ᠬᠤᠶᠠᠷ ᠲᠦᠷᠤᠯ ᠤᠨ ︽ᠵᠤᠴᠢᠨ︾ ᠳᠤ ᠬᠤᠶᠠᠷ ᠶᠠᠩᠵᠤ ᠪᠠᠷ ᠬᠠᠨᠳᠤᠭᠰᠠᠨ ᠨᠢ
ᠨᠡᠶᠢᠲᠡᠯᠡᠭᠰᠡᠨ ᠴᠠᠭ᠄
2023/4/18
                                        ᠲᠤᠭᠤᠷᠵᠠᠪ      ︽ ᠠᠬ᠎ᠠ ᠲᠡᠬᠦᠤ ᠢᠷᠡᠪᠡᠯ ᠠᠮᠳᠠᠳᠤ ᠰᠠᠷᠬᠤᠳ ᠢᠶᠠᠨ ᠡᠷᠬᠦᠵᠤ᠂  ᠠᠳᠠᠭᠠᠳᠠᠨ ᠲᠠᠶᠢᠰᠤᠨ ᠢᠷᠠᠪᠠᠯ ᠠᠪᠠ ᠶᠢᠨ ᠫᠤᠤ ᠭᠠᠷᠭᠠᠨ᠎ᠠ ᠁︾  ᠪᠢ ᠡᠨᠡᠬᠦ ᠲᠠᠭᠤᠤ ᠶᠢ ᠰᠤᠨᠤᠰᠬᠤ ᠪᠦᠷᠢ ᠴᠢᠯᠦᠭᠡᠯᠡᠭᠳᠡᠬᠦ ᠶᠢᠨ ᠡᠬᠢᠨ ᠤ ᠦᠶ᠎ᠡ ᠳᠤ ᠪᠢᠳᠡ ᠸᠠᠩ  ᠤᠨ ᠰᠦᠮ᠎ᠡ ᠳᠤ ᠬᠤᠶᠠᠷ ᠲᠦᠷᠤᠯ ᠤᠨ ︽ᠵᠤᠴᠢᠨ︾ ᠳᠤ ᠬᠤᠶᠠᠷ ᠶᠠᠩᠵᠤ ᠪᠠᠷ ᠬᠠᠨᠳᠤᠭᠰᠠᠨ ᠦᠯᠢᠭᠡᠷ ᠢ ᠪᠤᠳᠤᠵᠤ ᠰᠠᠨᠠᠳᠠᠭ᠃      ᠲᠤᠬᠠᠢ ᠶᠢᠨ ᠦᠶ᠎ᠡ ᠶᠢᠨ ᠸᠠᠩ ᠤᠨ ᠰᠦᠮ᠎ᠡ ᠪᠤᠯ ᠬᠦᠨᠳᠤ ᠴᠢᠬᠤᠯᠠ ᠪᠠᠶᠢᠯᠳᠤᠬᠤ ᠪᠤᠳᠤᠯᠭ᠎ᠠ ᠶᠢᠨ ᠪᠠᠶᠢᠷᠢᠨ ᠳᠤ ᠪᠠᠶᠢᠵᠤ᠂  ᠤᠯᠤᠰ ᠲᠦᠷᠤ ᠶᠢᠨ ᠪᠠᠶᠢᠳᠠᠯ ᠲᠤᠩ ᠪᠤᠳᠤᠯᠢᠶᠠᠨ ᠲᠠᠢ ᠪᠠᠶᠢᠵᠠᠢ᠃  ᠵᠦᠪᠯᠡᠯᠳᠤ ᠶᠢᠨ  ᠠᠷᠤ ᠪᠠᠶᠢᠭᠠᠯ ᠤᠨ ᠹᠷᠤᠨᠲ ᠤᠨ ᠴᠡᠷᠢᠭ ᠤᠨ ᠭᠤᠴᠢᠨ ᠶᠢᠰᠤᠳᠤᠭᠡᠷ ᠨᠢᠭᠡᠳᠤᠮᠡᠯ ᠴᠡᠷᠢᠭ ᠤᠨ ᠬᠤᠴᠤᠷᠤᠨ ᠰᠠᠬᠢᠬᠤ ᠴᠡᠷᠢᠭ ᠠᠩᠭᠢ ᠠᠴᠠ ᠴᠡᠷᠢᠭ ᠤᠨ ᠵᠠᠬᠢᠷᠤᠯᠳᠠ ᠶᠠᠪᠤᠭᠤᠯᠤᠨ︔  ᠪᠦᠬᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠤᠨ ᠬᠢᠯᠢ ᠶᠢᠨ ᠮᠤᠷᠢᠳᠤ ᠴᠡᠷᠢᠭ ᠠᠭᠳᠠ ᠡᠷᠢᠬᠦ ᠨᠡᠷ᠎ᠡ ᠪᠠᠷ ᠢᠮᠠᠭᠳᠠ ᠤᠷᠤᠵᠤ ᠢᠷᠡᠨ︔  ᠵᠠᠯᠠᠭᠤ ᠰᠤᠷᠤᠭᠴᠢᠳ ᠪᠦᠯᠦᠭ ᠪᠦᠯᠦᠭ ᠢᠶᠠᠷ ᠴᠠᠩᠴᠦ᠋ᠨ ᠂  ᠮᠦᠭᠳᠡᠨ᠂  ᠬᠠᠷᠪᠢᠨ ᠠᠴᠠ ᠢᠷᠡᠵᠤ ᠪᠠᠶᠢᠯ᠎ᠠ᠃ ᠭᠤᠮᠢᠨᠳᠠᠩ ᠤᠨ ᠲᠡᠷᠰᠯᠡᠬᠦᠴᠤᠳ ᠠᠷᠭ᠎ᠠ ᠪᠦᠬᠦᠨ ᠢ ᠰᠦᠪᠡᠭᠴᠢᠯᠡᠨ ᠵᠡᠬᠦᠨ ᠬᠤᠶᠢᠳᠤ ᠤᠷᠤᠨ ᠢ ᠪᠦᠬᠦᠨ ᠢᠶᠠᠷ ᠨᠢ ᠡᠵᠡᠯᠡᠬᠦ ᠰᠠᠨᠠᠭ᠎ᠠ ᠲᠠᠢ᠂  ᠡᠤ ᠬᠤᠸᠠᠨ ᠵᠠᠩ ᠢ ᠲᠤᠮᠢᠯᠠᠨ ᠬᠠᠭᠤᠷᠮᠠᠭ ᠬᠢᠩᠭᠠᠨ ᠮᠤᠵᠢ ᠶᠢᠨ ᠮᠤᠵᠢ ᠶᠢᠨ ᠲᠠᠷᠤᠭ᠎ᠠ ᠪᠤᠯᠭᠠᠵᠤ᠂  ᠵᠠᠯᠠᠨ ᠠᠶᠢᠯ᠂  ᠬᠠᠶᠢᠯᠠᠷ ᠢᠶᠠᠷ ᠢᠷᠡᠵᠤ ᠬᠦᠳᠡᠯᠭᠡᠭᠡᠨ ᠬᠢᠵᠤ ᠪᠠᠶᠢᠪᠠ᠂᠂  ᠭᠤᠮᠢᠨᠳᠠᠩ ᠤᠨ ᠲᠠᠩᠨᠠᠭᠤᠯ ᠮᠠᠨᠢᠪᠠᠳᠠᠷᠠ ᠴᠤ ᠸᠠᠩ ᠤᠨ ᠰᠦᠮ᠎ᠡ ᠳᠤ ᠪᠠᠴᠢᠮ ᠶᠠᠭᠠᠷᠠᠯ ᠲᠠᠢ ᠠᠵᠢᠯᠯᠠᠭ᠎ᠠ ᠬᠢᠵᠤ ᠪᠠᠶᠢᠯ᠎ᠠ᠂᠂  ᠸᠠᠩ ᠤᠨ ᠰᠦᠮ᠎ᠡ ᠶᠢᠨ ᠤᠷᠴᠢᠨ ᠲᠤᠭᠤᠷᠢᠨ ᠳᠤ ᠭᠤᠸᠠᠩ ᠹᠦ᠋ ᠵᠢᠶᠦ᠋ᠨ᠂  ᠰᠢᠶᠠᠨ ᠴᠢᠶᠠᠨ ᠵᠢᠶᠦ᠋ᠨ ᠵᠡᠷᠭᠡ ᠭᠤᠮᠢᠳᠠᠩ ᠤᠨ ᠨᠢᠭᠤᠴᠠ ᠴᠡᠷᠢᠭ ᠢᠯᠡᠷᠡᠵᠤ᠂  ᠵᠦᠪᠯᠡᠯᠳᠤ ᠶᠢᠨ ᠴᠡᠷᠢᠭ ᠤᠨ ᠤᠬᠤᠷᠢᠬᠤ ᠶᠢ ᠲᠠᠭᠠᠯᠳᠤᠨ ᠢᠳᠡᠭ ᠢᠳᠡᠭ ᠢᠶᠠᠷ ᠬᠦᠴᠤ ᠪᠠᠨ ᠶᠡᠭᠡᠳᠭᠡᠵᠤ ᠪᠠᠶᠢᠯ᠎ᠠ᠂᠂  ᠬᠢᠩᠭᠠᠨ ᠠᠶᠢᠮᠠᠭ ᠤᠨ ᠲᠤᠳᠤᠷ᠎ᠠ ᠭᠤᠮᠢᠨᠳᠠᠩ ᠤᠨ ᠵᠡᠬᠦᠨ ᠬᠤᠶᠢᠳᠤ  ᠶᠢᠨ ᠨᠤᠶᠠᠨ ᠨᠡᠷᠡᠶᠢᠳᠬᠦ ᠬᠡᠯᠳᠡᠰ ᠠᠴᠠ ᠪᠠᠭᠤᠯᠭᠠᠭᠰᠠᠨ ᠲᠤᠰᠢᠶᠠᠯ ᠳᠤ ᠲᠤᠮᠢᠯᠠᠭᠰᠠᠨ ᠪᠢᠴᠢᠭ ᠴᠤ ᠬᠡᠳᠤ ᠤᠯᠵᠠᠢ᠂᠂  ᠮᠠᠨᠢᠪᠠᠳᠠᠷᠠ ᠪᠠᠷ ᠲᠦᠰᠢᠯᠭᠡ ᠪᠤᠯᠭᠠᠭᠰᠠᠨ ᠸᠧᠢ ᡂᠢ ᠡᠾᠦ᠋ᠢ ᠸᠠᠩ ᠤᠨ ᠰᠦᠮ᠎ᠡ ᠶᠢ ᠡᠷᠬᠡᠰᠢᠶᠠᠯ ᠳᠡᠭᠡᠨ ᠤᠷᠤᠭᠤᠯᠵᠤ᠂  ᠸᠠᠩ ᠤᠨ ᠰᠦᠮ᠎ᠡ ᠰᠠᠯᠬᠢ ᠰᠢᠭᠤᠷᠭᠠᠨ ᠤ ᠲᠤᠮᠳᠠ ᠰᠠᠵᠢᠯᠠᠵᠤ ᠪᠠᠶᠢᠯ᠎ᠠ᠂᠂     1945  ᠤᠨ ᠤ 10  ᠰᠠᠷ᠎ᠠ ᠶᠢᠨ ᠡᠬᠢᠨ ᠳᠤ ᠠᠷᠠᠳ ᠤᠨ ᠴᠠᠭᠳᠠᠭᠠᠨ ᠤ ᠶᠡᠭᠡ ᠠᠩᠭᠢ ᠶᠢᠨ 350  ᠬᠦᠮᠤᠨ᠂  ᠲᠤᠯᠤᠭᠠᠢ ᠳᠠᠭᠠᠨ ᠲᠡᠮᠤᠷ ᠮᠠᠯᠠᠭᠠᠢ ᠵᠡᠬᠦᠵᠤ᠂  ᠮᠦᠷᠤ ᠳᠡᠭᠡᠨ ᠤᠷᠳᠤ ᠫᠤᠤ ᠡᠬᠦᠷᠴᠤ᠂  ᠪᠡᠶ᠎ᠡ ᠳᠡᠭᠡᠨ ᠰᠤᠮᠤ ᠬᠢᠳᠤᠭ᠎ᠠ ᠰᠤᠶᠢᠷᠠᠭᠰᠠᠨ ᠲᠡᠷᠢ ᠲᠡᠭᠰᠢ ᠪᠠᠶᠢᠳᠠᠯ ᠢᠶᠠᠷ ᠸᠠᠩ ᠤᠨ ᠰᠦᠮ᠎ᠡ ᠳᠤ ᠢᠯᠡᠷᠡᠪᠡ  ᠂᠂  ᠠᠷᠠᠳ ᠤᠨ ᠴᠠᠭᠳᠠᠭᠠᠨ ᠤ ᠶᠡᠭᠡ ᠠᠩᠭᠢ 20  ᠡᠳᠤᠷ ᠤᠨ ᠲᠤᠳᠤᠷ᠎ᠠ ᠲᠦᠷᠪᠡᠨ ᠲᠤᠮᠳᠠ ᠠᠩᠭᠢ ᠶᠢ ᠵᠤᠬᠢᠶᠠᠨ ᠪᠠᠶᠢᠭᠤᠯᠤᠨ ᠲᠦᠷᠪᠡᠨ ᠰᠤᠮᠤ ᠳᠤ ᠤᠴᠢᠭᠤᠯᠤᠨ ᠫᠤᠤ ᠰᠤᠮᠤ ᠶᠢ ᠲᠡᠮᠳᠡᠭᠯᠡᠵᠤ᠂ ᠬᠡᠳᠤᠢ ᠪᠠᠶᠢᠬᠤ ᠶᠢ ᠮᠡᠳᠡᠭᠡᠳ ᠬᠤᠷᠠᠮᠳᠤᠭᠤᠯᠤᠨ ᠴᠤᠭᠯᠠᠭᠤᠯᠪᠠ︔  ᠰᠤᠯᠤᠨ  ᠳᠠᠬᠢ ᠭᠤᠮᠢᠨᠳᠠᠩ ᠤᠨ ᠨᠠᠮ ᠤᠨ ᠭᠠᠵᠠᠷ ᠪᠠ ᠰᠢᠶᠠᠨ ᠤ ᠵᠠᠰᠠᠭ ᠤᠨ ᠤᠷᠳᠤᠨ ᠢ ᠬᠦᠴᠤᠨ ᠦᠭᠡᠢ ᠪᠤᠯᠭᠠᠵᠤ︔  ᠡᠤ ᠴᠠ ᠭᠸᠤ᠂  ᠪᠠᠶᠢᠯᠠᠩ ᠵᠡᠷᠭᠡ ᠭᠠᠵᠠᠷ ᠤᠨ ᠦᠨᠳᠤᠷ ᠠᠭᠤᠯᠠ ᠦᠪᠴᠢ ᠤᠢ ᠶᠢ ᠰᠢᠬᠦᠵᠤ ᠪᠠᠶᠢᠴᠠᠭᠠᠭᠰᠠᠨ ᠤ ᠰᠡᠬᠦᠯᠡᠷ᠂  ᠵᠦᠪᠯᠡᠯᠳᠤ ᠶᠢᠨ ᠴᠡᠷᠢᠭ ᠤᠨ ᠬᠤᠳᠠ ᠶᠢᠨ ᠰᠡᠷᠭᠡᠶᠢᠯᠡᠯᠳᠡ ᠶᠢᠨ ᠰᠧᠯᠢᠩ ᠪᠢᠳᠡᠨ ᠳᠤ ᠸᠧᠢ ᡂᠢ ᠡᠾᠦ᠋ᠢ ᠶᠢᠨ ᠡᠨᠡᠬᠦ ᠵᠤᠬᠢᠶᠠᠨ ᠪᠠᠶᠢᠭᠤᠯᠤᠯᠳᠠ ᠦᠭᠡᠢ᠂  ᠰᠠᠬᠢᠯᠭ᠎ᠠ ᠪᠠᠳᠤ ᠦᠭᠡᠢ᠂  ᠬᠠᠤᠯᠢ ᠶᠤᠰᠤᠨ ᠤ ᠪᠢᠰᠢ ᠵᠡᠪᠰᠡᠭᠳᠤ ᠬᠦᠴᠤᠨ ᠤ ᠵᠠᠪᠰᠡᠭ  ᠢ ᠨᠢ ᠬᠤᠷᠢᠶᠠ ᠭᠡᠵᠤ ᠬᠡᠯᠡᠵᠤ ᠦᠭᠪᠡ᠂᠂  ᠸᠧᠢ ᡂᠢ ᠡᠾᠦ᠋ᠢ ᠶᠢᠨ ᠲᠠᠷᠤᠭ᠎ᠠ ᠶᠡᠨ ᠵᠧᠨ ᠱᠠᠨ ᠪᠤᠯ ︽9 ·18︾  ᠶᠢᠨ ᠬᠡᠷᠡᠭ ᠬᠤᠪᠢᠰᠤᠯ ᠠᠴᠠ ᠡᠮᠤᠨ᠎ᠡ ᠤᠤᠯ ᠠᠴᠠ ᠪᠠᠨ ᠲᠡᠭᠡᠷᠡᠮ ᠪᠠᠶᠢᠭᠰᠠᠨ᠂  ᠲᠡᠭᠦᠨ ᠤ ᠬᠤᠴᠢ ᠴᠤᠯᠠ ᠨᠢ  ︽ ᠬᠤᠷᠳᠤᠨ ᠮᠤᠷᠢ ᠮᠡᠷᠭᠡ ᠫᠤᠤᠴᠢ ᠴᠠᠩ ᠵᠢᠶᠠᠩ ᠬᠤᠤ︾ ᠭᠡᠳᠡᠭ᠃  ᠶᠠᠫᠤᠨ ᠬᠠᠭᠤᠷᠮᠠᠭ ᠮᠠᠨᠵᠤ ᠶᠢᠨ ᠦᠶ᠎ᠡ ᠳᠤ ᠲᠡᠷᠡ ᠶᠠᠩᠬᠠᠨ ᠤ ᠭᠠᠵᠠᠷ ᠤᠰᠤ ᠪᠤᠴᠠᠯᠭᠠᠬᠤ ᠪᠠᠷ ᠬᠠᠯᠬᠠᠪᠴᠢ ᠪᠤᠯᠭᠠᠨ᠂  ᠶᠠᠫᠤᠨ ᠬᠠᠭᠤᠷᠮᠠᠭ ᠮᠠᠨᠵᠤ ᠶᠢᠨ ᠰᠢᠶᠠᠨᠪᠢᠩ ᠳᠤ ᠨᠢᠳᠤ ᠴᠢᠬᠢ ᠪᠤᠯᠵᠤ᠂  ᠦᠭᠡᠳᠡ ᠤᠷᠤᠭᠤ ᠶᠠᠪᠤᠵᠤ ᠵᠤᠴᠢᠳ ᠤᠨ ᠬᠦᠳᠡᠯᠵᠤ ᠪᠠᠷᠢᠬᠤ ᠶᠢ ᠠᠵᠢᠭᠯᠠᠵᠤ  ᠪᠠᠶᠢᠯ᠎ᠠ᠃ ᠶᠠᠫᠤᠨ ᠲᠡᠭᠡᠷᠡᠮ ᠢᠯᠠᠭᠳᠠᠵᠤ ᠲᠤᠳᠠᠭᠠᠬᠤ ᠳᠠᠭᠠᠨ ᠨᠢᠭᠡᠨ ᠪᠦᠯᠦᠭ ᠫᠤᠤ ᠵᠡᠪᠰᠡᠭ ᠤᠷᠬᠢᠭᠳᠠᠭᠤᠯᠤᠭᠰᠠᠨ ᠢ ᠲᠡᠷᠡ 50  ᠭᠠᠷᠤᠢ ᠲᠠᠩᠬᠠᠢ ᠯᠤᠶᠢᠪᠠᠷᠴᠢᠨ ᠢ ᠴᠤᠭᠯᠠᠭᠤᠯᠤᠨ ᠸᠧᠢ ᡂᠢ ᠡᠾᠦ᠋ᠢ ᠪᠠᠶᠢᠭᠤᠯᠤᠨ᠂  ᠭᠤᠮᠢᠨᠳᠠᠩ ᠤᠨ ᠭᠤᠸᠠᠩ ᠹᠦ᠋ ᠵᠢᠶᠦ᠋ᠨ ᠲᠠᠢ ᠰᠦᠯᠪᠡᠭᠡᠯᠡᠵᠤ᠂  ︽ ᠠᠮᠤᠷ ᠢ ᠬᠠᠮᠠᠭᠠᠯᠠᠬᠤ ᠰᠧᠯᠢᠩ︾   ᠤᠨ ᠲᠤᠰᠢᠶᠠᠯ ᠳᠤ ᠲᠤᠮᠢᠯᠠᠭᠰᠠᠨ ᠪᠢᠴᠢᠭ ᠢ ᠬᠦᠯᠢᠶᠡᠪᠡ᠃  ᠲᠡᠷᠡ ᠸᠠᠩ ᠤᠨ ᠰᠦᠮ᠎ᠡ ᠶᠢᠨ ᠰᠠᠭᠤᠭᠠᠯᠢ ᠠᠷᠠᠳ ᠲᠤ ᠵᠠᠷᠯᠢᠭ ᠪᠠᠭᠤᠯᠭᠠᠨ ᠡᠷᠤᠭᠡ ᠪᠦᠷᠢ ᠭᠤᠮᠢᠨᠳᠠᠩ ᠤᠨ ᠬᠦᠬᠡ ᠲᠡᠭᠷᠢ ᠴᠠᠭᠠᠨ ᠨᠡᠷᠡᠳᠤ ᠲᠤᠭ ᠢ ᠡᠯᠬᠦᠬᠦᠯᠵᠤ᠂  ︽ ᠵᠦᠩᠶᠠᠩ ᠴᠡᠷᠢᠭ︾ ᠤᠨ ᠢᠷᠡᠬᠦ ᠶᠢ ᠯᠡ ᠬᠦᠯᠢᠶᠡᠵᠤ ᠪᠠᠶᠢᠯ᠎ᠠ᠃  ᠸᠧᠢ ᡂᠢ ᠡᠾᠦ᠋ᠢ ᠶᠠᠫᠤᠨ ᠬᠠᠭᠤᠷᠮᠠᠭ ᠮᠠᠨᠵᠤ ᠶᠢᠨ ᠭᠡᠭᠡᠵᠤ ᠤᠷᠬᠢᠭᠳᠠᠭᠤᠯᠤᠭᠰᠠᠨ ᠴᠡᠷᠢᠭ ᠤᠨ ᠡᠳ᠋ᠯᠠᠯ ᠪᠠ ᠬᠠᠷ᠎ᠠ ᠲᠠᠮᠠᠬᠢ ᠨᠡᠩᠵᠢᠬᠦ  ᠪᠠᠷ ᠰᠢᠯᠳᠠᠭ ᠪᠤᠯᠭᠠᠨ᠂  ᠰᠦᠨᠢ ᠲᠤᠮᠳᠠ ᠠᠷᠠᠳ ᠤᠨ  ᠭᠡᠷ ᠲᠤ ᠤᠷᠤᠭᠠᠳ ᠠᠪᠳᠠᠷ᠎ᠠ ᠬᠤᠷᠤᠭ᠎ᠠ ᠶᠢ ᠨᠢ ᠠᠭᠤᠳᠠᠯᠵᠤ᠂  ᠠᠪᠤᠷᠢ ᠦᠭᠡᠢ ᠪᠠᠷ ᠠᠭᠠᠰᠢᠯᠠᠨ᠂  ᠠᠷᠠᠳ ᠤᠳ ᠭᠠᠰᠠᠯᠠᠩ ᠠᠯᠳᠠᠵᠤ ᠪᠠᠶᠢᠯ᠎ᠠ᠂᠂  ᠲᠡᠷᠡ ᠦᠶ᠎ᠡ ᠳᠤ᠂  ᠪᠢ ᠬᠤᠶᠠᠳᠤᠭᠠᠷ ᠲᠤᠮᠳᠠ ᠠᠩᠭᠢ ︵ ᠲᠠᠷᠤᠭ᠎ᠠ ᠨᠢ ᠱᠤᠸᠠᠩᠪᠤᠤ︶ ᠶᠢ ᠲᠠᠭᠠᠭᠤᠯᠵᠤ ᠠᠭᠤᠯᠠ ᠨᠠᠩᠵᠢᠭᠡᠳ ᠬᠠᠷᠢᠵᠤ ᠢᠷᠡᠭᠡᠳ ᠶᠠᠨ ᠵᠧᠨ ᠱᠠᠨ ᠤ ᠸᠧᠢ ᡂᠢ ᠡᠾᠦ᠋ᠢ ᠶᠢᠨ ᠵᠡᠪᠰᠡᠭ ᠢ ᠬᠤᠷᠢᠶᠠᠬᠤ ᠪᠠᠶᠢᠭᠰᠠᠨ︔  ᠭᠡᠳᠡᠯ᠎ᠡ ᠲᠤᠷᠰᠢᠯᠭ᠎ᠠ ᠰᠠᠶᠢᠳᠠᠢ ᠠᠰᠬᠠᠨ ᠨᠦᠬᠦᠷ ︵ ᠲᠡᠷᠡ 10  ᠰᠠᠷ᠎ᠠ ᠶᠢᠨ ᠲᠤᠮᠳᠠᠴᠢ ᠪᠠᠷ ᠴᠠᠩᠴᠦ᠋ᠨ ᠠᠴᠠ ᠸᠠᠩ ᠤᠨ ᠰᠦᠮ᠎ᠡ ᠳᠤ ᠢᠷᠡᠵᠤ ᠲᠤᠳᠤᠭᠠᠳᠤ ᠶᠢ ᠬᠠᠮᠠᠭᠠᠯᠠᠬᠤ ᠲᠢᠩᠬᠢᠮ ᠤᠨ ᠲᠠᠷᠤᠭ᠎ᠠ ᠪᠠᠷ ᠲᠤᠮᠢᠯᠠᠭᠳᠠᠵᠠᠢ︶  ᠨᠠᠳᠠ ᠳᠤ᠄  ︽ ᠵᠦᠪᠯᠡᠯᠳᠤ ᠶᠢᠨ ᠴᠡᠷᠢᠭ ᠬᠡᠳᠤᠶᠢᠪᠡᠷ ᠴᠢᠮᠠᠳᠤ ᠡᠨᠡ ᠨᠢᠭᠡ ᠪᠦᠯᠦᠭ ᠲᠡᠭᠡᠷᠡᠮ ᠤᠨ ᠵᠡᠪᠰᠡᠭ ᠢ ᠬᠤᠷᠢᠶᠠᠬᠤ ᠡᠷᠭᠡ ᠶᠢ ᠦᠭᠬᠦᠭᠰᠡᠨ ᠪᠤᠯᠪᠠᠴᠤ ᠶᠠᠨ ᠵᠧᠨ ᠱᠠᠨ ᠤ ᠸᠧᠢ ᡂᠢ ᠡᠾᠦ᠋ᠢ ᠶᠢᠨ ᠪᠦᠷᠢᠯᠳᠤᠬᠦᠨ ᠤ ᠤᠯᠠᠩᠭᠢ ᠨᠢ ᠬᠢᠳᠠᠳ ᠬᠦᠮᠤᠨ᠂  ᠬᠡᠷᠪᠡ ᠮᠤᠩᠭᠤᠯ ᠴᠡᠷᠢᠭ ᠲᠡᠭᠦᠨ ᠤ ᠵᠡᠪᠰᠡᠭ  ᠢ ᠬᠤᠷᠢᠶᠠᠪᠠᠯ ᠪᠠᠶᠢᠳᠠᠯ ᠢ ᠮᠡᠳᠡᠬᠦ ᠦᠭᠡᠢ ᠬᠦᠮᠤᠰ ᠦᠨᠳᠤᠰᠤᠳᠡᠨ ᠤ ᠬᠢᠮᠤᠷᠠᠯ ᠬᠢᠬᠦ ᠮᠠᠭᠠᠳ᠂  ᠬᠠᠷᠢᠨ ᠬᠦᠮᠤᠨ ᠲᠤᠮᠢᠯᠠᠨ  ᠪᠠᠶᠢᠴᠧᠩ ᠳᠤ ᠤᠴᠢᠨ ᠨᠠᠢᠮᠠᠳᠤᠭᠠᠷ ᠵᠠᠮ ᠤᠨ ᠴᠡᠷᠢᠭ ᠢ ᠵᠠᠯᠠᠵᠤ᠂  ᠪᠢᠳᠡ ᠴᠡᠷᠢᠭ ᠭᠠᠷᠭᠠᠨ ᠰᠢᠢᠳᠪᠤᠷᠢᠯᠡᠪᠡᠯ ᠰᠠᠶᠢᠨ ᠪᠢᠰᠢᠤ︾ ᠭᠡᠵᠤ ᠰᠠᠨᠠᠭᠤᠯᠵᠠᠢ᠃  ︵ ᠦᠷᠬᠦᠯᠵᠢᠯᠡᠯ ᠪᠤᠢ  ︶
 
ᠢᠷᠡᠯᠲᠡ᠄ ᠬᠢᠩᠭᠠᠨ ᠤ ᠬᠤᠪᠢᠰᠬᠠᠯᠳᠤ ᠲᠡᠤᠭᠡᠨ ᠶᠠᠷᠢᠶ᠎ᠠ ︵ᠨᠢᠭᠡᠳᠤᠭᠡᠷ ᠪᠤᠳᠢ︶
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号