᠷᠪᠡᠯ᠂ ᠪᠠᠷᠢᠴᠠᠭᠠᠯᠠᠬᠤ ᠡᠷᠬᠡ ᠨᠥᠯᠥᠭᠡᠯᠡᠭᠳᠡᠬᠦ | ᠤᠢᠭᠡᠢ︔ ᠪᠠᠷᠢᠴᠠᠭᠠᠯᠠᠭᠴᠢ ᠪᠠᠷᠢᠴᠠᠭᠠᠨ ᠤ ᠡᠳ᠋ ᠬᠦᠷᠦᠩᠭᠡ ᠪᠠᠨ ᠰᠢᠯᠵᠢᠭᠦᠯᠬᠦ ᠳᠤ ᠬᠦᠷᠪᠡᠯ᠂ ᠪᠠᠷᠢᠴᠠᠭᠠᠨ ᠤ | ᠡᠷᠬᠡᠲᠦ ᠬᠥᠮᠦᠨ ᠳᠤ ᠴᠠᠭ ᠲᠤᠬᠠᠶ ᠳᠤᠨᠢ ᠮᠡᠳᠡᠭᠳᠡᠬᠦ ᠬᠡᠷᠡᠭᠲᠡᠶ᠃ | ︵ᠭᠤᠷᠪᠠ︶ ᠭᠤᠶᠤᠴᠢᠯᠠᠭᠰᠠᠨ ᠪᠡᠶᠡᠴᠢ ᠴᠣᠭᠴᠠ ᠨᠢ ᠲᠣᠳᠣᠷᠬᠠᠶ ᠦᠭᠡᠢ ᠪᠤᠶᠤ ᠳᠤᠲᠠᠭᠳᠠᠭᠰᠠᠨ | ᠲᠠᠯ᠎ᠠ ᠶᠢᠨ ᠲᠤᠬᠠᠶ | 1. ᠠᠵᠤ ᠠᠬᠤᠶᠢᠯᠠᠯ ᠤᠨ ᠤᠰᠠᠳᠴᠤ ᠭᠡᠭᠡᠭᠳᠡᠭᠰᠡᠨ ᠠᠴᠠ ᠪᠤᠯᠵᠤ ᠦᠯᠦ ᠬᠥᠳᠡᠯᠬᠦ ᠬᠦᠷᠦᠩᠭᠡ ᠶᠢᠨ | ᠳᠠᠩᠰᠠᠯᠠᠯᠲᠠ ᠶᠢ ᠨᠥᠯᠥᠭᠡᠯᠡᠭᠰᠡᠨ ᠪᠠᠶᠢᠪᠠᠯ᠂ ᠵᠠᠯᠭᠠᠮᠵᠢᠯᠠᠭᠰᠠᠨ ᠨᠢᠭᠡᠴᠢ ᠪᠤᠶᠤ ᠳᠡᠭᠡᠳᠦ ᠱᠠᠲᠤᠨ ᠤ ᠭᠤᠣᠯᠯᠠᠨ | ᠬᠠᠮᠢᠶᠠᠷᠬᠤ ᠰᠠᠯᠠᠭ᠎ᠠ ᠮᠥᠴᠢᠷ ᠲᠠᠢ ᠪᠠᠶᠢᠪᠠᠯ᠂ ᠵᠠᠯᠭᠠᠮᠵᠢᠯᠠᠬᠤ ᠨᠢᠭᠡᠴᠢ ᠪᠤᠶᠤ ᠳᠡᠭᠡᠳᠦ ᠱᠠᠲᠤᠨ ᠤ ᠭᠤᠤᠯᠴᠢᠯᠠᠨ | ᠬᠠᠮᠢᠶᠠᠷᠬᠤ ᠰᠠᠯᠠᠭ᠎ᠠ ᠮᠥᠴᠢᠷ ᠠᠴᠠ ᠭᠤᠶᠤᠴᠢᠯᠠᠬᠤ ᠭᠤᠤᠯ ᠴᠣᠭᠴᠠ ᠶᠢᠨ ᠬᠤᠪᠢ ᠪᠠᠷ ᠭᠦᠢᠴᠡᠳᠭᠡᠨ᠎ᠡ᠄ | ᠵᠠᠯᠭᠠᠮᠵᠢᠯᠠᠬᠤ ᠨᠢᠭᠡᠴᠢ ᠪᠠ ᠳᠡᠭᠡᠳᠦ ᠱᠠᠲᠤᠨ ᠤ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠪᠠᠶᠢᠬᠤ ᠥᠬᠡᠶ ᠪᠣᠯ | ᠥᠯᠥ ᠬᠥᠳᠡᠯᠬᠦ ᠬᠥᠷᠥᠩᠭᠡ ᠶᠢᠨ ᠪᠠᠶᠢᠭ᠎ᠠ ᠭᠠᠵᠠᠷ ᠤᠨ ᠬᠤᠰᠢᠭᠤ ᠰᠢᠶᠠᠨ ᠬᠤᠲᠠ ᠶᠢᠨ ᠠᠷᠠᠳ ᠤᠨ ᠵᠠᠰᠠᠭ ᠤᠨ | ᠣᠷᠳᠣᠨ ᠤ ᠵᠢᠭᠠᠨ ᠲᠣᠭᠲᠠᠭᠠᠭᠰᠠᠨ ᠪᠠᠶᠢᠭᠤᠯᠤᠮᠵᠢ ᠪᠤᠶᠤ ᠵᠣᠬᠢᠶᠠᠨ ᠪᠠᠶᠢᠭᠤᠯᠤᠯᠲᠠ ᠠᠴᠠ ᠣᠷᠣᠯᠠᠨ ᠭᠤᠶᠤᠴᠢᠯᠠᠨ | ᠭᠦᠢᠴᠡᠳᠭᠡᠵᠦ ᠪᠣᠯᠤᠨ᠎ᠠ᠂ ᠥᠯᠥ ᠬᠥᠳᠡᠯᠬᠦ ᠬᠥᠷᠥᠩᠭᠡ ᠶᠢᠨ ᠳᠡᠩᠰᠡᠯᠡᠯᠲᠡ ᠶᠢᠨ ᠪᠠᠶᠢᠭᠤᠯᠤᠮᠵᠢ ᠨᠢ ᠭᠤᠶᠤᠴᠢᠯᠠᠭᠰᠠᠨ | ᠠᠭᠤᠯᠭ᠎ᠠ ᠶᠢᠨ ᠶᠣᠰᠣᠭᠠᠷ ᠵᠠᠷᠯᠠᠨ ᠨᠡᠶᠢᠲᠡᠯᠡᠵᠦ ᠣᠨᠳᠣᠤ ᠰᠠᠨᠠᠯ ᠥᠬᠡᠶ ᠪᠣᠯᠤᠭᠰᠠᠨ ᠤ ᠳᠠᠷᠠᠭ᠎ᠠ᠂ ᠥᠯᠥ ᠬᠥᠳᠡᠯᠬᠦ | ᠬᠥᠷᠥᠩᠭᠡ ᠶᠢᠨ ᠳᠡᠩᠰᠡᠯᠡᠯᠲᠡ ᠶᠢ ᠭᠦᠢᠴᠡᠳᠭᠡᠨ᠎ᠡ᠃ ᠠᠵᠤ ᠦᠢᠯᠡᠳᠪᠦᠷᠢ ︵ᠬᠥᠮᠥᠷᠭᠡᠯᠡᠨ ᠬᠠᠳᠠᠭᠠᠯᠠᠬᠤ︶᠂ | ᠬᠤᠳᠠᠯᠳᠤᠭᠠᠨ ᠤ ᠠᠵᠤ ᠠᠬᠤᠶᠢᠯᠠᠯ ᠤᠰᠠᠳᠴᠤ ᠭᠡᠭᠡᠭᠳᠡᠭᠰᠡᠨ᠂ ᠠᠩᠬ᠎ᠠ ᠤᠳᠠᠭ᠎ᠠ ᠳᠡᠩᠰᠡᠯᠡᠨ ᠲᠡᠮᠳᠡᠭᠯᠡᠭᠦᠯᠦᠭᠰᠡᠨ | ᠥᠬᠡᠶ ᠪᠣᠯ᠂ ᠠᠩᠬ᠎ᠠ ᠤᠳᠠᠭ᠎ᠠ ᠳᠡᠩᠰᠡᠯᠡᠨ ᠲᠡᠮᠳᠡᠭᠯᠡᠭᠦᠯᠬᠦ ᠪᠠ ᠰᠢᠯᠵᠢᠭᠦᠯᠬᠦ ᠳᠡᠩᠰᠡᠯᠡᠨ ᠲᠡᠮᠳᠡᠭᠯᠡᠬᠦ ᠶᠢ ᠬᠠᠮᠲᠤ ᠳᠤᠨᠢ | ᠭᠦᠢᠴᠡᠳᠭᠡᠬᠦ ᠶᠢᠨ ᠬᠠᠮᠲᠤ ᠳᠡᠩᠰᠡᠯᠡᠨ ᠲᠡᠮᠳᠡᠭᠯᠡᠯ ᠤᠨ ᠳᠡᠪᠲᠡᠷ ᠲᠤ ᠡᠷᠬᠡ ᠶᠢᠨ ᠭᠤᠤᠯ ᠴᠣᠭᠴᠠ ᠶᠢᠨ ᠤᠰᠠᠳᠴᠤ | ᠭᠡᠭᠡᠭᠳᠡᠭᠰᠡᠨ ᠪᠠᠶᠢᠳᠠᠯ ᠢ ᠲᠡᠮᠳᠡᠭᠯᠡᠬᠦ ᠬᠡᠷᠡᠭᠲᠡᠶ︔ ᠨᠢᠭᠡᠨᠲᠡ ᠠᠩᠬ᠎ᠠ ᠤᠳᠠᠭ᠎ᠠ ᠳᠠᠩᠰᠠᠯᠠᠭᠤᠯᠬᠤ ᠶᠢ ᠭᠦᠢᠴᠡᠳᠬᠡᠭᠰᠡᠨ | ᠪᠠᠶᠢᠪᠠᠯ᠂ ᠤᠳᠤ ᠶᠢᠨ ᠡᠷᠬᠡᠲᠦ ᠬᠥᠮᠦᠨ ᠨᠢ ᠭᠠᠭᠴᠠ ᠲᠠᠯ᠎ᠠ ᠠᠴᠠ ᠰᠢᠯᠵᠢᠭᠦᠯᠬᠦ ᠳᠠᠩᠰᠠᠯᠠᠯᠲᠠ ᠬᠢᠯᠭᠡᠬᠦ ᠪᠠᠷ | ᠭᠤᠶᠤᠴᠢᠯᠠᠵᠤ ᠪᠣᠯᠤᠨ᠎ᠠ᠃ | 2. ᠡᠷᠬᠡ ᠶᠢᠨ ᠪᠡᠶᠡᠴᠢ ᠴᠣᠭᠴᠠ ᠨᠢ ᠲᠣᠳᠣᠷᠬᠠᠶ ᠦᠭᠡᠢ ᠪᠤᠶᠤ ᠳᠠᠩᠰᠠᠯᠠᠭᠤᠯᠬᠤ ᠪᠠᠷ ᠭᠤᠶᠤᠴᠢᠯᠠᠭᠰᠠᠨ | ᠪᠡᠶᠡᠴᠢ ᠴᠣᠭᠴᠠ ᠨᠢ ᠬᠤᠯᠪᠣᠭᠳᠠᠯ ᠪᠦᠬᠦᠢ ᠮᠠᠲ᠋ᠧᠷᠢᠶᠠᠯ ᠲᠠᠢ ᠨᠡᠶᠢᠴᠡᠬᠦ ᠦᠭᠡᠢ ᠦᠯᠦ ᠬᠥᠳᠡᠯᠬᠦ ᠬᠦᠷᠦᠩᠭᠡ ᠶᠢ | ᠬᠡᠷᠡᠭ ᠶᠠᠪᠤᠳᠠᠯ ᠡᠭᠦᠰᠬᠦ ᠦᠶ᠎ᠡ ᠶᠢᠨ ᠠᠵᠤ ᠠᠬᠤᠶᠢᠯᠠᠯ ᠤᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠤᠨ ᠡᠷᠬᠡ ᠶᠢᠨ | ᠪᠡᠶᠡᠴᠢ ᠴᠣᠭᠴᠠ ᠠᠴᠠ ᠮᠠᠭᠠᠳᠯᠠᠨ ᠲᠣᠭᠲᠠᠭᠠᠨ᠎ᠠ︔ ᠡᠷᠬᠡ ᠶᠢᠨ ᠪᠡᠶᠡᠴᠢ ᠴᠣᠭᠴᠠ ᠳᠤ ᠮᠠᠷᠭᠤᠯᠳᠤᠭᠠᠨ ᠲᠠᠢ᠂ | ᠵᠠᠯᠠᠷᠠᠭᠤᠯᠭ᠎ᠠ ᠲᠠᠢ ᠪᠠᠶᠢᠪᠠᠯ᠂ ᠲᠤᠬᠠᠶ ᠶᠢᠨ ᠭᠠᠵᠠᠷ ᠤᠨ ᠠᠷᠠᠳ ᠤᠨ ᠰᠢᠭᠦᠬᠦ ᠬᠤᠷᠢᠶ᠎ᠠ ᠪᠤᠶᠤ ᠬᠥᠨᠳᠡᠯᠡᠨ ᠠᠴᠠ | ᠲᠠᠰᠤᠯᠬᠤ ᠪᠠᠶᠢᠭᠤᠯᠤᠮᠵᠢ ᠠᠴᠠ ᠲᠣᠭᠲᠠᠭᠠᠯᠲᠠ ᠭᠠᠷᠭᠠᠵᠤ ᠮᠠᠭᠠᠳᠯᠠᠨ ᠲᠣᠭᠲᠠᠭᠠᠨ᠎ᠠ᠃ | 3. ᠬᠠᠤᠯᠢ ᠶᠣᠰᠣᠭᠠᠷ ᠳᠠᠩᠰᠠᠯᠠᠭᠤᠯᠤᠭᠰᠠᠨ ᠠᠵᠤ ᠠᠬᠤᠶᠢᠯᠠᠯ ᠤᠨ ᠰᠢᠯᠵᠢᠭᠦᠯᠦᠨ ᠬᠤᠳᠠᠯᠳᠤᠬᠤ ᠳᠤ | ᠬᠡᠷᠡᠭᠯᠡᠬᠦ ᠭᠠᠵᠠᠷ ᠢ ᠰᠢᠯᠵᠢᠭᠦᠯᠦᠨ ᠥᠭᠬᠦ ᠳᠤ ᠬᠦᠷᠪᠡᠯ᠂ ᠰᠢᠯᠵᠢᠭᠦᠯᠦᠨ ᠥᠭᠬᠦ ᠲᠠᠯ᠎ᠠ ᠶᠢᠨ ᠪᠡᠶᠡᠴᠢ ᠴᠣᠭᠴᠠ ᠨᠢ | ᠤᠰᠠᠳᠤᠭᠰᠠᠨ ᠪᠥᠭᠡᠳ ᠬᠠᠤᠯᠢ ᠴᠠᠭᠠᠵᠠ ᠶᠢᠨ ᠲᠣᠭᠲᠠᠭᠠᠯ ᠳᠤ ᠨᠡᠶᠢᠴᠡᠭᠰᠡᠨ ᠪᠠᠶᠢᠪᠠᠯ᠂ ᠰᠢᠯᠵᠢᠭᠦᠯᠦᠨ ᠠᠪᠬᠤ | ᠲᠠᠯ᠎ᠠ ᠨᠢ ᠰᠢᠯᠵᠢᠭᠦᠯᠦᠨ ᠥᠭᠬᠦ ᠲᠠᠯ᠎ᠠ ᠶᠢᠨ ᠤᠤᠯ ᠤᠨ ᠦᠯᠦ ᠬᠥᠳᠡᠯᠬᠦ ᠬᠦᠷᠦᠩᠭᠡ ᠶᠢᠨ ᠡᠷᠬᠡ ᠶᠢᠨ ᠦᠨᠡᠮᠯᠡᠯ᠂ | ᠰᠢᠯᠵᠢᠭᠦᠯᠦᠨ ᠥᠭᠬᠦ ᠭᠡᠷ᠎ᠡ᠂ ᠰᠢᠯᠵᠢᠭᠦᠯᠦᠨ ᠥᠭᠬᠦ ᠲᠠᠯ᠎ᠠ ᠶᠢᠨ ᠠᠯᠳᠠᠭᠰᠠᠨ ᠦᠢᠯᠡᠳᠪᠦᠷᠢ ᠬᠤᠳᠠᠯᠳᠤᠭᠠᠨ ᠤ | ᠲᠠᠩᠰᠠᠯᠠᠯᠳᠠ ᠶᠢᠨ ᠮᠡᠳᠡᠭᠡ ᠵᠠᠩᠭᠢ᠂ ᠬᠠᠷᠢᠶ᠎ᠠ ᠣᠷᠣᠨ ᠤ ᠬᠤᠰᠢᠭᠤ ᠰᠢᠶᠠᠨ ᠬᠤᠳᠠ ᠶᠢᠨ ᠠᠷᠠᠳ ᠤᠨ ᠵᠠᠰᠠᠭ ᠤᠨ | ᠣᠷᠳᠣᠨ ᠤ ᠭᠠᠷᠭᠠᠭᠰᠠᠨ ᠬᠢᠨᠠᠨ ᠬᠠᠷᠭᠤᠭᠤᠯᠤᠭᠰᠠᠨ ᠰᠠᠨᠠᠯ᠂ ᠰᠢᠯᠵᠢᠭᠦᠯᠦᠨ ᠠᠪᠬᠤ ᠲᠠᠯ᠎ᠠ ᠶᠢᠨ ᠭᠠᠶᠢᠯᠢ | ᠲᠤᠰᠢᠶᠠᠭᠰᠠᠨ ᠬᠡᠷᠡᠴᠢ ᠪᠠᠷᠢᠮᠲᠠ ᠵᠢᠴᠢ ᠦᠯᠦ ᠬᠥᠳᠡᠯᠬᠦ ᠬᠦᠷᠦᠩᠭᠡ ᠶᠢᠨ ᠡᠷᠬᠡ ᠶᠢᠨ ᠬᠠᠷᠢᠶ᠎ᠠ ᠶᠢᠨ | ᠪᠠᠶᠢᠴᠠᠭᠠᠯᠲᠠ ᠶᠢᠨ ᠮᠠᠲ᠋ᠧᠷᠢᠶᠠᠯ ᠢᠶᠠᠨ ᠠᠪᠴᠤ ᠦᠯᠦ ᠬᠥᠳᠡᠯᠬᠦ ᠬᠦᠷᠦᠩᠭᠡ ᠶᠢ ᠰᠢᠯᠵᠢᠭᠦᠯᠬᠦ ᠲᠠᠩᠰᠠᠯᠠᠯᠳᠠ ᠬᠢᠵᠦ | ᠪᠣᠯᠤᠨ᠎ᠠ᠃ | ︵ᠲᠦᠷᠪᠡ︶ ᠦᠯᠦ ᠬᠥᠳᠡᠯᠬᠦ ᠬᠦᠷᠦᠩᠭᠡ ᠶᠢ ᠬᠤᠪᠢᠶᠠᠬᠤ ᠲᠠᠯ᠎ᠠ ᠪᠠᠷ | 1. ᠬᠠᠤᠯᠢ ᠶᠣᠰᠣᠭᠠᠷ ᠳᠠᠩᠰᠠᠯᠠᠭᠤᠯᠤᠭᠰᠠᠨ ᠠᠵᠤ ᠠᠬᠤᠶᠢᠯᠠᠯ ᠤᠨ ᠬᠡᠷᠡᠭᠯᠡᠬᠦ ᠭᠠᠵᠠᠷ ᠰᠢᠷᠣᠶ᠂ ᠨᠢᠭᠡᠨᠲᠡ | ᠰᠠᠯᠭᠠᠵᠤ ᠰᠢᠯᠵᠢᠭᠦᠯᠦᠨ ᠥᠭᠭᠦᠭᠰᠡᠨ ᠪᠣᠯᠪᠠᠴᠤ ᠳᠠᠩᠰᠠᠯᠠᠭᠤᠯᠬᠤ ᠪᠠᠷ ᠬᠠᠷᠠᠬᠠᠨ ᠭᠤᠶᠤᠴᠢᠯᠠᠭᠠᠳᠤᠶ᠂ ᠰᠠᠯᠭᠠᠵᠤ | ᠰᠢᠯᠵᠢᠭᠦᠯᠦᠨ ᠥᠭᠭᠦᠭᠰᠡᠨ ᠬᠤᠶᠠᠷ ᠲᠠᠯ᠎ᠠ ᠶᠢᠨ ᠭᠠᠵᠠᠷ ᠰᠢᠷᠣᠶ ᠶᠢᠨ ᠵᠠᠭᠠᠭ ᠬᠢᠵᠠᠭᠠᠷ ᠨᠢ ᠲᠣᠳᠣᠷᠬᠠᠶ᠂ ᠪᠠᠷᠢᠯᠭ᠎ᠠ ︵ | ᠪᠠᠷᠢᠯᠭ᠎ᠠ ᠶᠢᠨ ᠵᠦᠢᠯ︶ ᠳᠤ ᠥᠮᠴᠢᠯᠡᠬᠦ ᠡᠷᠬᠡ ᠶᠢᠨ ᠵᠢᠭᠤᠷᠠᠯᠳᠤᠭᠠᠨ ᠦᠭᠡᠢ᠂ ᠬᠠᠮᠲᠤ ᠪᠠᠷ ᠬᠡᠷᠡᠭᠯᠡᠬᠦ ᠪᠠᠷᠢᠯᠭ᠎ᠠ᠂ | ᠲᠠᠯᠠᠪᠤᠷ ᠭᠠᠵᠠᠷ ᠵᠢᠴᠢ ᠤᠯᠠᠨ ᠨᠡᠶᠢᠲᠡ ᠶᠢᠨ ᠲᠥᠬᠦᠭᠡᠷᠦᠮᠵᠢ ᠵᠡᠷᠭᠡ ᠲᠠᠯ᠎ᠠ ᠪᠠᠷ ᠨᠢᠭᠡᠨᠲᠡ ᠬᠡᠯᠡᠯᠴᠡᠭᠡᠷ ᠳᠣᠭᠢᠷᠬᠠᠰᠠᠨ | ᠪᠠᠶᠢᠪᠠᠯ᠂ ᠪᠠᠶᠢᠭᠠᠯᠢ ᠶᠢᠨ ᠡᠬᠢ ᠪᠠᠶᠠᠯᠢᠭ ᠤᠨ ᠰᠠᠯᠠᠭ᠎ᠠ ᠮᠥᠴᠢᠷ᠂ ᠣᠷᠣᠨ ᠰᠠᠭᠤᠴᠠ ᠪᠠ ᠪᠦᠳᠦᠭᠡᠨ | ᠪᠠᠶᠢᠭᠤᠯᠤᠯᠲᠠ ᠶᠢᠨ ᠰᠠᠯᠠᠭ᠎ᠠ ᠮᠥᠴᠢᠷ ᠠᠴᠠ ᠣᠳᠣᠬᠢ ᠪᠠᠶᠢᠳᠠᠯ ᠢ ᠦᠨᠳᠦᠰᠦᠯᠡᠨ ᠬᠢᠨᠠᠨ ᠪᠠᠶᠢᠴᠠᠭᠠᠭᠰᠠᠨ ᠰᠠᠨᠠᠯ | ᠭᠠᠷᠭᠠᠵᠤ᠂ ᠭᠤᠶᠤᠴᠢᠯᠠᠭᠴᠢ ᠠᠴᠠ ᠬᠤᠯᠪᠣᠭᠳᠠᠯ ᠪᠦᠬᠦᠢ ᠮᠠᠲ᠋ᠧᠷᠢᠶᠠᠯ ᠢ ᠠᠪᠴᠤ᠂ ᠬᠤᠯᠪᠣᠭᠳᠠᠯ ᠪᠦᠬᠦᠢ ᠭᠠᠶᠢᠯᠢ | ᠰᠦᠢᠳᠬᠡᠯ ᠢ ᠨᠥᠬᠦᠪᠥᠷᠢᠯᠡᠨ ᠲᠤᠰᠢᠶᠠᠵᠤ᠂ ᠥᠪᠡᠰᠦᠪᠡᠨ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠡ | ᠬᠢᠯᠭᠡᠬᠦ ᠪᠠᠷ ᠭᠤᠶᠤᠴᠢᠯᠠᠨ᠎ᠠ᠃ | 2. ᠤᠯᠤᠰ ᠤᠨ ᠥᠮᠴᠢᠯᠡᠯ ᠤᠨ ᠪᠦᠳᠦᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠤᠨ ᠬᠡᠷᠡᠭᠯᠡᠬᠦ ᠡᠷᠬᠡ ᠶᠢ | ᠰᠠᠯᠭᠠᠬᠤ᠂ ᠨᠡᠶᠢᠯᠡᠭᠦᠯᠦᠨ ᠰᠢᠯᠵᠢᠭᠦᠯᠦᠨ ᠥᠭᠬᠦ ᠳᠤ ᠠᠷᠪᠢᠲᠠᠶ ᠡᠷᠴᠢᠮᠯᠢᠭ ᠠᠰᠢᠭᠯᠠᠬᠤ ᠪᠠ ᠴᠢᠨᠠᠷ ᠰᠠᠶᠢᠲᠠᠶ | ᠬᠥᠭᠵᠢᠭᠦᠯᠬᠦ ᠵᠠᠷᠴᠢᠮ ᠢ ᠵᠢᠷᠤᠮᠯᠠᠬᠤ ᠬᠡᠷᠡᠭᠲᠡᠶ᠃ ᠰᠠᠯᠭᠠᠬᠤ᠂ ᠨᠡᠶᠢᠯᠡᠭᠦᠯᠦᠭᠰᠡᠨ ᠤ ᠳᠠᠷᠠᠭ᠎ᠠ ᠭᠠᠵᠠᠷ ᠰᠢᠷᠣᠶ ᠶᠢᠨ | ᠥᠮᠴᠢᠯᠡᠬᠦ ᠡᠷᠬᠡ ᠨᠢ ᠲᠣᠳᠣᠷᠬᠠᠶ᠂ ᠲᠤᠰᠠᠭᠠᠷ ᠬᠤᠪᠢᠶᠠᠷᠢᠯᠠᠬᠤ ᠨᠥᠬᠦᠴᠡᠯ ᠢ ᠪᠦᠷᠢᠳᠦᠭᠦᠯᠦᠭᠰᠡᠨ ᠪᠠᠶᠢᠬᠤ ᠬᠡᠷᠡᠭᠲᠡᠶ᠂ | ᠣᠯᠠᠨ ᠨᠡᠶᠢᠲᠡ ᠶᠢᠨ ᠢᠵᠢ ᠪᠥᠷᠢᠳᠦᠭᠦᠯᠬᠦ ᠪᠡᠯᠡᠳᠬᠡᠮᠵᠢ ᠶᠢᠨ ᠪᠥᠲᠥᠭᠡᠨ ᠪᠠᠶᠢᠭᠤᠯᠤᠯᠲᠠ ᠪᠠ ᠬᠡᠷᠡᠭᠯᠡᠯᠲᠡ ᠳᠤ | ᠬᠤᠯᠪᠣᠭᠳᠠᠪᠠᠯ᠂ ᠰᠠᠯᠭᠠᠬᠤ᠂ ᠨᠡᠶᠢᠯᠡᠭᠦᠯᠬᠦ ᠲᠥᠰᠦᠯ ᠳᠡᠭᠡᠨ ᠬᠤᠯᠪᠣᠭᠳᠠᠯ ᠪᠥᠬᠦᠶ ᠡᠷᠬᠡ ᠡᠭᠦᠷᠭᠡ ᠶᠢ | ᠲᠣᠳᠣᠷᠬᠠᠶᠢᠯᠠᠬᠤ ᠶᠢᠨ ᠬᠠᠮᠲᠤ᠂ ᠪᠠᠶᠢᠭᠠᠯᠢ ᠶᠢᠨ ᠡᠬᠢ ᠪᠠᠶᠠᠯᠢᠭ ᠤᠨ ᠰᠠᠯᠠᠭ᠎ᠠ ᠮᠥᠴᠢᠷ ᠲᠤ ᠭᠠᠵᠠᠷ ᠬᠡᠷᠡᠭᠯᠡᠬᠦ | ᠲᠥᠯᠥᠪᠵᠢᠭᠦᠯᠭᠡ ᠶᠢᠨ ᠵᠢᠷᠤᠭ ᠲᠥᠯᠥᠪᠯᠡᠭᠡ ᠶᠢᠨ ᠲᠥᠰᠦᠯ ᠢᠶᠠᠨ ᠮᠡᠳᠡᠭᠦᠯᠦᠨ ᠬᠦᠷᠭᠡᠬᠦ ᠬᠡᠷᠡᠭᠲᠡᠶ᠃ ᠡᠷᠬᠡᠲᠦ | ᠬᠥᠮᠦᠨ ᠨᠢ ᠤᠯᠤᠰ ᠤᠨ ᠥᠮᠴᠢᠯᠡᠯ ᠤᠨ ᠪᠦᠳᠦᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠢ ᠬᠡᠷᠡᠭᠯᠡᠬᠦ ᠡᠷᠬᠡ ᠶᠢ | ᠰᠠᠯᠭᠠᠬᠤ᠂ ᠨᠡᠶᠢᠯᠡᠭᠦᠯᠬᠦ ᠪᠠᠷ ᠭᠤᠶᠤᠴᠢᠯᠠᠭᠰᠠᠨ ᠪᠠᠶᠢᠪᠠᠯ᠂ ᠭᠠᠵᠠᠷ ᠰᠢᠷᠣᠶ ᠶᠢᠨ ᠬᠡᠷᠡᠭᠯᠡᠯᠲᠡ ᠶᠢ ᠬᠤᠪᠢᠷᠠᠭᠤᠯᠬᠤ | ᠦᠭᠡᠢ ᠪᠠᠶᠢᠬᠤ ᠶᠢ ᠪᠠᠲᠤᠯᠠᠭᠰᠠᠨ ᠪᠠᠶᠢᠳᠠᠯ ᠳᠣᠣᠷ᠎ᠠ᠂ ᠳᠣᠣᠷᠠᠬᠢ ᠱᠠᠭᠠᠷᠳᠠᠯᠭ᠎ᠠ ᠪᠠᠷ ᠭᠦᠢᠴᠡᠳᠬᠡᠨ᠎ᠡ᠄ | ︵1︶ ᠨᠢᠭᠡ ᠵᠦᠢᠯᠡᠰ ᠲᠤ ᠬᠤᠭᠤᠴᠠᠭ᠎ᠠ ᠬᠤᠪᠢᠶᠠᠨ ᠭᠠᠵᠠᠷ ᠬᠠᠩᠭᠠᠭᠰᠠᠨ ᠪᠠᠶᠢᠪᠠᠯ᠂ ᠠᠳᠠᠯᠢ ᠨᠢᠭᠡᠨ | ᠪᠦᠳᠦᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠤᠨ ᠲᠥᠯᠥᠪᠵᠢᠭᠦᠯᠭᠡ ᠶᠢᠨ ᠵᠢᠷᠤᠭ ᠲᠥᠯᠥᠪᠯᠡᠭᠡᠨ ᠤ | ᠨᠥᠬᠦᠴᠡᠯ ᠤᠨ ᠪᠢᠴᠢᠭ ᠪᠤᠶᠤ ᠪᠦᠳᠦᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠤᠨ ᠲᠥᠯᠥᠪᠵᠢᠭᠦᠯᠭᠡ ᠶᠢᠨ ᠵᠢᠷᠤᠭ | ᠲᠥᠯᠥᠪᠯᠡᠭᠡᠨ ᠤ ᠨᠥᠬᠦᠴᠡᠯ ᠤᠨ ᠪᠢᠴᠢᠭ ᠤᠨ ᠲᠥᠯᠥᠪᠵᠢᠭᠦᠯᠭᠡ ᠶᠢᠨ ᠨᠥᠬᠦᠴᠡᠯ ᠨᠢ ᠨᠢᠭᠡᠳᠦᠯᠲᠡᠶ ᠪᠠᠶᠢᠪᠠᠯ᠂ | ᠤᠤᠯ ᠤᠨ ᠲᠥᠯᠥᠪᠵᠢᠭᠦᠯᠭᠡ ᠶᠢᠨ ᠨᠥᠬᠦᠴᠡᠯ ᠪᠠ ᠬᠢᠨᠠᠨ ᠵᠥᠪᠰᠢᠶᠡᠷᠡᠬᠦ ᠠᠭᠤᠯᠭ᠎ᠠ ᠶᠢ ᠬᠤᠪᠢᠷᠠᠭᠤᠯᠬᠤ ᠦᠭᠡᠢ | ᠪᠠᠶᠢᠬᠤ ᠶᠢ ᠪᠠᠷᠢᠮᠲᠠᠯᠠᠭᠰᠠᠨ ᠤᠷᠢᠲᠠᠯ ᠳᠣᠣᠷ᠎ᠠ᠂ ᠬᠡᠰᠡᠭ ᠭᠠᠵᠠᠷ ᠢ ᠨᠡᠶᠢᠯᠡᠭᠦᠯᠵᠦ ᠪᠣᠯᠤᠨ᠎ᠠ︔ ᠬᠡᠷᠪᠡ | ᠲᠥᠯᠥᠪᠵᠢᠭᠦᠯᠭᠡ ᠶᠢᠨ ᠨᠥᠬᠦᠴᠡᠯ ᠨᠢ ᠨᠢᠭᠡᠳᠦᠯ ᠦᠭᠡᠢ ᠪᠠᠶᠢᠪᠠᠯ᠂ ᠬᠢᠨᠠᠨ ᠵᠥᠪᠰᠢᠶᠡᠷᠡᠭᠦᠯᠦᠭᠰᠡᠨ ᠤ ᠳᠠᠷᠠᠭᠠᠬᠢ | ᠪᠦᠬᠦᠯᠢ ᠴᠣᠭᠴᠠ ᠶᠢᠨ ᠲᠥᠯᠥᠪᠵᠢᠭᠦᠯᠭᠡ ᠶᠢᠨ ᠵᠢᠷᠤᠭ ᠲᠥᠯᠥᠪᠯᠡᠭᠡ ᠶᠢᠨ ᠲᠥᠰᠦᠯ ᠢ ᠦᠨᠳᠦᠰᠦᠯᠡᠨ ᠬᠡᠰᠡᠭ | ᠭᠠᠵᠠᠷ ᠢ ᠨᠢ ᠨᠡᠶᠢᠯᠡᠭᠦᠯᠵᠦ ᠪᠣᠯᠤᠨ᠎ᠠ᠃ ᠣᠯᠠᠨ ᠤᠳᠠᠭ᠎ᠠ ᠭᠠᠵᠠᠷ ᠬᠠᠩᠭᠠᠬᠤ ᠳᠤ ᠬᠤᠯᠪᠣᠭᠳᠠᠭᠰᠠᠨ ᠳᠠᠭᠤᠰᠬᠠᠬᠤ | ᠬᠤᠭᠤᠴᠠᠭ᠎ᠠ ᠨᠢ ᠨᠢᠭᠡᠳᠦᠯ ᠥᠬᠡᠶ ᠪᠠᠶᠢᠪᠠᠯ᠂ ᠨᠡᠶᠢᠯᠡᠭᠦᠯᠬᠦ ᠦᠶ᠎ᠡ ᠳᠤ᠂ ᠳᠠᠭᠤᠰᠬᠠᠬᠤ ᠵᠢᠯ ᠬᠤᠭᠤᠴᠠᠭ᠎ᠠ ᠶᠢᠨ | ᠬᠠᠮᠤᠭ ᠡᠷᠲᠡᠨ ᠤ ᠬᠡᠰᠡᠭ ᠭᠠᠵᠠᠷ ᠤᠨ ᠬᠤᠭᠤᠴᠠᠭ᠎ᠠ ᠪᠠᠷ ᠭᠠᠵᠠᠷ ᠰᠢᠷᠣᠶ ᠶᠢᠨ ᠬᠡᠷᠡᠭᠯᠡᠬᠦ ᠡᠷᠬᠡ ᠶᠢᠨ ᠳᠠᠭᠤᠰᠬᠠᠬᠤ | ᠵᠢᠯ ᠬᠤᠭᠤᠴᠠᠭ᠎ᠠ ᠪᠣᠯᠭᠠᠵᠤ᠂ ᠡᠷᠬᠡᠲᠦ ᠬᠥᠮᠦᠨ ᠨᠢ ᠪᠤᠰᠤᠳ ᠬᠡᠰᠡᠭ ᠭᠠᠵᠠᠷ ᠤᠨ ᠦᠯᠡᠳᠡᠭᠰᠡᠨ ᠵᠢᠯ ᠬᠤᠭᠤᠴᠠᠭ᠎ᠠ | ᠳᠡᠭᠡᠷᠡᠬᠢ ᠭᠠᠵᠠᠷ ᠰᠢᠷᠣᠶ ᠶᠢᠨ ᠬᠡᠷᠡᠭᠯᠡᠬᠦ ᠡᠷᠬᠡ ᠪᠠᠨ ᠰᠠᠶᠢᠨ ᠳᠤᠷ᠎ᠠ ᠠᠴᠠ ᠪᠠᠨ ᠬᠠᠶᠠᠵᠤ᠂ ᠭᠠᠷᠭᠠᠵᠤ ᠥᠭᠬᠦ | ᠮᠥᠩᠭᠦ ᠶᠢ ᠪᠤᠴᠠᠭᠠᠵᠤ ᠥᠭᠬᠦ ᠥᠬᠡᠶ᠂ ᠵᠣᠬᠢᠬᠤ ᠵᠢᠯ ᠬᠤᠭᠤᠴᠠᠭ᠎ᠠ ᠶᠢᠨ ᠭᠠᠵᠠᠷ ᠰᠢᠷᠣᠶ ᠶᠢ ᠭᠠᠷᠭᠠᠵᠤ ᠥᠭᠬᠦ | ᠮᠥᠩᠭᠦ ᠶᠢ ᠨᠥᠬᠦᠵᠦ ᠲᠤᠰᠢᠶᠠᠭᠰᠠᠨ ᠤ ᠳᠠᠷᠠᠭ᠎ᠠ ᠨᠡᠯᠢᠶᠡᠳ ᠣᠷᠳᠣ ᠵᠢᠯ ᠬᠤᠭᠤᠴᠠᠭ᠎ᠠ ᠶᠢᠨ ᠬᠡᠰᠡᠭ ᠭᠠᠵᠠᠷ ᠤᠨ | ᠬᠡᠷᠡᠭᠯᠡᠬᠦ ᠵᠢᠯ ᠬᠤᠭᠤᠴᠠᠭ᠎ᠠ ᠪᠠᠷ ᠳᠡᠩᠰᠡᠯᠡᠵᠦ ᠪᠣᠯᠤᠨ᠎ᠠ᠃ | ︵2︶ ᠠᠵᠤ ᠦᠢᠯᠡᠳᠪᠦᠷᠢ ᠳᠤ ᠬᠡᠷᠡᠭᠯᠡᠬᠦ ᠭᠠᠵᠠᠷ ᠰᠢᠷᠣᠶ ᠶᠢ ᠨᠢᠭᠡᠨᠲᠡ ᠪᠠᠷᠢᠵᠤ ᠳᠠᠭᠤᠰᠬᠠᠭᠠᠳ | ᠠᠰᠢᠭᠯᠠᠯᠲᠠ ᠳᠤ ᠣᠷᠣᠭᠤᠯᠤᠭᠰᠠᠨ ᠪᠠᠶᠢᠪᠠᠯ᠂ ᠲᠡᠭᠦᠨ ᠤ ᠢᠵᠢ ᠪᠥᠷᠢᠳᠦᠭᠦᠯᠦᠨ ᠪᠥᠲᠥᠭᠡᠨ ᠪᠠᠶᠢᠭᠤᠯᠤᠭᠰᠠᠨ ᠵᠠᠰᠠᠭ | ᠵᠠᠬᠢᠷᠭᠠᠨ ᠤ ᠠᠯᠪᠠᠯᠠᠬᠤ ᠵᠢᠴᠢ ᠠᠮᠢᠳᠤᠷᠠᠯ ᠤᠨ ᠦᠢᠯᠡᠴᠢᠯᠡᠭᠡ ᠵᠡᠷᠭᠡ ᠳᠠᠭᠠᠯᠲᠠ ᠲᠥᠬᠦᠭᠡᠷᠦᠮᠵᠢ ᠶᠢᠨ ᠡᠵᠡᠯᠡᠨ | ᠬᠡᠷᠡᠭᠯᠡᠭᠰᠡᠨ ᠪᠥᠲᠥᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠰᠢᠷᠣᠶ ᠶᠢ ᠪᠦᠬᠦᠯᠢ ᠬᠡᠰᠡᠭ ᠭᠠᠵᠠᠷ ᠲᠠᠢ ᠰᠠᠯᠭᠠᠵᠤ | ᠰᠢᠯᠵᠢᠭᠦᠯᠦᠨ ᠥᠭᠴᠦ ᠪᠣᠯᠬᠤ ᠥᠬᠡᠶ᠃ | ︵3︶ ᠤᠯᠤᠰ ᠤᠨ ᠥᠮᠴᠢᠯᠡᠯ ᠤᠨ ᠪᠦᠲᠦᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠢ ᠬᠡᠷᠡᠭᠯᠡᠬᠦ ᠡᠷᠬᠡ | ᠪᠤᠶᠤ ᠪᠠᠶᠢᠭᠤᠯᠵᠤ ᠪᠠᠶᠢᠭ᠎ᠠ ᠪᠠᠷᠢᠯᠭ᠎ᠠ ᠶᠢᠨ ᠪᠠᠶᠢᠭ᠎ᠠ ᠤᠯᠤᠰ ᠤᠨ ᠥᠮᠴᠢᠯᠡᠯ ᠤᠨ ᠪᠦᠲᠦᠭᠡᠨ ᠪᠠᠶᠢᠭᠤᠯᠤᠯᠲᠠ ᠳᠤ | ᠬᠡᠷᠡᠭᠯᠡᠬᠦ ᠭᠠᠵᠠᠷ ᠢ ᠬᠡᠷᠡᠭᠯᠡᠬᠦ ᠡᠷᠬᠡ ᠶᠢ ᠰᠠᠯᠭᠠᠭᠰᠠᠨ᠃ ᠤᠤᠯ ᠤᠨ ᠰᠢᠯᠵᠢᠭᠦᠯᠦᠨ ᠬᠤᠳᠠᠯᠳᠤᠬᠤ ᠭᠡᠷ᠎ᠡ ᠶᠢᠨ | ᠲᠥᠯᠥᠪᠵᠢᠭᠦᠯᠭᠡ ᠶᠢᠨ ᠨᠥᠬᠦᠴᠡᠯ ᠢ ᠡᠷᠬᠡᠪᠰᠢ ᠵᠢᠷᠤᠮᠯᠠᠵᠤ᠂ ᠰᠠᠯᠭᠠᠭᠰᠠᠨ ᠤ ᠳᠠᠷᠠᠭᠠᠬᠢ ᠭᠠᠵᠠᠷ ᠬᠡᠷᠡᠭᠯᠡᠬᠦ | ᠲᠥᠯᠥᠪᠵᠢᠭᠦᠯᠭᠡ ᠶᠢᠨ ᠵᠢᠷᠤᠭ ᠲᠥᠯᠥᠪᠯᠡᠭᠡ ᠶᠢᠨ ᠲᠥᠰᠦᠯ ᠢ ᠬᠠᠷᠢᠶ᠎ᠠ ᠭᠠᠵᠠᠷ ᠤᠨ ᠪᠠᠶᠢᠭᠠᠯᠢ ᠶᠢᠨ ᠡᠬᠢ | ᠪᠠᠶᠠᠯᠢᠭ ᠤᠨ ᠰᠠᠯᠠᠭ᠎ᠠ ᠮᠥᠴᠢᠷ ᠲᠤ ᠲᠤᠰᠢᠶᠠᠬᠤ ᠬᠡᠷᠡᠭᠲᠡᠶ᠂ ᠪᠠᠶᠢᠭᠠᠯᠢ ᠶᠢᠨ ᠡᠬᠢ ᠪᠠᠶᠠᠯᠢᠭ ᠤᠨ ᠰᠠᠯᠠᠭ᠎ᠠ | ᠮᠥᠴᠢᠷ ᠠᠴᠠ ᠤᠤᠯ ᠤᠨ ᠰᠢᠯᠵᠢᠭᠦᠯᠦᠨ ᠬᠤᠳᠠᠯᠳᠤᠬᠤ ᠭᠡᠷ᠎ᠡ᠂ ᠰᠠᠯᠭᠠᠭᠰᠠᠨ ᠤ ᠳᠠᠷᠠᠭᠠᠬᠢ ᠭᠠᠵᠠᠷ ᠬᠡᠷᠡᠭᠯᠡᠬᠦ | ᠲᠥᠯᠥᠪᠵᠢᠭᠦᠯᠭᠡ ᠶᠢᠨ ᠵᠢᠷᠤᠭ ᠲᠥᠯᠥᠪᠯᠡᠭᠡ ᠶᠢᠨ ᠲᠥᠰᠦᠯ ᠢ ᠦᠨᠳᠦᠰᠦᠯᠡᠨ ᠭᠠᠷᠭᠠᠭᠰᠠᠨ ᠬᠡᠰᠡᠭᠯᠡᠨ | ᠬᠤᠪᠢᠶᠠᠬᠤ ᠳᠤ ᠨᠡᠶᠢᠴᠡᠬᠦ ᠰᠠᠨᠠᠯ ᠢ ᠬᠡᠰᠡᠭᠯᠡᠨ ᠬᠤᠪᠢᠶᠠᠬᠤ ᠶᠢ ᠵᠥᠪᠰᠢᠶᠡᠷᠡᠭᠰᠡᠨ ᠰᠠᠨᠠᠯ ᠪᠣᠯᠭᠠᠵᠤ᠂ ᠬᠡᠰᠡᠭᠯᠡᠨ | ᠬᠤᠪᠢᠶᠠᠵᠤ ᠪᠣᠯᠤᠨ᠎ᠠ᠃ | ︵4︶ ᠪᠦᠳᠦᠭᠡᠨ ᠪᠠᠶᠢᠭᠤᠯᠤᠯᠲᠠ ᠶᠢᠨ ᠪᠠᠷᠢᠯᠭ᠎ᠠ ᠶᠢᠨ ᠲᠥᠯᠥᠪᠵᠢᠭᠦᠯᠭᠡ ᠶᠢᠨ ᠵᠥᠪᠰᠢᠶᠡᠷᠡᠯ ᠤᠨ | ᠦᠨᠡᠮᠯᠡᠯ ᠤᠨ ᠶᠣᠰᠣᠭᠠᠷ ᠨᠢᠭᠡᠨᠲᠡ ᠪᠦᠳᠦᠭᠡᠨ ᠪᠠᠶᠢᠭᠤᠯᠵᠤ ᠳᠠᠭᠤᠰᠬᠠᠭᠰᠠᠨ ᠬᠡᠰᠡᠭ ᠭᠠᠵᠠᠷ ᠢ ᠠᠵᠤ | ᠠᠬᠤᠶᠢᠯᠠᠯ ᠠᠴᠠ ᠬᠡᠰᠡᠭ ᠭᠠᠵᠠᠷ ᠢ ᠬᠡᠰᠡᠭᠯᠡᠨ ᠬᠤᠪᠢᠶᠠᠬᠤ ᠭᠤᠶᠤᠴᠢᠯᠠᠯ ᠭᠠᠷᠭᠠᠨ᠎ᠠ᠂ ᠬᠡᠰᠡᠭᠯᠡᠨ ᠬᠤᠪᠢᠶᠠᠬᠤ | ᠵᠠᠭᠠᠭ ᠨᠢ ᠲᠣᠳᠣᠷᠬᠠᠶ᠂ ᠬᠡᠷᠡᠭᠴᠡᠭᠡ ᠨᠢ ᠲᠣᠳᠣᠷᠬᠠᠶ᠂ ᠬᠠᠷᠢᠯᠴᠠᠨ ᠨᠥᠯᠥᠭᠡᠯᠡᠬᠦ ᠦᠭᠡᠢ ᠪᠠᠶᠢᠪᠠᠯ᠂ ᠪᠠᠶᠢᠭᠠᠯᠢ ᠶᠢᠨ | ᠡᠬᠢ ᠪᠠᠶᠠᠯᠢᠭ ᠤᠨ ᠰᠠᠯᠠᠭ᠎ᠠ ᠮᠥᠴᠢᠷ ᠠᠴᠠ ᠬᠡᠰᠡᠭᠯᠡᠨ ᠬᠤᠪᠢᠶᠠᠬᠤ ᠶᠢ ᠵᠥᠪᠰᠢᠶᠡᠷᠡᠭᠰᠡᠨ ᠲᠠᠩᠰᠠᠯᠠᠯᠳᠠ ᠶᠢᠨ ᠰᠠᠨᠠᠯ ᠢ | ᠭᠠᠷᠭᠠᠵᠤ᠂ ᠳᠠᠩᠰᠠᠯᠠᠬᠤ ᠪᠠᠶᠢᠭᠤᠯᠤᠮᠵᠢ ᠠᠴᠠ ᠰᠠᠨᠠᠯ ᠶᠣᠰᠣᠭᠠᠷ ᠬᠡᠰᠡᠭᠯᠡᠨ ᠬᠤᠪᠢᠶᠠᠬᠤ ᠲᠠᠩᠰᠠᠯᠠᠯᠳᠠ ᠬᠢᠨ᠎ᠠ᠃ | ︵5︶ ᠪᠥᠲᠥᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠤᠨ ᠵᠥᠪᠰᠢᠶᠡᠷᠡᠯ ᠤᠨ ᠪᠢᠴᠢᠭ ᠮᠠᠲ᠋ᠧᠷᠢᠶᠠᠯ᠂ | ᠤᠯᠤᠰ ᠤᠨ ᠥᠮᠴᠢᠯᠡᠯ ᠤᠨ ᠭᠠᠵᠠᠷ ᠰᠢᠷᠣᠶ ᠶᠢᠨ ᠬᠡᠷᠡᠭᠯᠡᠬᠦ ᠡᠷᠬᠡ ᠶᠢ ᠰᠢᠯᠵᠢᠭᠦᠯᠦᠨ ᠬᠤᠳᠠᠯᠳᠤᠬᠤ ᠭᠡᠷ᠎ᠡ᠂ | ᠬᠤᠪᠢᠶᠠᠷᠢᠯᠠᠨ ᠥᠭᠬᠦ ᠲᠣᠭᠲᠠᠭᠠᠯ ᠤᠨ ᠪᠢᠴᠢᠭ ᠵᠡᠷᠭᠡ ᠪᠢᠴᠢᠭ ᠬᠠᠷ᠎ᠠ ᠳᠤ ᠰᠠᠯᠭᠠᠬᠤ᠂ ᠨᠡᠶᠢᠯᠡᠭᠦᠯᠵᠦ ᠪᠣᠯᠬᠤ ᠥᠬᠡᠶ | ᠭᠡᠵᠦ ᠲᠣᠭᠲᠠᠭᠠᠭᠰᠠᠨ ᠪᠤᠶᠤ ᠪᠣᠯᠵᠣᠨ ᠲᠣᠭᠲᠠᠭᠰᠠᠨ ᠪᠠᠶᠢᠪᠠᠯ᠂ ᠤᠤᠯ ᠤᠨ ᠵᠥᠪᠰᠢᠶᠡᠷᠡᠭᠰᠡᠨ ᠰᠠᠯᠠᠭ᠎ᠠ ᠮᠥᠴᠢᠷ ᠤᠨ | ᠵᠥᠪᠰᠢᠶᠡᠷᠡᠯ ᠥᠬᠡᠶ ᠪᠠᠷ ᠰᠠᠯᠭᠠᠬᠤ᠂ ᠨᠡᠶᠢᠯᠡᠭᠦᠯᠵᠦ ᠪᠣᠯᠬᠤ ᠥᠬᠡᠶ᠂ ᠬᠠᠮᠢᠶ᠎ᠠ ᠪᠥᠬᠦᠶ ᠵᠢᠷᠤᠮᠵᠢᠯ ᠤᠨ ᠴᠢᠨᠠᠷᠲᠠᠶ | ᠪᠢᠴᠢᠭ ᠮᠠᠲ᠋ᠧᠷᠢᠶᠠᠯ ᠳᠤ ᠰᠠᠯᠭᠠᠬᠤ᠂ ᠨᠡᠶᠢᠯᠡᠭᠦᠯᠬᠦ ᠶᠢ ᠲᠣᠳᠣᠷᠬᠠᠶ ᠬᠢᠵᠠᠭᠠᠷᠯᠠᠬᠤ ᠲᠣᠭᠲᠠᠭᠠᠯ ᠲᠠᠢ ᠪᠠᠶᠢᠪᠠᠯ᠂ | ᠵᠠᠷᠴᠢᠮ ᠳᠡᠭᠡᠷ᠎ᠡ ᠪᠠᠨ ᠰᠠᠯᠭᠠᠬᠤ ᠥᠬᠡᠶ᠂ ᠨᠡᠶᠢᠯᠡᠭᠦᠯᠬᠦ ᠥᠬᠡᠶ᠃ | 3. ᠭᠠᠵᠠᠷ ᠰᠢᠷᠣᠶ᠂ ᠭᠡᠷ ᠪᠠᠶᠢᠰᠢᠩ ᠤᠨ ᠲᠥᠯᠥᠪᠵᠢᠭᠦᠯᠭᠡ ᠶᠢᠨ ᠬᠡᠷᠡᠭᠯᠡᠯᠲᠡ ᠶᠢ ᠬᠤᠪᠢᠷᠠᠭᠤᠯᠬᠤ ᠳᠤ | ᠬᠤᠯᠪᠣᠭᠳᠠᠬᠤ ᠦᠭᠡᠢ ᠭᠡᠷ ᠪᠠᠶᠢᠰᠢᠩ ᠤᠨ ᠪᠣᠳᠠᠲᠤ ᠴᠣᠭᠴᠠ ᠶᠢ ᠰᠠᠯᠭᠠᠬᠤ ᠪᠤᠶᠤ ᠨᠡᠶᠢᠯᠡᠭᠦᠯᠬᠦ ᠳᠤ ᠳᠣᠣᠷᠠᠬᠢ | ᠱᠠᠭᠠᠷᠳᠠᠯᠭ᠎ᠠ ᠶᠣᠰᠣᠭᠠᠷ ᠭᠦᠢᠴᠡᠳᠬᠡᠨ᠎ᠡ᠄ | ︵1︶ ᠭᠡᠷ ᠪᠠᠶᠢᠰᠢᠩ ᠢ ᠰᠠᠯᠭᠠᠬᠤ ᠪᠤᠶᠤ ᠨᠡᠶᠢᠯᠡᠭᠦᠯᠬᠦ ᠪᠠᠷ ᠭᠤᠶᠤᠴᠢᠯᠠᠭᠰᠠᠨ ᠪᠥᠭᠡᠳ ᠭᠡᠷ | ᠪᠠᠶᠢᠰᠢᠩ ᠤᠨ ᠪᠦᠲᠦᠴᠡ ᠶᠢ ᠬᠤᠪᠢᠷᠠᠭᠤᠯᠬᠤ ᠳᠤ ᠬᠤᠯᠪᠣᠭᠳᠠᠬᠤ ᠦᠭᠡᠢ ᠪᠠᠶᠢᠪᠠᠯ᠂ ᠭᠤᠶᠤᠴᠢᠯᠠᠭᠴᠢ ᠶᠢᠨ | ᠬᠠᠩᠭᠠᠭᠰᠠᠨ ᠦᠯᠦ ᠬᠥᠳᠡᠯᠬᠦ ᠬᠦᠷᠦᠩᠭᠡ ᠶᠢᠨ ᠡᠷᠬᠡ ᠶᠢᠨ ᠦᠨᠡᠮᠯᠡᠯ᠂ ᠡᠷᠬᠡ ᠶᠢᠨ ᠬᠠᠷᠢᠶ᠎ᠠ ᠶᠢᠨ ᠪᠠᠶᠢᠴᠠᠭᠠᠯᠲᠠ ᠶᠢᠨ | ᠦᠷ᠎ᠡ ᠪᠦᠲᠦᠭᠡᠯ ᠪᠠ ᠦᠯᠦ ᠬᠥᠳᠡᠯᠬᠦ ᠬᠦᠷᠦᠩᠭᠡ ᠶᠢᠨ ᠬᠡᠮᠵᠢᠨ ᠵᠢᠷᠤᠭᠯᠠᠯᠲᠠ ᠶᠢᠨ ᠮᠡᠳᠡᠭᠦᠯᠦᠯᠲᠡ ᠶᠢ ᠦᠨᠳᠦᠰᠦᠯᠡᠨ | ᠂ ᠪᠠᠶᠢᠭᠠᠯᠢ ᠶᠢᠨ ᠡᠬᠢ ᠪᠠᠶᠠᠯᠢᠭ ᠤᠨ ᠰᠠᠯᠠᠭ᠎ᠠ ᠮᠥᠴᠢᠷ ᠢᠶᠠᠷ ᠬᠢᠨᠠᠨ ᠪᠠᠶᠢᠴᠠᠭᠠᠯᠭᠠᠵᠤ ᠬᠢᠨᠠᠨ ᠪᠠᠶᠢᠴᠠᠭᠠᠭᠰᠠᠨ ᠰᠠᠨᠠᠯ | ᠭᠠᠷᠭᠠᠭᠤᠯᠤᠭᠰᠠᠨ ᠤ ᠲᠠᠷᠠᠭ᠎ᠠ᠂ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠠ ᠶᠢᠨ ᠰᠠᠯᠠᠭ᠎ᠠ ᠮᠥᠴᠢᠷ ᠬᠢᠨᠠᠨ | ᠪᠠᠶᠢᠴᠠᠭᠠᠭᠰᠠᠨ ᠰᠠᠨᠠᠯ ᠢ ᠦᠨᠳᠦᠰᠦᠯᠡᠨ ᠦᠯᠦ ᠬᠥᠳᠡᠯᠬᠦ ᠬᠦᠷᠦᠩᠭᠡ ᠶᠢᠨ ᠲᠠᠩᠰᠠᠯᠠᠯᠳᠠ ᠬᠢᠯᠭᠡᠨ᠎ᠡ᠃ | ︵2︶ ᠡᠷᠬᠡᠲᠦ ᠬᠥᠮᠦᠨ ᠤ ᠦᠢᠯᠡᠳᠪᠦᠷᠢᠯᠡᠯ ᠠᠮᠢᠳᠤᠷᠠᠯ ᠤᠨ ᠬᠡᠷᠡᠭᠴᠡᠭᠡ ᠠᠴᠠ ᠪᠣᠯᠤᠭᠰᠠᠨ ᠪᠤᠶᠤ | ᠠᠷᠠᠳ ᠤᠨ ᠰᠢᠭᠦᠬᠦ ᠬᠤᠷᠢᠶ᠎ᠠ᠂ ᠬᠥᠨᠳᠡᠯᠡᠨ ᠠᠴᠠ ᠲᠠᠰᠤᠯᠬᠤ ᠺᠣᠮᠢᠰ ᠤᠨ ᠬᠦᠴᠦᠨ ᠲᠠᠢ ᠪᠣᠯᠤᠭᠰᠠᠨ ᠬᠠᠤᠯᠢ | ᠴᠠᠭᠠᠵᠠ ᠶᠢᠨ ᠪᠢᠴᠢᠭ ᠬᠠᠷ᠎ᠠ ᠨᠢ ᠭᠡᠷ ᠪᠠᠶᠢᠰᠢᠩ ᠤᠨ ᠪᠦᠲᠦᠴᠡ ᠶᠢ ᠬᠤᠪᠢᠷᠠᠭᠤᠯᠬᠤ ᠳᠤ ᠬᠤᠯᠪᠣᠭᠳᠠᠭᠰᠠᠨ᠃ ᠭᠡᠷ | ᠪᠠᠶᠢᠰᠢᠩ ᠤᠨ ᠪᠣᠳᠠᠲᠤ ᠴᠣᠭᠴᠠ ᠶᠢ ᠰᠠᠯᠭᠠᠬᠤ᠂ ᠨᠡᠶᠢᠯᠡᠭᠦᠯᠦᠨ ᠳᠠᠩᠰᠠᠯᠠᠭᠤᠯᠬᠤ ᠴᠢᠬᠤᠯᠠᠲᠠᠶ ᠪᠠᠶᠢᠪᠠᠯ᠂ ᠡᠷᠬᠡᠲᠦ | ᠬᠥᠮᠦᠨ ᠨᠢ ᠭᠡᠷ ᠪᠠᠶᠢᠰᠢᠩ ᠢ ᠥᠭᠡᠷᠡᠴᠢᠯᠡᠨ ᠪᠠᠶᠢᠭᠤᠯᠬᠤ ᠵᠢᠷᠤᠭ ᠲᠥᠯᠥᠪᠯᠡᠭᠡ ᠶᠢᠨ ᠪᠠᠷᠢᠯᠭ᠎ᠠ ᠶᠢᠨ ᠵᠢᠷᠤᠭ | ᠲᠥᠯᠥᠪᠯᠡᠭᠡ ᠵᠢᠴᠢ ᠪᠠᠷᠢᠯᠭ᠎ᠠ ᠶᠢᠨ ᠵᠢᠷᠤᠭ ᠲᠥᠯᠥᠪᠯᠡᠭᠡ ᠶᠢᠨ ᠲᠤᠬᠠᠶ ᠬᠢᠷᠢ ᠬᠡᠮ ᠲᠠᠢ ᠨᠢᠭᠡᠴᠢ ᠶᠢᠨ ᠠᠰᠢᠳᠠ ᠶᠢᠨ | ᠬᠢᠨᠠᠯᠲᠠ ᠶᠢᠨ ᠰᠠᠨᠠᠯ ᠢ ᠲᠤᠰᠢᠶᠠᠬᠤ ᠶᠢᠨ ᠬᠠᠮᠲᠤ ᠬᠤᠯᠪᠣᠭᠳᠠᠯ ᠪᠦᠬᠦᠢ ᠬᠠᠤᠯᠢ ᠴᠠᠭᠠᠵᠠ᠂ ᠬᠠᠤᠯᠢ ᠲᠣᠭᠲᠠᠭᠠᠯ | ᠵᠢᠴᠢ ᠰᠠᠯᠠᠭ᠎ᠠ ᠮᠥᠴᠢᠷ ᠤᠨ ᠲᠦᠷᠢᠮ ᠲᠣᠭᠲᠠᠭᠠᠯ ᠢ ᠦᠨᠳᠦᠰᠦᠯᠡᠨ ᠪᠠᠷᠢᠯᠭ᠎ᠠ ᠶᠢᠨ ᠠᠵᠢᠯ ᠬᠢᠬᠦ ᠶᠢ ᠵᠥᠪᠰᠢᠶᠡᠷᠡᠭᠰᠡᠨ | ᠵᠢᠴᠢ ᠭᠡᠷ ᠪᠠᠶᠢᠰᠢᠩ ᠤᠨ ᠪᠠᠷᠢᠯᠭ᠎ᠠ ᠳᠠᠭᠤᠰᠤᠭᠰᠠᠨ ᠢ ᠰᠢᠯᠭᠠᠨ ᠠᠪᠤᠭᠰᠠᠨ ᠮᠠᠲ᠋ᠧᠷᠢᠶᠠᠯ ᠢ ᠭᠦᠢᠴᠡᠳᠬᠡᠭᠰᠡᠨ ᠤ | ᠲᠠᠷᠠᠭ᠎ᠠ ᠭᠡᠷ ᠪᠠᠶᠢᠰᠢᠩ ᠤᠨ ᠪᠣᠳᠠᠲᠤ ᠴᠣᠭᠴᠠ ᠶᠢ ᠰᠠᠯᠭᠠᠬᠤ᠂ ᠨᠡᠶᠢᠯᠡᠭᠦᠯᠦᠨ ᠳᠠᠩᠰᠠᠯᠠᠭᠤᠯᠬᠤ ᠶᠢ ᠭᠦᠢᠴᠡᠳᠬᠡᠨ᠎ᠡ᠃ | | ︵3︶ ᠢᠵᠢ ᠪᠥᠷᠢᠳᠦᠭᠦᠯᠬᠦ ᠳᠤ ᠬᠡᠷᠡᠭᠯᠡᠬᠦ ᠬᠡᠷ ᠪᠠᠶᠢᠰᠢᠩ ︵ᠠᠵᠤ ᠦᠶ᠋ᠯᠡᠳᠪᠦᠷᠢ ᠶᠢᠨ ᠲᠥᠷᠥᠯ | ᠵᠦᠢᠯ ᠤᠨ ᠢᠵᠢ ᠪᠥᠷᠢᠳᠦᠭᠦᠯᠦᠨ ᠪᠥᠲᠥᠭᠡᠨ ᠪᠠᠶᠢᠭᠤᠯᠤᠭᠰᠠᠨ ᠵᠠᠰᠠᠭ ᠵᠠᠬᠢᠷᠭᠠᠨ ᠤ ᠠᠯᠪᠠᠯᠠᠬᠤ ᠵᠢᠴᠢ | ᠠᠮᠢᠳᠤᠷᠠᠯ ᠤᠨ ᠦᠢᠯᠡᠴᠢᠯᠡᠭᠡᠨ ᠤ ᠪᠡᠯᠡᠳᠬᠡᠮᠵᠢ᠂ ᠲᠠᠰᠢᠭᠤ ᠪᠦᠲᠦᠴᠡ ᠲᠠᠢ ᠬᠡᠷ ᠪᠠᠶᠢᠰᠢᠩ᠂ ᠬᠡᠷ ᠤᠨ ᠣᠷᠣᠶ ᠶᠢᠨ | ᠠᠰᠠᠷ ᠤᠨ ᠱᠠᠲᠤ ᠶᠢᠨ ᠥᠷᠥᠭᠡ ᠵᠢᠴᠢ ᠪᠤᠰᠤᠳ ᠢᠵᠢ ᠪᠥᠷᠢᠳᠦᠭᠦᠯᠬᠦ ᠳᠤ ᠬᠡᠷᠡᠭᠯᠡᠬᠦ ᠬᠡᠷ ᠪᠠᠶᠢᠰᠢᠩ ᠪᠠᠭᠲᠠᠨ᠎ᠠ︶ ᠨᠢ | ᠬᠡᠷ ᠪᠠᠶᠢᠰᠢᠩ ᠤᠨ ᠭᠤᠤᠯ ᠴᠣᠭᠴᠠ ᠶᠢᠨ ᠪᠦᠲᠦᠴᠡ ᠯᠦᠭᠡ ᠠᠳᠠᠯᠢ ᠨᠢᠭᠡᠨ ᠥᠯᠥ ᠬᠥᠳᠡᠯᠬᠦ ᠬᠥᠷᠥᠩᠭᠡ ᠶᠢᠨ | ᠨᠢᠭᠡᠴᠡ ᠪᠤᠶᠤ ᠲᠣᠳᠣᠷᠬᠠᠶ ᠢᠵᠢ ᠪᠥᠷᠢᠳᠦᠭᠦᠯᠦᠨ ᠬᠡᠷᠡᠭᠯᠡᠭᠰᠡᠨ ᠪᠠᠶᠢᠪᠠᠯ᠂ ᠰᠠᠯᠭᠠᠵᠤ ᠪᠣᠯᠬᠤ ᠥᠬᠡᠶ᠃ | ︵4.