ᠬᠤᠶᠠᠷ ᠲᠦᠷᠤᠯ ᠤᠨ ︽ᠵᠤᠴᠢᠨ︾ ᠳᠤ ᠬᠤᠶᠠᠷ ᠶᠠᠩᠵᠤ ᠪᠠᠷ ᠬᠠᠨᠳᠤᠭᠰᠠᠨ ᠨᠢ
ᠨᠡᠶᠢᠲᠡᠯᠡᠭᠰᠡᠨ ᠴᠠᠭ᠄
2023/4/20
              ︵ ᠲᠡᠭᠡᠷ᠎ᠡ ᠬᠤᠭᠤᠴᠠᠭᠠᠨ ᠤ ᠦᠷᠬᠦᠯᠵᠢᠯᠡᠯ  ︶      ᠠᠰᠬᠠᠨ ᠨᠦᠬᠦᠷ  ᠶᠧᠰᠢᠵᠠᠯᠠᠰᠠᠩ ︵ᠰᠡᠬᠦᠯᠡᠷ ᠨᠢ ᠵᠠᠭᠤᠨ ᠤᠳᠠ ᠠᠶᠢᠮᠠᠭ ᠤᠨ ᠲᠦᠷᠪᠡᠳᠤᠭᠡᠷ ᠳ᠋ᠢᠸᠢᠽᠢ ᠳᠤ ᠠᠵᠢᠯᠯᠠᠵᠤ ᠪᠠᠶᠢᠬᠤ ᠳᠠᠭᠠᠨ ᠤᠷᠪᠠᠭᠰᠠᠨ ᠬᠤᠯᠠᠭᠠᠢ ᠳᠤ ᠬᠤᠤᠷᠯᠠᠭᠳᠠᠪᠠ︶  ᠨᠦᠬᠦᠷ ᠢ ᠲᠤᠮᠢᠯᠠᠵᠤ ᠨᠠᠢᠮᠠᠳᠤᠭᠠᠷ ᠵᠠᠮ ᠤᠨ ᠴᠡᠷᠢᠭ ᠢ ᠵᠠᠯᠠᠬᠤ ᠶᠢᠨ ᠬᠠᠮᠳᠤ ᠪᠠᠶᠢᠴᠧᠩ ᠳᠤ ᠬᠠᠷᠢᠯᠴᠠᠭᠠᠨ ᠤ ᠭᠠᠵᠠᠷ ᠪᠠᠶᠢᠭᠤᠯᠬᠤ ᠪᠠᠷ ᠤᠴᠢᠭᠤᠯᠬᠤ ᠳᠤ ᠶᠠᠭ ᠰᠠᠶ᠋ᠢᠬᠠᠨ ᠨᠠᠢᠮᠠᠳᠤᠭᠠᠷ ᠵᠠᠮ ᠤᠨ ᠴᠡᠷᠢᠭ ᠴᠤ ᠶᠠᠨ ᠵᠧᠨ ᠱᠠᠨ ᠭᠤᠸᠠᠩ ᠹᠦ᠋ ᠵᠢᠶᠦ᠋ᠨ ᠲᠠᠢ ᠰᠦᠯᠪᠡᠭᠡᠯᠡᠭᠰᠡᠨ ᠴᠢᠮᠡᠭᠡ ᠶᠢ ᠤᠯᠵᠤ ᠲᠡᠳᠡ ᠲᠤᠷᠠᠳᠠᠶ᠎ᠠ ᠵᠦᠪᠰᠢᠶᠡᠷᠡᠨ᠂  ᠲᠤᠤᠷ᠎ᠠ ᠨᠢ ᠪᠠᠲ᠋ᠠᠯᠢᠶᠦᠨ ᠤ ᠵᠢᠯᠤᠭᠤᠳᠤᠭᠴᠢ ᠵᠠᠩ ᠢ ᠴᠧᠩ ᠨᠦᠬᠦᠷ ᠵᠡᠷᠭᠡ 12  ᠬᠦᠮᠤᠰ ᠢ ᠲᠤᠮᠢᠯᠠᠨ ᠸᠠᠩ ᠤᠨ ᠰᠦᠮ᠎ᠡ ᠳᠤ  ᠢᠷᠡᠬᠦᠯᠤᠨ ᠡᠨᠡ ᠡᠭᠦᠷᠭᠡ ᠶᠢ ᠪᠡᠶᠡᠯᠡᠬᠦᠯᠬᠦ ᠪᠠᠷ ᠲᠤᠭᠳᠠᠵᠠᠢ᠃  ᠨᠠᠢᠮᠠᠳᠤᠭᠠᠷ ᠵᠠᠮ ᠤᠨ ᠴᠡᠷᠢᠭ  ᠸᠠᠩ ᠤᠨ ᠰᠦᠮ᠎ᠡ ᠳᠤ ᠢᠷᠡᠩᠬᠦᠳᠡ ᠬᠠᠯᠠᠭᠤᠨ ᠬᠦᠷᠢᠶᠡᠯᠡᠯ ᠢ ᠤᠯᠵᠤ᠂  ᠵᠠᠯᠠᠭᠤᠴᠤᠳ ᠤᠨ ᠡᠪᠯᠡᠯ ᠤᠨ ᠵᠠᠬᠢᠷᠭ᠎ᠠ ᠳᠤ ᠵᠤᠴᠢᠨ ᠢ ᠤᠭᠳᠤᠬᠤ ᠦᠪᠡᠳᠡᠭᠰᠢ ᠬᠤᠷᠢᠮ ᠬᠢᠵᠠᠢ᠂  ᠭᠡᠳᠡᠯ᠎ᠠ ᠲᠠᠶᠢᠨ ᠤ ᠲᠠᠷᠠᠭ᠎ᠠ ᠶᠠᠭᠤᠮ᠎ᠠ ᠴᠦᠬᠡᠨ ᠲᠤᠯᠠ ᠪᠢᠳᠡ ᠵᠦᠪᠬᠡᠨ ᠴᠠᠭᠠᠨ ᠨᠤᠭᠤᠭ᠎ᠠ᠂  ᠯᠤᠤᠪᠠᠩ᠂  ᠦᠭᠡᠷ ᠤᠨ ᠮᠢᠬ᠎ᠠ᠂  ᠭᠠᠭ᠋ᠠᠢ ᠶᠢᠨ ᠮᠢᠬ᠎ᠠ ᠵᠡᠷᠭᠡ ᠶᠢ ᠯᠡ ᠤᠯᠵᠠᠢ᠃  ᠤᠭᠳᠤᠯᠭ᠎ᠠ ᠶᠢᠨ ᠬᠤᠷᠠᠯ ᠶᠡᠭᠡ ᠬᠦᠷ ᠬᠦᠭᠵᠢᠶᠡᠨ ᠲᠠᠢ᠂  ᠴᠡᠷᠢᠭ ᠠᠩᠭᠢ ᠶᠢᠨ ᠬᠠᠷᠢᠭᠤᠴᠠᠯᠭᠠᠳᠠᠨ ᠬᠢᠭᠡᠳ ᠵᠠᠯᠠᠭᠤᠴᠤᠳ  ᠤᠨ ᠡᠪᠯᠡᠯ ᠤᠨ ᠺᠠᠳ᠋ᠷ ᠠᠴᠠ ᠬᠤᠪᠢᠰᠬᠠᠯ ᠤᠨ ᠶᠤᠰᠤᠨ ᠤ ᠲᠤᠬᠠᠢ ᠦᠭᠡ ᠬᠡᠯᠡᠵᠤ᠂  ᠬᠤᠷᠠᠯ ᠲᠡᠭᠡᠷ᠎ᠡ ᠬᠤᠪᠢᠰᠬᠠᠯ ᠤᠨ ᠲᠠᠭᠤᠤ ᠲᠠᠭᠤᠯᠠᠵᠤ᠂  ᠵᠠᠷᠢᠮ ᠨᠢ ᠨᠠᠢᠮᠠᠳᠤᠭᠠᠷ ᠵᠠᠮ ᠤᠨ ᠴᠡᠷᠢᠭ ᠠᠴᠠ ᠰᠢᠨᠡᠭᠡᠨ ᠰᠤᠷᠤᠭᠰᠠᠨ ᠲᠠᠭᠤᠤ ᠪᠠᠨ ᠲᠠᠭᠤᠯᠠᠵᠤ᠂  ᠦᠪᠡᠷ ᠢᠶᠠᠨ ᠵᠤᠬᠢᠶᠠᠭᠰᠠᠨ ᠮᠤᠩᠭᠤᠯ ᠲᠠᠭᠤᠤ ᠴᠤ ᠪᠠᠶᠢᠨ᠎ᠠ᠂  ᠤᠭᠳᠤᠯᠭ᠎ᠠ ᠶᠢᠨ ᠬᠤᠷᠠᠯ ᠪᠠᠶᠠᠷ ᠪᠠᠶᠠᠰᠬᠤᠯᠠᠩ ᠲᠠᠢ ᠪᠠᠷ ᠲᠡᠬᠦᠰᠪᠡ᠃  ᠡᠨᠡ ᠪᠤᠯ ᠮᠠᠨ ᠤ ᠠᠩᠬᠠᠳᠤᠭᠠᠷ ᠤᠳᠠᠭᠠᠨ ᠤ ︽ ᠵᠤᠴᠢᠨ︾   ᠢᠶᠠᠨ ᠤᠭᠳᠤᠬᠤ ᠪᠠᠶᠢᠳᠠᠯ᠃  ᠦᠨᠡᠨ  ᠳᠡᠭᠡᠨ ᠬᠤᠵᠢᠮ ᠤᠨ ᠬᠦᠭᠵᠢᠯᠳᠡ ᠳᠤ ᠨᠠᠢᠮᠠᠳᠤᠭᠠᠷ  ᠵᠠᠮ ᠤᠨ ᠴᠡᠷᠢᠭ ᠪᠤᠯ ᠮᠠᠨ ᠤ ᠨᠦᠬᠦᠷ ᠪᠤᠯᠵᠤ ᠵᠤᠴᠢᠨ ᠪᠢᠰᠢ ᠶᠤᠮ᠂  ᠡᠶᠢᠮᠤ ᠠᠴᠠ ᠵᠤᠴᠢᠨ ᠭᠡᠰᠡᠨ ᠦᠭᠡ ᠶᠢᠨ ᠲᠡᠭᠡᠷ᠎ᠡ ᠬᠠᠭᠠᠯᠳᠠ ᠲᠠᠯᠪᠢᠵᠠᠢ᠃      ᠲᠤᠰ ᠵᠢᠯ ᠤᠨ 12 ᠰᠠᠷ᠎ᠠ ᠶᠢᠨ ᠲᠤᠮᠳᠠᠴᠢ ᠪᠠᠷ ᠬᠤᠶᠠᠳᠤᠭᠠᠷ ᠪᠦᠯᠦᠭ ᠵᠤᠴᠢᠨ ᠢᠷᠡᠵᠠᠢ᠃  ᠡᠨᠡ ᠨᠢ ᠭᠤᠮᠢᠨᠳᠠᠩ  ᠤᠨ ︽ ᠲᠤᠰᠠᠯᠠᠮᠵᠢ ᠶᠢᠨ ᠶᠡᠷᠤᠩᠬᠡᠢ ᠵᠠᠬᠢᠷᠭ᠎ᠠ︾   ᠠᠴᠠ ᠲᠤᠮᠢᠯᠠᠨ ᠢᠷᠡᠬᠦᠯᠦᠭᠰᠡᠨ ᠮᠠ ᠤᠪᠤᠭ ᠲᠠᠢ ᠱᠠᠩᠸᠧᠢ ᠪᠠᠷ ᠲᠤᠯᠤᠭᠠᠶᠢᠯᠠᠭᠤᠯᠤᠭᠰᠠᠨ 12  ᠨᠡᠷᠡᠰ ᠴᠡᠷᠢᠭ ᠤᠨ ᠨᠤᠶᠠᠨ ᠪᠤᠯᠤᠨ᠎ᠠ᠃  ᠡᠨᠡ ᠨᠢ ᠪᠢᠳᠡᠨ ᠳᠤ ᠠᠪᠴᠤ ᠬᠡᠯᠡᠪᠡᠯ ᠭᠤᠮᠢᠨᠳᠠᠩ ᠤᠨ ᠲᠡᠷᠰᠯᠡᠬᠦᠴᠤᠳ ᠶᠠᠷᠢᠶᠠᠨ ᠦᠭᠡᠢ ᠲᠠᠶᠢᠰᠤᠨ ᠶᠤᠮ᠂  ᠸᠠᠩ ᠤᠨ ᠰᠦᠮ᠎ᠡ ᠳᠤ ᠴᠤ ᠭᠤᠮᠢᠨᠳᠠᠩ ᠳᠤ ᠬᠡᠢ ᠬᠦᠰᠡᠯ ᠢᠶᠠᠨ ᠨᠠᠶᠢᠳᠠᠵᠤ ᠪᠠᠶᠢᠬᠤ  ᠲᠤᠩ ᠴᠦᠬᠡᠨ ᠲᠤᠭᠠᠨ ᠤ ᠬᠦᠮᠤᠰ ᠪᠠᠶᠢᠬᠤ ᠶᠤᠮ᠃  ᠲᠤᠬᠠᠢ ᠶᠢᠨ ᠦᠶ᠎ᠡ ᠶᠢᠨ ᠪᠤᠳᠤᠯᠢᠶᠠᠨ ᠲᠠᠢ ᠲᠠᠯᠡᠬᠡᠢ ᠶᠢᠨ ᠤᠷᠴᠢᠨ ᠠᠬᠤᠢ ᠶᠢᠨ ᠲᠤᠮᠳᠠ᠂  ᠵᠦᠪᠯᠡᠯᠳᠤ ᠶᠢᠨ ᠴᠡᠷᠢᠭ ᠡᠵᠡᠯᠡᠵᠤ ᠪᠠᠶᠢᠬᠤ ᠬᠤᠭᠤᠴᠠᠭᠠᠨ ᠳᠠᠭᠠᠨ ᠤᠯᠠᠨ ᠤᠯᠤᠰ ᠤᠨ ᠬᠠᠷᠢᠴᠠᠭ᠎ᠠ ᠶᠢ ᠦᠨᠳᠤᠰᠤᠯᠡᠪᠡᠯ᠂  ᠢᠷᠭᠡᠨ ᠤᠯᠤᠰ ᠤᠨ ᠵᠠᠰᠠᠭ ᠤᠨ ᠤᠷᠳᠤᠨ  ᠤ ᠲᠤᠰᠠᠯᠠᠮᠵᠢ ᠶᠢᠨ ᠶᠡᠷᠤᠩᠬᠡᠢ ᠵᠠᠬᠢᠷᠭ᠎ᠠ ᠠᠴᠠ ᠠᠵᠢᠯᠯᠠᠬᠤ ᠠᠩᠭᠢ ᠲᠤᠮᠢᠯᠠᠨ ᠲᠤᠰ ᠤᠯᠤᠰ ᠤᠨ ᠢᠶᠠᠨ ᠠᠷᠠᠳ ᠢᠷᠭᠡᠨ ᠳᠤ ᠲᠤᠰᠠᠯᠠᠮᠵᠢ ᠦᠵᠡᠬᠦᠯᠬᠦ ᠶᠢ ᠬᠤᠷᠢᠭᠯᠠᠬᠤ ᠡᠷᠭᠡ ᠦᠭᠡᠢ ᠪᠦᠭᠡᠳ ᠨᠡᠩ ᠴᠤ ᠲᠡᠳᠡᠨ ᠤ ︽ ᠲᠤᠰᠠᠯᠠᠮᠵᠢ︾ ᠦᠵᠡᠬᠦᠯᠬᠦ ᠠᠵᠢᠯᠯᠠᠭ᠎ᠠ ᠶᠢ ᠬᠤᠷᠢᠭᠯᠠᠬᠤ ᠶᠢᠨ ᠠᠷᠭ᠎ᠠ ᠦᠭᠡᠢ᠃  ᠡᠶᠢᠮᠤ ᠠᠴᠠ ᠲᠡᠳᠡᠨ ᠢ ᠵᠦᠪᠯᠡᠯᠳᠤ ᠶᠢᠨ ᠴᠡᠷᠢᠭ ᠤᠨ ᠭᠠᠯᠳᠤ ᠲᠡᠷᠭᠡᠨ ᠳᠡᠭᠡᠨ ᠰᠠᠭᠤᠯᠭᠠᠵᠤ ᠸᠠᠩ ᠤᠨ ᠰᠦᠮ᠎ᠡ ᠳᠤ ᠠᠪᠴᠢᠷᠠᠬᠤ ᠯᠡ ᠬᠡᠷᠡᠭ ᠲᠠᠢ ᠪᠦᠭᠡᠳ ᠲᠡᠳᠡᠨ ᠤ ᠪᠡᠶ᠎ᠡ ᠶᠢᠨ ᠡᠷᠡᠬᠦᠯ ᠮᠡᠨᠳᠤ ᠶᠢ ᠴᠤ ᠬᠠᠮᠠᠭᠠᠯᠠᠬᠤ ᠯᠡ ᠬᠡᠷᠡᠭ ᠲᠠᠢ᠃  ᠪᠢᠳᠡ ᠡᠨᠡ ᠡᠭᠦᠷᠭᠡ ᠶᠢ ᠬᠦᠯᠢᠶᠡᠭᠰᠡᠨ ᠤ ᠰᠡᠬᠦᠯᠡᠷ᠂  ᠬᠢᠩᠭᠠᠨ ᠪᠠᠭᠤᠳᠠᠯ  ᠤᠨ ᠭᠠᠵᠠᠷ ᠲᠤ ᠬᠤᠶᠠᠷ ᠲᠠᠰᠤᠯᠭ᠎ᠠ ᠭᠡᠷ ᠤᠯᠵᠤ ᠬᠤᠶᠠᠷ ᠬᠠᠨᠵᠤ ᠶᠢᠨ ᠲᠡᠭᠡᠷ᠎ᠡ ᠲᠡᠳᠡᠨ ᠢ ᠲᠤᠬᠢᠷᠠᠭᠤᠯᠵᠤ᠂  ᠡᠭᠦᠳᠡᠨ ᠲᠡᠭᠡᠷ᠎ᠡ ᠨᠢ ᠬᠤᠶᠠᠷ ᠬᠠᠷᠠᠭᠤᠯ ᠤᠨ ᠴᠡᠷᠢᠭ ᠢᠶᠠᠷ ᠫᠤᠤ ᠪᠠᠷᠢᠵᠤ ︽ ᠬᠠᠮᠠᠭᠠᠯᠠᠵᠠᠢ︾᠃  ᠡᠨᠡ ᠪᠠᠭᠤᠳᠠᠯ ᠠᠴᠠ ᠭᠠᠵᠠᠷ ᠢᠯᠡᠬᠦᠤ ᠬᠤᠯᠠ ᠪᠠᠶᠢᠬᠤ ᠬᠢᠩᠭᠠᠨ ᠬᠤᠭᠤᠯᠠᠨ ᠭᠡᠷ ᠲᠤ ᠲᠦᠷᠪᠡᠨ ᠨᠤᠭᠤᠭ᠎ᠠ ᠨᠢᠭᠡ ᠱᠦᠯᠤ ᠲᠤᠬᠢᠷᠠᠭᠤᠯᠵᠠᠢ᠃  ︽ ᠵᠤᠴᠢᠨ︾ ᠢ ᠤᠶᠢᠳᠬᠠᠷ ᠲᠠᠢ ᠪᠤᠯᠬᠤ ᠠᠴᠠ ᠪᠤᠯᠭᠤᠮᠵᠢᠯᠠᠵᠤ᠂  ᠬᠦᠵᠢᠷ᠂  ᠰᠢᠳᠠᠷ᠂  ᠮᠠ ᠵᠢᠶᠠᠩ  ᠲᠤᠰ ᠪᠦᠷᠢ ᠨᠢᠭᠡ ᠪᠡᠯᠡᠳᠭᠡᠵᠤ ᠦᠭᠬᠦᠨ᠂  ᠪᠠᠭᠤᠳᠠᠯ ᠠᠴᠠ ᠯᠡ ᠭᠠᠷᠴᠤ ᠪᠤᠯᠬᠤ ᠦᠭᠡᠢ᠂  ᠪᠤᠳᠠᠭ᠎ᠠ ᠢᠳᠡᠬᠦ ᠴᠠᠭ ᠪᠤᠯᠤᠭᠰᠠᠭᠠᠷ ᠯᠡ ᠲᠦᠷᠪᠡᠨ ᠪᠠᠶᠢᠯᠳᠤᠭᠴᠢ ᠭᠠᠷ ᠲᠤ ᠪᠠᠨ ᠫᠤᠤ ᠪᠠᠷᠢᠵᠤ ᠬᠤᠭᠤᠯᠠᠨ ᠭᠡᠷ ᠲᠤ ᠬᠦᠷᠭᠡᠳᠡᠭ᠃  ᠡᠬᠢᠯᠡᠩᠬᠦᠳᠡ ᠭᠤᠮᠢᠨᠳᠠᠩ ᠳᠤ ᠬᠡᠢ ᠬᠦᠰᠡᠯ ᠲᠠᠢ ᠵᠠᠷᠢᠮ ᠬᠦᠮᠤᠰ ᠠᠭᠤᠯᠵᠠᠬᠤ ᠪᠠᠷ ᠢᠷᠡᠭᠰᠡᠨ ᠳᠤ ᠴᠦᠮ ᠠᠮᠤᠷ ᠢ ᠬᠠᠮᠠᠭᠠᠯᠠᠬᠤ ᠪᠠᠶᠢᠯᠳᠤᠭᠴᠢ ᠳᠤ ᠬᠤᠷᠢᠭᠯᠠᠭᠳᠠᠭᠠᠳ ᠨᠡᠷ᠎ᠡ ᠶᠢ ᠨᠢ ᠲᠡᠮᠳᠡᠭᠯᠡᠵᠤ ᠪᠤᠴᠠᠭᠠᠨ ᠶᠠᠪᠤᠭᠤᠯᠵᠠᠢ᠃  ᠮᠠ ᠤᠪᠤᠭᠳᠤ ᠱᠠᠩᠸᠧᠢ ᠵᠡᠷᠭᠡ 12  ᠬᠦᠮᠤᠰ ᠸᠠᠩ ᠤᠨ ᠰᠦᠮ᠎ᠡ ᠳᠤ ᠢᠷᠡᠭᠡᠳ ᠨᠢᠭᠡ ᠭᠠᠷᠠᠭ ᠪᠤᠯᠳᠠᠯ᠎ᠠ ᠡᠭᠦᠳᠡᠨ ᠤ ᠬᠠᠷᠠᠭᠤᠯ ᠤᠨ ᠴᠡᠷᠢᠭ ᠬᠢᠭᠡᠳ ᠬᠤᠭᠤᠯᠠᠨ ᠭᠡᠷ ᠲᠤ ᠬᠦᠶᠤᠬᠦ ᠠᠴᠠ ᠦᠭᠡᠷ᠎ᠡ ᠶᠠᠮᠠᠷ ᠴᠤ ᠤᠯᠠᠨ ᠲᠦᠮᠡᠨ ᠲᠠᠢ ᠨᠢᠭᠤᠷ ᠠᠭᠤᠯᠵᠠᠵᠤ ᠴᠢᠳᠠᠭᠰᠠᠨ ᠦᠭᠡᠢ ᠠᠴᠠ ᠶᠠᠷᠢᠶᠠᠨ ᠦᠭᠡᠢ ︽ ᠲᠤᠰᠠᠯᠠᠮᠵᠢ︾   ᠶᠢᠨ ᠨᠡᠷ᠎ᠡ ᠪᠠᠷ ᠬᠦᠳᠡᠯᠭᠡᠭᠡᠨ ᠬᠢᠬᠦ ᠭᠡᠰᠡᠨ ᠭᠤᠷᠢᠳᠤᠯᠭ᠎ᠠ ᠳᠠᠭᠠᠨ ᠬᠦᠷᠴᠤ ᠴᠢᠳᠠᠭᠰᠠᠨ ᠦᠭᠡᠢ᠃  ᠲᠡᠳᠡᠨ ᠲᠠᠢ ᠡᠷᠳᠡᠭᠡᠨ ᠠᠭᠤᠯᠵᠠᠬᠤ ᠪᠠᠷ ᠬᠦᠰᠡᠵᠤ ᠪᠠᠶᠢᠭᠰᠠᠨ ᠬᠦᠮᠤᠰ ᠴᠤ ᠲᠡᠳᠡᠨ ᠤ ᠰᠡᠳᠭᠢᠯ ᠵᠢᠷᠤᠭᠡᠨ ᠳᠤ ᠰᠢᠳᠤᠵᠤ ᠪᠠᠶᠢᠭᠰᠠᠨ ᠵᠦᠩᠶᠠᠩ ᠤᠨ ᠴᠡᠷᠢᠭ ᠨᠢ ᠡ᠊ᠨᠳᠡ ᠡᠶᠢᠮᠤ ᠯᠡ ᠪᠠᠶᠢᠬᠤ ᠶᠢ ᠦᠵᠡᠭᠡᠳ ᠵᠢᠷᠤᠭᠡ ᠨᠢ ᠦᠬᠦᠵᠠᠢ᠃  ᠰᠡᠬᠦᠯᠡᠷ ᠨᠢ ᠲᠡᠳᠡ ᠬᠠᠷᠠᠭᠤᠯ ᠤᠨ ᠴᠡᠷᠢᠭ ᠢᠶᠠᠷ ᠲᠠᠮᠵᠢᠭᠤᠯᠵᠤ ᠴᠠᠩᠴᠦ᠋ᠨ ᠳᠤ ᠬᠠᠷᠢᠬᠤ ᠪᠠᠷ ᠭᠤᠶᠤᠴᠢᠯᠠᠵᠤ᠂ ᠭᠠᠯᠳᠤ ᠲᠡᠷᠭᠡ ᠲᠤᠬᠢᠷᠠᠭᠤᠯᠵᠤ ᠦᠭᠬᠦ ᠶᠢ ᠬᠦᠰᠡᠵᠠᠢ᠃  ᠪᠢᠳᠡ ᠵᠦᠪᠯᠡᠯᠳᠤ ᠶᠢᠨ ᠴᠡᠷᠢᠭ ᠲᠤ ︽ ᠵᠤᠴᠢᠨ︾  ᠶᠠᠪᠤᠬᠤ ᠭᠡᠵᠤ ᠪᠠᠶᠢᠨ᠎ᠠ ᠭᠡᠵᠤ ᠬᠡᠯᠡᠭᠰᠡᠨ ᠳᠤ ᠵᠦᠪᠯᠡᠯᠳᠤ ᠶᠢᠨ ᠬᠤᠳᠠ ᠶᠢᠨ ᠬᠠᠮᠠᠭᠠᠯᠠᠯᠳᠠ ᠶᠢᠨ ᠰᠧᠯᠢᠩ ᠬᠠᠳᠠᠭᠠᠨᠠᠳᠠᠯ᠎ᠠ ᠢᠨᠢᠶᠡᠭᠡᠳ᠄  ᠲᠠᠨ ᠤ ᠵᠤᠴᠢᠯᠠᠬᠤ ᠴᠢᠨᠢ ᠶᠡᠭᠡ ᠵᠦᠭᠡᠷ ᠰᠢᠤ ᠳ᠋ᠠ᠂  ᠮᠢᠨᠤ ᠡᠭᠦᠷᠭᠡ ᠮᠦᠨ ᠯᠡ ︽ᠤᠭ ᠤᠨ ᠶᠠᠭᠤᠮ᠎ᠠ︾ ᠶᠢ ᠲᠡᠷᠡ ᠶᠠᠩᠵᠤ ᠪᠠᠷ  ᠨᠢ ᠡᠪᠳᠡᠬᠦ ᠦᠭᠡᠢ ᠪᠠᠷ ᠦᠭᠬᠦ ᠶᠤᠮ᠃  ᠶᠠᠪᠤᠬᠤ ᠡᠳᠤᠷ ᠤᠨ ᠦᠷᠯᠤᠭᠡ ᠨᠢ ᠪᠢ ︽ᠮᠤᠷᠳᠠᠭᠤᠯᠪᠠ︾᠃  ᠲᠡᠳᠡᠨ ᠤ ᠪᠠᠭᠤᠳᠠᠯ ᠳᠤ ᠬᠦᠷᠴᠤ᠄  ᠲᠠ ᠨᠠᠷ ᠡ᠊ᠨᠳᠡ ᠢᠷᠡᠭᠡᠳ ᠨᠢᠭᠡ ᠭᠠᠷᠠᠭ ᠪᠤᠯᠤᠯ᠎ᠠ᠂  ᠮᠠᠨ ᠤ ᠡᠨᠡ ᠭᠠᠵᠠᠷ ᠪᠤᠯ ᠪᠦᠢᠳᠡ ᠪᠦᠭᠯᠡᠬᠦᠤ ᠠᠭᠤᠯᠠᠷᠬᠠᠭ ᠤᠷᠤᠨ ᠲᠤᠯᠠ ᠶᠡᠭᠡ ᠶᠠᠳᠠᠭᠤ᠂  ᠲᠠᠶᠢᠨ ᠲᠠᠵᠢᠨ ᠤ ᠡᠪᠳᠡᠯᠭᠡ ᠠᠴᠠ ᠪᠤᠯᠵᠤ ᠨᠦᠬᠦᠴᠡᠯ ᠴᠤ ᠶᠡᠭᠡ ᠮᠠᠭᠤ᠂  ᠶᠡᠭᠡ ᠬᠦᠷᠤᠯᠴᠡᠬᠦ ᠦᠭᠡᠢ ᠪᠤᠯᠤᠯ᠎ᠠ᠃  ᠦᠨᠡᠨ ᠳᠡᠭᠡᠨ ᠪᠢ ᠡᠷᠳᠡᠭᠡᠨ ᠢᠷᠡᠬᠦ ᠭᠡᠰᠡᠨ ᠶᠤᠮ᠂  ᠭᠡᠳᠡᠯ᠎ᠡ ᠠᠯᠪᠠᠨ ᠤ ᠶᠠᠪᠤᠳᠠᠯ ᠪᠡᠶ᠎ᠡ ᠶᠢ ᠤᠷᠢᠶᠠᠭᠠᠳ ᠰᠠᠯᠵᠤ ᠲᠠᠶᠢᠯᠬᠦ ᠦᠭᠡᠢ᠂  ᠠᠭᠤᠴᠢᠯᠠᠭᠠᠷᠠᠢ ᠭᠡᠵᠤ ᠬᠡᠯᠡᠵᠠᠢ᠃  ᠮᠠ ᠤᠪᠤᠭᠳᠤ ᠱᠠᠩᠸᠧᠢ  ᠄  ᠳ᠋ᠦ᠋  ᠶᠡᠷᠤᠩᠬᠡᠢ ᠲᠠᠷᠤᠭ᠎ᠠ ᠡ᠂  ᠵᠦᠭᠡᠷ ᠵᠦᠭᠡᠷ᠂  ᠪᠢᠳᠡᠬᠡᠢ ᠡᠷᠡᠭᠡᠯᠡᠭᠡᠳ ᠪᠠᠢ᠂  ᠪᠢᠳᠡᠨ ᠶᠠᠭ ᠰᠠᠶ᠋ᠢᠬᠠᠨ ᠨᠢᠭᠡ ᠭᠠᠷᠠᠭ  ᠤᠨ ᠲᠡᠭᠡᠳᠤ ᠵᠡᠷᠭᠡ ᠶᠢᠨ ᠪᠠᠭᠤᠵᠤ ᠦᠭᠬᠦᠭᠰᠡᠳ ᠤᠨ ᠠᠮᠢᠳᠤᠷᠠᠯ ᠬᠢᠯ᠎ᠠ ᠭᠡᠵᠤ᠂  ᠬᠡᠯᠡᠬᠦ ᠳᠤ᠂  ᠪᠢ ᠲᠤᠰᠴᠤ ᠠᠪᠤᠭᠠᠳ᠄  ᠦᠭᠡᠷ᠎ᠠ ᠶᠠᠭᠤᠮ᠎ᠠ ᠪᠤᠳᠤᠬᠤ ᠬᠡᠷᠡᠭ ᠦᠭᠡᠢ᠂  ᠪᠢ ᠬᠡᠯᠡᠵᠤ ᠦᠩᠭᠡᠷᠡᠭᠰᠡᠨ ᠦᠭᠡᠢ ᠤᠤ᠂  ᠪᠢ ᠲᠠᠨ ᠢ ᠦᠵᠡᠵᠤ ᠠᠮᠵᠢᠭᠰᠠᠨ ᠦᠭᠡᠢ ᠨᠢ ᠠᠯᠪᠠᠨ ᠤ ᠠᠵᠢᠯ ᠪᠡᠶ᠎ᠡ ᠶᠢ ᠤᠷᠢᠶᠠᠭᠠᠳ ᠪᠤᠯᠬᠤ ᠦᠭᠡᠢ᠂  ᠵᠡᠷᠭᠡᠯᠡᠳᠡᠭᠡ ᠮᠤᠵᠢ᠂  ᠵᠡᠷᠭᠡᠯᠡᠳᠡᠭᠡ ᠰᠢᠶᠠᠨ ᠤ ᠬᠢᠨ ᠬᠠᠮᠢᠭ᠎ᠠ ᠠᠴᠠ ᠲᠡᠳᠤᠢ ᠤᠯᠠᠨ ᠲᠤᠰᠢᠶᠠᠯ ᠳᠤ ᠲᠤᠮᠢᠯᠠᠭᠰᠠᠨ ᠪᠢᠴᠢᠭ ᠲᠠᠷᠬᠠᠭᠠᠭᠰᠠᠨ ᠢ ᠪᠤᠤ ᠮᠡᠳᠡ  ᠂  ᠶᠠᠮᠠᠷ ᠨᠢᠭᠡᠨ ᠭᠠᠵᠢᠭᠤ ᠰᠠᠯᠬᠢ ᠮᠠᠨ ᠤ ᠡ᠊ᠨᠳᠡ ᠪᠠᠰᠠ ᠬᠤᠶᠠᠷ ᠬᠤᠪᠢ ᠲᠤᠰᠢᠶᠠᠯ ᠳᠤ ᠲᠤᠮᠢᠯᠠᠭᠰᠠᠨ ᠪᠢᠴᠢᠭ ᠬᠡᠶᠢᠰᠭᠡᠨ ᠢᠷᠡᠵᠤ᠂  ᠪᠢᠳᠡᠨ ᠳᠤ ᠪᠠᠷᠢᠭᠳᠠᠭᠠᠳ ᠶᠠᠭ ᠰᠠᠶ᠋ᠢᠬᠠᠨ ᠡᠨᠡ ᠶᠠᠪᠤᠳᠠᠯ ᠢ ᠰᠢᠢᠳᠪᠤᠷᠢᠯᠡᠬᠦ ᠠᠴᠠ ᠴᠠᠭ ᠠᠮᠵᠢᠭᠰᠠᠨ ᠦᠭᠡᠢ ᠭᠡᠬᠦ ᠳᠤ ᠱᠠᠩᠸᠧᠢ ᠨᠢᠳᠤ ᠪᠠᠨ ᠠᠨᠢᠪᠠᠯᠵᠠᠵᠤ᠂  ᠬᠡᠩ ᠭᠡᠳ ᠲᠠᠭᠤᠨ ᠦᠭᠡᠢ ᠪᠤᠯᠵᠠᠢ᠃  ᠲᠡᠷᠡ ᠡᠳᠤᠷ ᠲᠡᠭᠡᠨ ᠲᠡᠳᠡᠨ ᠢ  ︽ ᠬᠦᠷᠭᠡᠨ︾  ᠭᠠᠯᠳᠤ ᠲᠡᠷᠭᠡᠨ ᠳᠤ ᠭᠠᠷᠭᠠᠵᠠᠢ᠃     ᠡᠨᠡ ᠪᠠᠳᠠᠭ ᠦᠯᠢᠭᠡᠷ ᠢ ᠪᠤᠳᠤᠬᠤ ᠪᠦᠷᠢ ᠦᠪᠡᠷ ᠤᠨ ᠡᠷᠬᠡ ᠦᠭᠡᠢ ᠴᠡᠭᠡᠵᠢᠨ ᠲᠤᠳᠤᠷ᠎ᠠ ᠠᠴᠠ ᠪᠠᠶᠠᠷᠯᠠᠨ᠎ᠠ᠃  ᠲᠤᠬᠠᠢ ᠶᠢᠨ ᠦᠶ᠎ᠡ ᠳᠤ ᠬᠡᠨ ᠨᠢ ᠮᠠᠨ ᠤ ᠠᠬ᠎ᠠ ᠲᠡᠬᠦᠤ᠂  ᠬᠡᠨ ᠨᠢ ᠮᠠᠨ ᠤ ᠲᠠᠶᠢᠰᠤᠨ ᠪᠤᠯᠬᠤ ᠶᠢ ᠬᠦᠮᠤᠰ ᠤᠨ ᠲᠤᠳᠤᠷ᠎ᠠ ᠲᠤᠪ ᠲᠤᠳᠤᠷᠬᠠᠢ ᠪᠠᠶᠢᠨ᠎ᠠ᠃  ︵ᠲᠡᠭᠦᠰᠪᠡ︶
 
ᠢᠷᠡᠯᠲᠡ᠄ ᠬᠢᠩᠭᠠᠨ ᠤ ᠬᠤᠪᠢᠰᠬᠠᠯᠳᠤ ᠲᠡᠤᠭᠡᠨ ᠶᠠᠷᠢᠶ᠎ᠠ ︵ᠨᠢᠭᠡᠳᠤᠭᠡᠷ ᠪᠤᠳᠢ︶
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号