︶ ᠪᠠᠷᠢᠴᠠᠭᠠᠯᠠᠬᠤ᠂ ᠪᠠᠶᠢᠴᠠᠭᠠᠨ ᠪᠢᠲᠡᠭᠦᠮᠵᠢᠯᠡᠬᠦ᠂ ᠤᠷᠢᠳᠴᠢᠯᠠᠨ ᠮᠡᠳᠡᠭᠳᠡᠵᠦ ᠳᠠᠩᠰᠠᠯᠠᠭᠤᠯᠬᠤ | ᠵᠡᠷᠭᠡ ᠡᠷᠬᠡ ᠶᠢ ᠬᠢᠵᠠᠭᠠᠷᠯᠠᠬᠤ ᠪᠠᠶᠢᠳᠠᠯ ᠳᠤ ᠬᠤᠯᠪᠣᠭᠳᠠᠭᠰᠠᠨ ᠪᠠᠶᠢᠪᠠᠯ᠂ ᠬᠤᠯᠪᠣᠭᠳᠠᠯ ᠪᠦᠬᠦᠢ ᠡᠷᠬᠡᠲᠦ ᠬᠥᠮᠦᠨ ᠤ | ᠵᠥᠪᠰᠢᠶᠡᠷᠡᠯ ᠢ ᠣᠯᠪᠠᠯ ᠰᠠᠶ᠋ᠢ ᠰᠠᠯᠭᠠᠵᠤ᠂ ᠨᠡᠶᠢᠯᠡᠭᠦᠯᠵᠦ ᠪᠣᠯᠤᠨ᠎ᠠ᠃ | ︵ᠲᠠᠪᠤ︶ ᠬᠠᠤᠯᠢ ᠴᠠᠭᠠᠵᠠ ᠪᠤᠶᠤ ᠦᠨ᠎ᠡ ᠬᠠᠶᠠᠵᠤ ᠬᠤᠳᠠᠯᠳᠤᠬᠤ ᠺᠣᠮᠫᠠᠨᠢ ᠶᠢᠨ ᠬᠤᠪᠢᠶᠠᠷᠢᠯᠠᠨ | ᠣᠯᠭᠤᠭᠰᠠᠨ ᠭᠠᠵᠠᠷ ᠰᠢᠷᠣᠶ ᠳᠡᠭᠡᠷᠡᠬᠢ ᠠᠵᠤ ᠠᠬᠤᠶᠢᠯᠠᠯ ᠤᠨ ᠬᠡᠷᠡᠭᠯᠡᠬᠦ ᠭᠠᠵᠠᠷ ᠢ ᠰᠢᠶ᠋ᠳᠪᠦᠷᠢᠯᠡᠬᠦ ᠲᠠᠯ᠎ᠠ ᠪᠠᠷ | ᠬᠠᠤᠯᠢ ᠴᠠᠭᠠᠵᠠ ᠪᠤᠶᠤ ᠦᠨ᠎ᠡ ᠬᠠᠶᠠᠵᠤ ᠬᠤᠳᠠᠯᠳᠤᠬᠤ ᠺᠣᠮᠫᠠᠨᠢ ᠪᠠᠷ ᠰᠶᠢᠳᠪᠦᠷᠢᠯᠡᠭᠦᠯᠦᠭᠰᠡᠨ ᠤᠯᠤᠰ ᠤᠨ | ᠥᠮᠴᠢᠯᠡᠯ ᠤᠨ ᠬᠤᠪᠢᠶᠠᠷᠢᠯᠠᠨ ᠣᠯᠭᠤᠭᠰᠠᠨ ᠪᠥᠲᠥᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠳᠡᠭᠡᠷᠡᠬᠢ ᠠᠵᠤ | ᠠᠬᠤᠶᠢᠯᠠᠯ ᠤᠨ ᠬᠡᠷᠡᠭᠯᠡᠬᠦ ᠭᠠᠵᠠᠷ ᠲᠤ᠂ ᠤᠯᠤᠰ ᠤᠨ ᠥᠮᠴᠢᠯᠡᠯ ᠤᠨ ᠪᠥᠲᠥᠭᠡᠨ ᠪᠠᠶᠢᠭᠤᠯᠤᠯᠲᠠ ᠳᠤ ᠬᠡᠷᠡᠭᠯᠡᠬᠦ | ᠭᠠᠵᠠᠷ ᠤᠨ ᠬᠡᠷᠡᠭᠯᠡᠬᠦ ᠡᠷᠬᠡ ᠶᠢ ᠰᠢᠯᠵᠢᠭᠦᠯᠬᠦ ᠳᠡᠩᠰᠡᠯᠡᠯᠲᠡ ᠬᠢᠯᠭᠡᠭᠰᠡᠨ ᠥᠬᠡᠶ᠂ ︽ᠬᠤᠪᠢᠶᠠᠷᠢᠯᠠᠨ ᠣᠯᠭᠤᠭᠰᠠᠨ | ᠭᠠᠵᠠᠷ ᠰᠢᠷᠣᠶ ᠶᠢᠨ ᠭᠠᠷᠴᠠᠭ︾ ᠲᠤ ᠨᠡᠶᠢᠴᠡᠭᠰᠡᠨ ᠪᠠᠶᠢᠬᠤ ᠲᠤᠬᠠᠶ᠃ ᠦᠷᠭᠦᠯᠵᠢᠯᠡᠨ ᠬᠤᠪᠢᠶᠠᠷᠢᠯᠠᠨ ᠰᠠᠯᠭᠠᠵᠤ | ᠳᠠᠩᠰᠠᠯᠠᠭᠤᠯᠬᠤ ᠪᠠᠷ ᠪᠤᠳᠤᠵᠤ ᠪᠣᠯᠤᠨ᠎ᠠ᠂ ︽ᠬᠤᠪᠢᠶᠠᠷᠢᠯᠠᠨ ᠰᠠᠯᠭᠠᠵᠤ ᠥᠭᠬᠦ ᠭᠠᠵᠠᠷ ᠰᠢᠷᠣᠶ ᠶᠢᠨ ᠭᠠᠷᠴᠠᠭ ᠲᠤ | ᠨᠡᠶᠢᠴᠡᠬᠦ ᠥᠬᠡᠶ ᠪᠠᠶᠢᠪᠠᠯ᠂ ᠪᠠᠶᠢᠭᠠᠯᠢ ᠶᠢᠨ ᠡᠬᠢ ᠪᠠᠶᠠᠯᠢᠭ ᠤᠨ ᠰᠠᠯᠠᠭ᠎ᠠ ᠮᠥᠴᠢᠷ ᠠᠴᠠ ᠦᠨ᠎ᠡ ᠬᠠᠶᠠᠵᠤ | ᠬᠤᠳᠠᠯᠳᠤᠭᠰᠠᠨ ᠤ ᠨᠤᠲᠠᠯᠠᠯᠲᠠ ᠶᠢᠨ ᠪᠢᠴᠢᠭ ᠤᠨ ᠴᠠᠭ ᠤᠨ ᠭᠠᠵᠠᠷ ᠰᠢᠷᠣᠶ ᠶᠢᠨ ᠵᠠᠬ᠎ᠠ ᠳᠡᠯᠭᠡᠭᠦᠷ ᠤᠨ ᠦᠨᠡᠯᠡᠨ | ᠵᠢᠱᠢᠭᠰᠡᠨ ᠦᠨ᠎ᠡ ᠪᠠᠷ ᠭᠠᠵᠠᠷ ᠰᠢᠷᠣᠶ ᠶᠢ ᠰᠢᠯᠵᠢᠭᠦᠯᠦᠨ ᠬᠤᠳᠠᠯᠳᠤᠭᠰᠠᠨ ᠠᠰᠢᠭ ᠣᠯᠵᠠᠪᠤᠷᠢ ᠶᠢ ᠲᠣᠭᠠᠴᠠᠭ᠎ᠠ | ᠬᠢᠵᠦ᠂ ᠬᠡᠯᠡᠯᠴᠡᠭᠡᠷ ᠢᠶᠠᠷ ᠰᠢᠯᠵᠢᠭᠦᠯᠦᠨ ᠬᠤᠳᠠᠯᠳᠤᠬᠤ ᠶᠢ ᠬᠠᠤᠯᠢ ᠶᠣᠰᠣᠭᠠᠷ ᠭᠦᠢᠴᠡᠳᠭᠡᠵᠦ᠂ ᠥᠷᠢᠰᠥᠯᠳᠦᠨ | ᠬᠤᠳᠠᠯᠳᠤᠨ ᠠᠪᠤᠭᠴᠢ ᠵᠠᠷᠤᠳᠠᠯ ᠢᠶᠠᠨ ᠲᠤᠰᠢᠶᠠᠭᠰᠠᠨ ᠤ ᠳᠠᠷᠠᠭ᠎ᠠ ᠥᠯᠥ ᠬᠥᠳᠡᠯᠬᠦ ᠬᠥᠷᠥᠩᠭᠡ ᠶᠢᠨ ᠳᠡᠩᠰᠡᠯᠡᠯᠲᠡ | ᠬᠢᠯᠭᠡᠬᠦ ᠪᠠᠷ ᠭᠤᠶᠤᠴᠢᠯᠠᠨ᠎ᠠ᠃ | ᠵᠢᠷᠭᠤᠭ᠎ᠠ᠂ ᠪᠠᠲᠤᠯᠠᠭ᠎ᠠ ᠶᠢᠨ ᠠᠷᠭ᠎ᠠ ᠬᠡᠮᠵᠢᠶ᠎ᠡ | ︵ᠨᠢᠭᠡ︶ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠨ᠎ᠠ᠃ ᠡᠯ᠎ᠡ ᠬᠤᠰᠢᠭᠤ | ᠰᠢᠶᠠᠨ ᠬᠤᠲᠠ ᠶᠢᠨ ᠠᠷᠠᠳ ᠤᠨ ᠵᠠᠰᠠᠭ ᠤᠨ ᠣᠷᠳᠣᠨ ᠨᠤᠭᠤᠳ ᠦᠯᠡᠳᠡᠭᠳᠡᠯ ᠠᠯᠪᠠᠨ ᠬᠡᠷ ᠤᠨ ᠭᠤᠤᠯᠯᠠᠬᠤ | ᠦᠢᠯᠡᠳᠦᠯ ᠢ ᠪᠠᠳᠠᠷᠠᠭᠤᠯᠵᠤ᠂ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠤᠨ ᠢᠳᠡᠪᠬᠢᠵᠢᠯ ᠢ ᠭᠦᠢᠴᠡᠳ ᠳᠠᠶᠢᠴᠢᠯᠠᠨ | ᠂ ᠬᠠᠷᠢᠭᠤᠴᠠᠯᠭ᠎ᠠ ᠶᠢᠨ ᠭᠤᠤᠯ ᠴᠣᠭᠴᠠ ᠶᠢ ᠲᠣᠳᠣᠷᠬᠠᠶᠢᠯᠠᠵᠤ᠂ ᠠᠵᠤ ᠠᠬᠤᠶᠢᠯᠠᠯ ᠤᠨ ᠬᠡᠷᠡᠭᠯᠡᠬᠦ ᠭᠠᠵᠠᠷ ᠤᠨ ︽ | ᠳᠡᠩᠰᠡᠯᠡᠨ ᠲᠡᠮᠳᠡᠭᠯᠡᠬᠦ ᠳᠤ ᠬᠦᠴᠢᠷ︾ ᠤᠨ ᠠᠰᠠᠭᠤᠳᠠᠯ ᠢ ᠰᠢᠳᠪᠦᠷᠢᠯᠡᠬᠦ ᠠᠵᠢᠯ ᠢ ᠲᠦᠷᠭᠡᠳᠬᠡᠨ ᠠᠬᠢᠭᠤᠯᠬᠤ | ᠬᠡᠷᠡᠭᠲᠡᠶ᠃ | ︵ᠬᠤᠶᠠᠷ︶ ᠠᠵᠢᠯ ᠤᠨ ᠬᠠᠷᠢᠭᠤᠴᠠᠯᠭ᠎ᠠ ᠶᠢ ᠪᠣᠳᠠᠲᠠᠶᠢᠵᠢᠭᠤᠯᠤᠨ᠎ᠠ᠃ ᠡᠯ᠎ᠡ ᠬᠤᠰᠢᠭᠤ ᠰᠢᠶᠠᠨ | ᠬᠤᠲᠠ ᠶᠢᠨ ᠠᠷᠠᠳ ᠤᠨ ᠵᠠᠰᠠᠭ ᠤᠨ ᠣᠷᠳᠣᠨ ᠨᠢ ᠬᠠᠷᠢᠭᠤᠴᠠᠯᠭ᠎ᠠ ᠶᠢᠨ ᠭᠤᠤᠯ ᠴᠣᠭᠴᠠ ᠪᠣᠯᠤᠭᠰᠠᠨ ᠤ | ᠬᠤᠪᠢ ᠳᠤ᠂ ᠲᠦᠷᠦᠭᠦᠯᠡᠨ ᠬᠢᠬᠦ ᠡᠭᠦᠷᠭᠡ ᠬᠠᠷᠢᠭᠤᠴᠠᠯᠭ᠎ᠠ ᠪᠠᠨ ᠦᠨᠡᠨᠬᠦ ᠭᠦᠢᠴᠡᠳᠭᠡᠵᠦ᠂ ᠡᠭᠦᠷᠭᠡ ᠴᠢᠳᠠᠪᠤᠷᠢᠲᠤ | ᠰᠠᠯᠠᠭ᠎ᠠ ᠮᠥᠴᠢᠷ᠂ ᠬᠦᠷᠢᠶᠡᠯᠡᠩ ᠲᠣᠭᠤᠷᠢᠭ ᠤᠨ ᠬᠠᠮᠢᠶᠠᠷᠤᠯᠲᠠ ᠶᠢᠨ ᠵᠥᠪᠯᠡᠯ᠂ ᠰᠢᠶᠠᠩ ᠪᠠᠯᠭᠠᠰᠤ ᠰᠤᠮᠤ᠂ ᠵᠡᠭᠡᠯᠢ | ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠵᠡᠷᠭᠡ ᠶᠢᠨ ᠬᠦᠴᠦᠨ ᠢ ᠭᠦᠢᠴᠡᠳ ᠪᠠᠳᠠᠷᠠᠭᠤᠯᠬᠤ ᠬᠡᠷᠡᠭᠲᠡᠶ᠃ ᠠᠵᠤ | ᠠᠬᠤᠶᠢᠯᠠᠯ ᠤᠨ ᠬᠡᠷᠡᠭᠯᠡᠬᠦ ᠭᠠᠵᠠᠷ ᠤᠨ ︽ᠳᠡᠩᠰᠡᠯᠡᠨ ᠲᠡᠮᠳᠡᠭᠯᠡᠬᠦ ᠳᠤ ᠬᠦᠴᠢᠷᠲᠡᠶ︾ ᠠᠰᠠᠭᠤᠳᠠᠯ ᠤᠨ ᠲᠥᠷᠥᠯ | ᠵᠦᠢᠯ ᠳᠤ ᠤᠯᠠᠮ ᠨᠢᠭᠡ ᠠᠯᠬᠤᠮ ᠪᠠᠶᠢᠳᠠᠯ ᠢ ᠤᠶᠢᠯᠠᠭᠠᠨ ᠵᠢᠭᠰᠠᠭᠠᠨ ᠪᠠᠶᠢᠴᠠᠭᠠᠵᠤ᠂ ᠠᠰᠠᠭᠤᠳᠠᠯ ᠤᠨ ᠡᠬᠡ ᠲᠠᠩᠰᠠ | ᠪᠠᠶᠢᠭᠤᠯᠤᠨ᠂ ᠠᠰᠠᠭᠤᠳᠠᠯ ᠤᠨ ᠪᠣᠶ ᠪᠣᠯᠤᠭᠰᠠᠨ ᠰᠢᠯᠲᠠᠭᠠᠨ ᠢ ᠡᠮᠬᠢᠯᠡᠵᠦ᠂ ᠠᠬᠢᠭᠤᠯᠬᠤ ᠲᠥᠰᠦᠯ ᠢ | ᠨᠠᠷᠢᠯᠢᠬᠵᠢᠭᠤᠯᠤᠨ᠂ ᠬᠠᠷᠢᠭᠤᠴᠠᠯᠭᠠᠲᠤ ᠰᠠᠯᠠᠭ᠎ᠠ ᠮᠥᠴᠢᠷ᠂ ᠰᠢᠢᠳᠪᠦᠷᠢᠯᠡᠬᠦ ᠠᠷᠭ᠎ᠠ ᠵᠠᠮ ᠪᠠ ᠠᠷᠭ᠎ᠠ ᠶᠢ | ᠲᠣᠳᠣᠷᠬᠠᠶᠢᠯᠠᠵᠤ᠂ ᠪᠠᠶᠢᠳᠠᠯ ᠢ ᠣᠶᠢᠯᠠᠭᠠᠬᠤ ᠶᠢᠨ ᠳᠠᠭᠠᠤ ᠠᠬᠢᠭᠤᠯᠵᠤ᠂ ᠴᠠᠭ ᠲᠤᠬᠠᠶ ᠳᠤᠨᠢ ᠵᠣᠬᠢᠶᠠᠨ ᠪᠠᠶᠢᠭᠤᠯᠤᠨ | ᠵᠡᠷᠭᠡᠪᠡᠷ ᠭᠦᠶ᠋ᠴᠡᠳᠬᠡᠵᠦ᠂ ᠠᠵᠢᠯ ᠤᠨ ᠠᠬᠢᠴᠠ ᠶᠢ ᠲᠦᠷᠭᠡᠳᠬᠡᠨ ᠠᠬᠢᠭᠤᠯᠤᠨ᠎ᠠ᠃ | ︵ᠭᠤᠷᠪᠠ︶ ᠤᠬᠠᠭᠤᠯᠵᠤ ᠬᠥᠲᠥᠯᠦᠨ ᠵᠢᠯᠣᠭᠤᠳᠬᠤ ᠶᠢ ᠰᠠᠶᠢᠲᠤᠷ ᠬᠢᠬᠦ ᠬᠡᠷᠡᠭᠲᠡᠶ᠃ ᠡᠯ᠎ᠡ ᠬᠤᠰᠢᠭᠤ | ᠰᠢᠶᠠᠨ ᠬᠤᠲᠠ ᠶᠢᠨ ᠦᠯᠡᠳᠡᠭᠡᠭᠰᠡᠨ ᠠᠯᠪᠠᠨ ᠬᠡᠷ ᠤᠳ ᠪᠠᠶᠢᠳᠠᠯ ᠢ ᠤᠶᠢᠯᠠᠭᠠᠨ ᠵᠢᠭᠰᠠᠭᠠᠨ ᠪᠠᠶᠢᠴᠠᠭᠠᠭᠰᠠᠨ | ᠪᠠᠶᠢᠳᠠᠯ ᠢᠶᠠᠨ ᠦᠨᠳᠦᠰᠦᠯᠡᠨ᠂ ᠰᠠᠨᠠᠭᠠᠴᠢᠯᠠᠭ᠎ᠠ ᠠᠴᠠ ᠪᠠᠨ ᠠᠵᠤ ᠠᠬᠤᠶᠢᠯᠠᠯ ᠯᠤᠭ᠎ᠠ ᠨᠡᠪᠲᠡᠷᠡᠯᠴᠡᠨ ᠵᠣᠯᠭᠠᠭᠤᠯᠵᠤ᠂ | ᠬᠠᠮᠢᠶ᠎ᠠ ᠪᠥᠬᠦᠶ ᠬᠡᠷᠡᠭᠴᠡᠭᠡ ᠱᠠᠭᠠᠷᠳᠠᠯᠭ᠎ᠠ ᠵᠢᠴᠢ ᠭᠦᠢᠴᠡᠳᠭᠡᠬᠦ ᠶᠢᠨ ᠬᠦᠴᠢᠷᠳᠡᠯ ᠢ ᠤᠶᠢᠯᠠᠭᠠᠨ᠂ ᠠᠰᠠᠭᠤᠨ ᠯᠠᠪᠯᠠᠬᠤ | ᠦᠢᠯᠡᠴᠢᠯᠡᠭᠡ ᠬᠠᠩᠭᠠᠬᠤ ᠶᠢᠨ ᠬᠠᠮᠲᠤ ᠮᠡᠳᠡᠭᠳᠡᠵᠦ ᠲᠡᠮᠳᠡᠭᠯᠡᠬᠦ ᠶᠢ ᠰᠠᠶᠢᠲᠤᠷ ᠬᠢᠵᠦ᠂ ᠤᠬᠠᠭᠤᠯᠬᠤ ᠡᠷᠴᠢᠮ ᠢᠶᠠᠨ | ᠴᠢᠩᠭᠠᠷᠠᠭᠤᠯᠤᠨ᠂ ᠰᠠᠶᠢᠨ ᠰᠠᠶᠢᠬᠠᠨ ᠨᠡᠶᠢᠭᠡᠮ ᠤᠨ ᠠᠭᠤᠷ ᠠᠮᠢᠰᠬᠤᠯ ᠢ ᠪᠣᠶ ᠪᠣᠯᠭᠠᠬᠤ ᠬᠡᠷᠡᠭᠲᠡᠶ᠃ ᠤᠯᠤᠰ ᠤᠨ | ᠥᠮᠴᠢᠯᠡᠯ ᠤᠨ ᠭᠠᠵᠠᠷ ᠰᠢᠷᠣᠶ ᠳᠡᠭᠡᠷ᠎ᠡ ᠨᠢᠭᠡᠨᠲᠡ ᠪᠥᠲᠥᠭᠡᠨ ᠪᠠᠶᠢᠭᠤᠯᠤᠭᠰᠠᠨ ᠣᠷᠣᠨ ᠰᠠᠭᠤᠴᠠ ᠶᠢᠨ ᠪᠤᠰᠤ | ᠲᠥᠷᠥᠯ ᠤᠨ ᠬᠡᠷᠡᠭᠯᠡᠬᠦ ᠭᠠᠵᠠᠷ ᠢ ︽ᠳᠡᠩᠰᠡᠯᠡᠨ ᠲᠡᠮᠳᠡᠭᠯᠡᠬᠦ ᠳᠤ ᠬᠦᠴᠢᠷᠲᠡᠶ︾ ᠪᠠᠶᠢᠬᠤ ᠠᠰᠠᠭᠤᠳᠠᠯ ᠢ ᠲᠣᠰ | ᠬᠡᠷᠡᠭᠵᠢᠭᠦᠯᠬᠦ ᠲᠥᠰᠦᠯ ᠢᠶᠠᠷ ᠯᠠᠪᠯᠠᠯᠲᠠ ᠪᠣᠯᠭᠠᠨ ᠬᠡᠷᠡᠭᠵᠢᠭᠦᠯᠵᠦ ᠪᠣᠯᠤᠨ᠎ᠠ᠃ | ᠲᠣᠰ ᠬᠡᠷᠡᠭᠵᠢᠭᠦᠯᠬᠦ ᠲᠥᠰᠦᠯ ᠢ ᠳᠠᠷᠤᠮᠠᠯᠯᠠᠨ ᠲᠠᠷᠬᠠᠭᠠᠭᠰᠠᠨ ᠡᠳᠦᠷ ᠠᠴᠠ ᠡᠬᠢᠯᠡᠨ ᠬᠡᠷᠡᠭᠵᠢᠭᠦᠯᠦᠨ᠎ᠡ᠂ | ᠤᠯᠤᠰ᠂ ᠥᠪᠡᠷᠲᠡᠭᠡᠨ ᠵᠠᠰᠠᠬᠤ ᠣᠷᠣᠨ ᠠᠴᠠ ᠠᠰᠲᠠᠭᠠᠨ ᠲᠣᠭᠲᠠᠭᠠᠯ ᠲᠠᠢ ᠪᠣᠯ ᠲᠡᠷᠡ ᠲᠣᠭᠲᠠᠭᠠᠯ ᠢ | ᠬᠡᠷᠡᠭᠵᠢᠭᠦᠯᠦᠨ᠎ᠡ᠃ | | | | |