ᠬᠢᠨᠭ᠍ᠭᠠᠨ ᠨᠤᠳᠤᠬ ᠠᠴᠠ ᠠᠨᠠᠷ ᠤᠨ ᠠᠩᠬᠢᠯᠤᠮ᠎ᠠ ᠦᠨᠦᠷ ᠬᠠᠩᠬᠤᠯᠤᠨ᠎ᠠ
ᠨᠡᠶᠢᠲᠡᠯᠡᠭᠰᠡᠨ ᠴᠠᠭ᠄
2023/7/13
       — ᠪᠦᠬᠦ ᠤᠯᠤᠰ ᠤᠨ ᠳᠤᠰᠬᠠᠢ ᠤᠷᠤᠨ ᠬᠤᠳᠠ ᠶᠢᠨ ︽ᠵᠠᠭᠤᠨ ᠵᠠᠭᠤᠴᠢᠯᠠᠭᠤᠷ︾ ᠲᠤᠮᠳᠠᠳᠦ ᠶᠢᠨ ᠦᠨᠳᠦᠰᠦᠳᠡᠨ ᠤ ᠬᠠᠮᠳᠦ ᠶᠢᠨ ᠴᠤᠭᠴᠠ ᠶᠢᠨ ᠤᠬᠠᠮᠰᠠᠷ ᠢ ᠪᠠᠳᠦ ᠴᠤᠭᠴᠠᠯᠠᠬᠤ ︽ᠬᠢᠩᠭᠠᠨ ᠲᠠᠪᠠᠭᠠᠨ ᠳᠠᠬᠢ ᠬᠢᠩᠭᠠᠨ ᠠᠶᠢᠮᠠᠭ︾ ᠭᠤᠤᠯ ᠰᠡᠳᠦᠪᠳᠦ ᠤᠯᠠᠭᠠᠨᠬᠤᠲᠠ ᠳᠠᠬᠢ ᠰᠣᠷᠪᠤᠯᠵᠢᠯᠠᠭ᠎ᠠ        7 ᠰᠠᠷ᠎ᠠ ᠶᠢᠨ 9 ᠤ ᠡᠳᠦᠷ᠂ ᠪᠦᠬᠦ ᠤᠯᠤᠰ ᠤᠨ ᠳᠤᠰᠬᠠᠢ ᠤᠷᠤᠨ ᠬᠤᠳᠠ ᠶᠢᠨ ᠵᠠᠭᠤᠴᠢᠯᠠᠭᠤᠷ ᠤᠨ ᠪᠦᠷᠢᠨ ᠳᠠᠮᠵᠢᠭᠤᠯᠭ᠎ᠠ ᠶᠢᠨ ᠰᠢᠰᠲ᠋ᠧᠮ ᠤᠨ ᠪᠠᠶᠢᠭᠤᠯᠤᠯᠲᠠ ᠶᠢ ᠠᠬᠢᠭᠤᠯᠬᠤ ᠶᠡᠭᠡ ᠬᠤᠷᠠᠯ ᠲᠡᠬᠦᠰᠦᠭᠰᠡᠨ ᠤ ᠲᠠᠷᠠᠭ᠎ᠠ ᠂ ᠲᠤᠮᠳᠠᠳᠦ ᠶᠢᠨ ᠦᠨᠳᠦᠰᠦᠳᠡᠨ ᠤ ᠬᠠᠮᠳᠦ ᠶᠢᠨ ᠴᠤᠭᠴᠠ ᠶᠢᠨ ᠤᠬᠠᠮᠰᠠᠷ ᠢ ᠪᠠᠳᠦ ᠴᠤᠭᠴᠠᠯᠠᠬᠤ ︽ᠬᠢᠩᠭᠠᠨ ᠲᠠᠪᠠᠭᠠᠨ ᠳᠠᠬᠢ ᠬᠢᠩᠭᠠᠨ ᠠᠶᠢᠮᠠᠭ︾ ᠭᠤᠤᠯ ᠰᠡᠳᠦᠪᠳᠦ ᠰᠤᠷᠪᠤᠯᠵᠢᠯᠠᠭ᠎ᠠ ᠶᠢᠨ ᠠᠵᠢᠯᠯᠠᠭ᠎ᠠ ᠵᠢᠩᠬᠢᠨᠢ ᠪᠠᠷ ᠡᠬᠢᠯᠡᠵᠡᠢ᠃
       ᠪᠥᠬᠦ ᠤᠯᠤᠰ ᠤᠨ 26 ᠮᠤᠵᠢ ᠬᠤᠲᠠ ᠥᠪᠡᠷᠲᠡᠭᠡᠨ ᠵᠠᠰᠠᠬᠤ ᠣᠷᠣᠨ ᠤ ᠵᠠᠭᠤ ᠰᠢᠬᠠᠮ ᠵᠠᠭᠤᠴᠢᠯᠠᠭᠤᠷ ᠤᠨ ᠬᠤᠷᠢᠶᠠᠨ ᠲᠠᠷᠤᠭ᠎ᠠ᠂ ᠶᠡᠷᠦᠩᠭᠡᠢ ᠨᠠᠶᠢᠷᠠᠭᠤᠯᠤᠭᠴᠢ ᠪᠠ ᠨᠠᠶᠢᠷᠠᠭᠤᠯᠤᠭᠴᠢ ᠰᠤᠷᠪᠤᠯᠵᠢᠯᠠᠭᠴᠢ ᠶᠢᠨ ᠲᠦᠯᠦᠭᠡᠯᠡᠭᠴᠢ ᠨᠡᠶᠢᠳᠡ 200 ᠰᠢᠬᠠᠮ ᠬᠦᠮᠦᠨ ᠤᠯᠠᠭᠠᠨᠬᠤᠳᠠ ᠶᠢᠨ ︽5 · 1︾ ᠬᠤᠷᠠᠯ ᠤᠨ ᠭᠡᠷ᠂ ᠥᠪᠥᠷ ᠮᠣᠩᠭᠤᠯ ᠤᠨ ᠦᠨᠳᠦᠰᠦᠲᠡᠨ ᠤ ᠴᠢᠯᠦᠭᠡᠯᠡᠯᠲᠡ ᠶᠢᠨ ᠳᠤᠷᠠᠰᠬᠠᠯ ᠤᠨ ᠣᠷᠳᠣᠨ᠂ ᠲᠤᠮᠳᠠᠳᠦ ᠤᠯᠤᠰ ᠤᠨ ᠴᠦᠭᠡᠨ ᠲᠤᠭᠠᠳᠦ ᠦᠨᠳᠦᠰᠦᠳᠡᠨ ᠤ ᠤᠨᠴᠠᠯᠢᠬᠳᠦ ᠲᠤᠰᠬᠤᠨ — ᠤᠯᠠᠭᠠᠨᠬᠤᠳᠠ ᠶᠢᠨ ᠤᠯᠠᠭᠠᠨᠬᠠᠳᠠ ᠪᠠᠯᠭᠠᠰᠦᠡ ᠤ ᠰᠠᠨ ᠾᠧ ᠲᠤᠰᠬᠤᠨ ᠵᠡᠷᠭᠡ ᠭᠠᠵᠠᠷ ᠤᠷᠤᠨ ᠢᠶᠠᠷ ᠲᠤᠭᠤᠷᠢᠨ ᠦᠵᠡᠵᠦ ᠰᠤᠷᠪᠤᠯᠵᠢᠯᠠᠪᠡ᠃ ᠵᠠᠭᠤᠴᠢᠯᠠᠭᠤᠷ ᠤᠨ ᠰᠤᠷᠪᠤᠯᠵᠢᠯᠠᠭ᠎ᠠ ᠶᠢᠨ ᠪᠦᠯᠬᠦᠮ ᠤᠨ ᠬᠢᠨ ᠨᠢᠭᠡ ᠲᠠᠯ᠎ᠠ ᠪᠠᠷ ᠦᠵᠡᠵᠦ᠂ ᠨᠢᠭᠡ ᠲᠠᠯ᠎ᠠ ᠪᠠᠷ ᠰᠣᠨᠣᠰᠴᠤ᠂ ᠨᠢᠭᠡ ᠲᠠᠯ᠎ᠠ ᠪᠠᠷ ᠰᠠᠨᠠᠯ ᠢᠶᠠᠨ ᠰᠣᠯᠢᠯᠴᠠᠵᠤ᠂ ᠡᠯ᠎ᠡ ᠭᠠᠵᠠᠷ ᠤᠨ ᠬᠠᠮ ᠵᠠᠭᠤᠴᠢᠯᠠᠭᠤᠷ ᠤᠨ ᠲᠠᠪᠴᠠᠩ ᠢᠶᠠᠨ ᠶᠡᠷᠦᠩᠬᠡᠶᠢᠯᠡᠨ ᠠᠰᠢᠭᠯᠠᠵᠤ ᠪᠦᠬᠦ ᠲᠠᠯ᠎ᠠ ᠪᠠᠷ ᠤᠬᠠᠭᠤᠯᠭ᠎ᠠ ᠬᠢᠵᠦ᠂ ᠮᠠᠨ ᠤ ᠠᠶᠢᠮᠠᠭ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠤ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠦ ᠴᠤᠭᠴᠠᠯᠠᠵᠦ ᠪᠠᠶᠢᠭ᠎ᠠ ᠂ ᠦᠨᠳᠦᠰᠦᠲᠡᠨ ᠨᠦᠭᠦᠳ ᠤᠨ ᠶᠠᠪᠤᠯᠴᠠᠭ᠎ᠠ ᠰᠣᠯᠢᠯᠴᠠᠭ᠎ᠠ ᠶᠢ ᠲᠠᠰᠤᠷᠠᠯᠲᠠ ᠦᠭᠡᠢ ᠠᠭᠤᠰᠤᠯᠴᠠᠭᠤᠯᠵᠦ ᠪᠠᠶᠢᠭ᠎ᠠ᠂ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢ ᠠᠬᠢᠭᠤᠯᠵᠦ ᠪᠠᠶᠢᠭ᠎ᠠ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠦ ᠴᠤᠭᠴᠠᠯᠠᠬᠤ ᠲᠠᠯ᠎ᠠ ᠪᠠᠷ ᠠᠮᠵᠢᠯᠳᠠ ᠤᠯᠵᠦ ᠪᠠᠶᠢᠭ᠎ᠠ ᠶᠢ ᠤᠬᠠᠭᠤᠯᠵᠦ᠂ ᠨᠠᠮ ᠤᠨ ᠦᠨᠳᠦᠰᠦᠲᠡᠨ ᠤ ᠲᠦᠷᠦ ᠶᠢᠨ ᠪᠤᠳᠤᠯᠭ᠎ᠠ ᠶᠢᠨ ᠯᠤᠲᠤ ᠶᠡᠭᠡ ᠳᠠᠪᠠᠭᠤᠯᠢᠭ ᠢ ᠭᠡᠷᠡᠴᠢᠯᠡᠪᠡ᠃
       ᠤᠯᠠᠭᠠᠨᠬᠤᠲᠠ ᠭᠡᠵᠦ ︽ᠲᠠᠯ᠎ᠠ ᠨᠤᠳᠤᠭ ᠤᠨ ᠶᠠᠨ ᠠᠨ︾ ᠭᠡᠮᠡᠭᠳᠡᠵᠦ᠂ 1947 ᠤᠨ ᠤ 5 ᠰᠠᠷ᠎ᠠ ᠶᠢᠨ 1 ᠤ ᠡᠳᠦᠷ ᠪᠦᠬᠦ ᠤᠯᠤᠰ ᠤᠨ ᠠᠩᠬᠠᠳᠠᠭᠴᠢ ᠴᠥᠭᠡᠨ ᠲᠣᠭᠠᠲᠤ ᠦᠨᠳᠦᠰᠦᠲᠡᠨ ᠤ ᠥᠪᠡᠷᠲᠡᠭᠡᠨ ᠵᠠᠰᠠᠬᠤ ᠵᠠᠰᠠᠭ ᠤᠨ ᠤᠷᠳᠤᠨ — ᠥᠪᠥᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠡ᠊ᠨᠳᠡ ᠪᠠᠶᠢᠭᠤᠯᠤᠭᠳᠠᠭᠰᠠᠨ ᠪᠢᠯᠡ᠃ ᠵᠠᠭᠤᠴᠢᠯᠠᠭᠤᠷ ᠤᠨ ᠬᠢᠨ ᠤᠯᠠᠭᠠᠨᠬᠤᠳᠠ ᠶᠢᠨ ᠡᠦ ᠢ ᠬᠤᠶᠢᠳᠦ ᠵᠠᠮ ᠤᠨ ᠵᠡᠬᠦᠨ ᠲᠠᠯ᠎ᠠ ᠳᠤ ᠪᠠᠶᠢᠷᠢᠯᠠᠵᠦ ᠪᠠᠶᠢᠭ᠎ᠠ ︽5 · 1︾ ᠬᠤᠷᠠᠯ ᠤᠨ ᠭᠡᠷ ᠢᠶᠠᠷ ᠳᠤᠭᠤᠷᠢᠬᠰᠠᠨ ᠤ ᠳᠠᠷᠠᠭ᠎ᠠ᠂ ︽ᠬᠢᠯᠢ ᠬᠢᠵᠠᠭᠠᠷ ᠪᠠᠲᠤ ᠪᠠᠬᠢ᠂ ᠡᠬᠡ ᠣᠷᠣᠨ ᠴᠡᠴᠡᠭᠯᠡᠨ ᠬᠦᠴᠦᠷᠬᠡᠭᠵᠢᠨ᠎ᠡ︾ ︽ᠦᠨᠳᠦᠰᠦᠲᠡᠨ ᠨᠦᠭᠦᠳ ᠪᠦᠯᠬᠦᠮᠳᠡᠨ ᠨᠢᠭᠲᠠᠷᠠᠵᠤ᠂ ᠰᠠᠢᠨ ᠰᠠᠶᠢᠬᠠᠨ ᠰᠢᠨ᠎ᠡ ᠳᠤᠮᠳᠠᠳᠤ ᠤᠯᠤᠰ ᠢ ᠬᠠᠮᠲᠤᠪᠠᠷ ᠪᠦᠳᠦᠭᠡᠨ ᠪᠠᠶᠢᠭᠤᠯᠤᠶ᠎ᠠ︾ ︽ᠳᠤᠮᠳᠠᠳᠤ ᠶᠢᠨ ᠦᠨᠳᠦᠰᠦᠲᠡᠨ ᠬᠠᠮᠲᠤ ᠪᠠᠷ ᠪᠦᠯᠬᠦᠮᠳᠡᠨ ᠲᠡᠮᠡᠴᠡᠵᠦ᠂ ᠬᠠᠮᠲᠤ ᠪᠠᠷ ᠴᠡᠴᠡᠭᠯᠡᠨ ᠬᠥᠭᠵᠢᠬᠦ ᠠᠮᠢᠳᠤᠯᠢᠭ ᠬᠢᠴᠢᠶᠡᠯ ᠤᠨ ᠲᠠᠩᠬᠢᠮ︾ ᠵᠡᠷᠭᠡ ᠠᠭᠤᠯᠭ᠎ᠠ ᠪᠠᠷ ᠦᠭᠡ ᠦᠯᠡᠳᠡᠭᠡᠬᠦ ᠳᠡᠪᠲᠡᠷ ᠲᠡᠭᠡᠷ᠎ᠠ ᠬᠤᠪᠢ ᠬᠤᠪᠢᠨ ᠤ ᠲᠥᠷᠥᠭᠳᠡᠯ ᠢᠶᠠᠨ ᠪᠢᠴᠢᠵᠦ ᠪᠠᠶᠢᠯ᠎ᠠ᠃        ︽ᠬᠢᠩᠭᠠᠨ ᠠᠶᠢᠮᠠᠭ ᠲᠤ ᠬᠤᠪᠢᠰᠬᠠᠯ ᠤᠨ ᠡᠬᠢ ᠪᠠᠶᠠᠯᠢᠭ ᠲᠦᠢᠯ ᠤᠨ ᠡᠯᠪᠡᠭ ᠪᠠᠶᠠᠯᠢᠭ᠂ ᠮᠠᠨ ᠤ ᠶᠠᠨ ᠠᠨ ᠳᠤ ᠴᠤ ᠥᠨᠢ ᠤᠳᠠᠭᠠᠨ ᠬᠤᠪᠢᠰᠬᠠᠯ ᠤᠨ ᠰᠣᠶᠣᠯ ᠲᠠᠢ᠂ ᠮᠠᠨ ᠤ ᠬᠤᠶᠠᠷ ᠭᠠᠵᠠᠷ ᠤᠨ ᠬᠢᠨ ᠰᠣᠶᠣᠯ ᠤᠨ ᠰᠣᠯᠢᠯᠴᠠᠭ᠎ᠠ ᠪᠠᠨ ᠴᠢᠩᠭᠠᠳᠬᠠᠵᠤ᠂ ᠬᠠᠮᠲᠤ ᠶᠢᠨ ᠬᠥᠭᠵᠢᠯᠲᠡ ᠪᠠᠨ ᠠᠬᠢᠭᠤᠯᠬᠤ ᠶᠢ ᠬᠦᠰᠡᠵᠦ ᠪᠠᠶᠢᠨ᠎ᠠ︾ ᠭᠡᠵᠦ ᠶᠠᠨ ᠠᠨ ᠬᠤᠳᠠ ᠶᠢᠨ ᠬᠠᠮ ᠵᠠᠭᠤᠴᠢᠯᠠᠭᠤᠷ ᠤᠨ ᠲᠥᠪ ᠤᠨ ᠨᠠᠶᠢᠷᠠᠭᠤᠯᠤᠭᠴᠢ ᠶᠢᠨ ᠲᠥᠪ ᠤᠨ ᠳᠡᠳ᠋ ᠡᠷᠬᠢᠯᠡᠭᠴᠢ ᠳ᠋ᠦ᠋ ᠽᠢ ᠯᠥᠩ ᠬᠡᠯᠡᠵᠦ ᠪᠠᠶᠢᠯ᠎ᠠ᠃
       ᠡᠯ᠎ᠡ ᠵᠠᠭᠤᠴᠢᠯᠠᠭᠤᠷ ᠤᠨ ᠬᠢᠨ ᠪᠦᠬᠦ ᠤᠯᠤᠰ ᠤᠨ ᠴᠤᠷ ᠤᠨ ᠭᠠᠭᠴᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠳᠣᠣᠷᠠᠬᠢ ᠥᠪᠥᠷ ᠮᠣᠩᠭᠤᠯ ᠤᠨ ᠦᠨᠳᠦᠰᠦᠲᠡᠨ ᠤ ᠴᠢᠯᠦᠭᠡᠯᠡᠯᠲᠡ ᠪᠠ ᠦᠨᠳᠦᠰᠦᠳᠡᠨ ᠤ ᠤᠷᠤᠨ ᠤ ᠦᠪᠡᠷᠳᠡᠭᠡᠨ ᠵᠠᠰᠠᠬᠤ ᠲᠡᠤᠭᠡ ᠶᠢᠨ ᠠᠬᠢᠴᠠ ᠶᠢ ᠪᠦᠬᠦ ᠶᠠᠪᠤᠴᠠ ᠪᠠᠷ ᠲᠤᠰᠬᠠᠵᠦ ᠲᠠᠬᠢᠨ ᠢᠯᠡᠷᠡᠬᠦᠯᠦᠭᠰᠠᠨ ᠲᠤᠷᠠᠰᠬᠠᠯ ᠤᠨ ᠴᠢᠨᠠᠷᠳᠠᠢ ᠲᠤᠷᠠᠰᠬᠠᠯ ᠤᠨ ᠤᠷᠳᠤᠨ — ᠥᠪᠥᠷ ᠮᠣᠩᠭᠤᠯ ᠤᠨ ᠦᠨᠳᠦᠰᠦᠲᠡᠨ ᠤ ᠴᠢᠯᠦᠭᠡᠯᠡᠯᠲᠡ ᠶᠢᠨ ᠳᠤᠷᠠᠰᠬᠠᠯ ᠤᠨ ᠣᠷᠳᠣᠨ ᠢᠶᠠᠷ ᠬᠦᠷᠬᠦ ᠳᠤ ᠲᠠᠶᠢᠯᠪᠤᠷᠢᠯᠠᠭᠴᠢ ᠠᠴᠠ ᠦᠪᠦᠷ ᠮᠤᠩᠭᠤᠯ ᠤᠨ ᠦᠩᠭᠡᠷᠡᠭᠰᠡᠨ᠂ ᠤᠳᠤ ᠪᠠ ᠢᠷᠡᠭᠡᠳᠦᠢ ᠶᠢ ᠨᠠᠷᠢᠨ ᠨᠢᠭᠳᠠ ᠲᠠᠶᠢᠯᠪᠤᠷᠢᠯᠠᠵᠦ ᠦᠭᠪᠡ᠃        ᠦᠵᠸᠤ ᠶᠢᠨ ᠡᠳᠦᠷ ᠤᠨ ᠰᠣᠨᠢᠨ ᠤ ᠬᠤᠷᠢᠶ᠎ᠠ ᠶᠢᠨ ᠨᠠᠮ ᠤᠨ ᠬᠤᠷᠢᠶᠠᠨ ᠤ ᠱᠦᠵᠢ᠂ ᠬᠤᠷᠢᠶᠠᠨ ᠳᠠᠷᠤᠭ᠎ᠠ ᠯᠢᠨ ᠮᠢᠨ ᠬᠤᠸᠠ ︽ᠳᠤᠷᠠᠰᠬᠠᠯ ᠤᠨ ᠣᠷᠳᠣᠨ ᠤ ᠮᠠᠲ᠋ᠧᠷᠢᠶᠠᠯ ᠲᠦᠢᠯ ᠤᠨ ᠪᠦᠷᠢᠨ ᠭᠦᠢᠴᠡᠳ᠂ ᠥᠪᠥᠷ ᠮᠣᠩᠭᠤᠯ ᠤᠨ ᠦᠨᠳᠦᠰᠦᠲᠡᠨ ᠤ ᠴᠢᠯᠦᠭᠡᠯᠡᠯᠲᠡ ᠶᠢᠨ ᠲᠡᠮᠡᠴᠡᠯ ᠤᠨ ᠶᠠᠪᠤᠴᠠ ᠴᠤ ᠬᠥᠮᠦᠰ ᠢ ᠲᠦᠢᠯ ᠢᠶᠠᠷ ᠲᠤᠬᠳᠤᠯᠤᠭᠤᠯᠤᠨ᠎ᠠ︾ ᠭᠡᠵᠦ ᠦᠨᠳᠦᠰᠦᠲᠡᠨ ᠤ ᠴᠢᠯᠦᠭᠡᠯᠡᠯᠲᠡ ᠶᠢᠨ ᠳᠤᠷᠠᠰᠬᠠᠯ ᠤᠨ ᠤᠷᠳᠤᠨ ᠠᠴᠠ ᠭᠠᠷᠤᠭᠰᠠᠨ ᠤ ᠲᠠᠷᠠᠭ᠎ᠠ ᠰᠡᠳᠭᠢᠯ ᠳᠤᠬᠳᠤᠯᠤᠨ ᠬᠡᠯᠡᠪᠡ᠃        ᠤᠯᠠᠭᠠᠨᠬᠤᠲᠠ ᠶᠢᠨ ᠤᠯᠠᠭᠠᠨᠬᠠᠳᠠ ᠪᠠᠯᠭᠠᠰᠤᠨ ᠤ ᠰᠠᠨ ᠾᠧ ᠲᠣᠰᠬᠤᠨ ᠪᠣᠯ ᠲᠤᠭᠤᠷ ᠤᠨ ᠭᠤᠣᠯ᠂ ᠬᠦᠢᠯᠡᠷ ᠭᠤᠣᠯ᠂ ᠠᠮᠤᠭᠤᠯᠠᠩ ᠭᠤᠣᠯ ᠵᠡᠷᠭᠡ ᠭᠤᠷᠪᠠᠨ ᠭᠤᠣᠯ ᠤᠨ ᠴᠤᠭᠯᠠᠷᠠᠯ ᠲᠡᠭᠡᠷ᠎ᠠ ᠪᠠᠶᠢᠷᠢᠯᠠᠵᠦ ᠪᠠᠶᠢᠬᠤ ᠪᠤᠯᠬᠤᠷ ᠢᠩᠭᠢᠵᠦ ᠨᠡᠷᠡᠯᠡᠭᠰᠡᠨ ᠶᠤᠮ᠃
       ᠰᠠᠨ ᠾᠧ ᠲᠤᠰᠬᠤᠨ ᠪᠣᠯ ︽ᠪᠦᠬᠦ ᠤᠯᠤᠰ ᠤᠨ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢᠨ ᠲᠡᠷᠢᠭᠦᠨ ᠤ ᠬᠠᠮᠲᠤ︾᠂ ︽ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠤ ᠤᠨᠴᠠᠯᠢᠬᠳᠦ ᠲᠤᠰᠬᠤᠨ ︾᠂ ︽ᠤᠯᠤᠰ ᠤᠨ ᠤᠰᠤᠨ ᠠᠰᠢᠭᠯᠠᠯᠲᠠ ᠶᠢᠨ ᠦᠵᠡᠮᠵᠢ ᠶᠢᠨ ᠣᠷᠣᠨ︾᠂ ︽ᠪᠦᠬᠦ ᠤᠯᠤᠰ ᠤᠨ ᠠᠮᠢ ᠠᠬᠤᠢ ᠶᠢᠨ ᠰᠣᠶᠣᠯ ᠤᠨ ᠲᠣᠰᠬᠤᠨ︾ ᠪᠣᠯᠬᠤ ᠪᠥᠭᠡᠳ ᠤᠯᠤᠰ ᠤᠨ AAA ᠳᠡᠰ ᠤᠨ ᠪᠣᠬᠢᠷᠲᠤᠯ ᠦᠭᠡᠢ ᠤᠰᠤᠨ ᠲᠤᠲᠤᠷᠭ᠎ᠠ ᠲᠠᠷᠢᠵᠦ ᠤᠷᠭᠤᠭᠤᠯᠬᠤ ᠰᠠᠭᠤᠷᠢᠨ ᠪᠣᠯᠤᠨ᠎ᠠ᠃        ᠰᠠᠨ ᠾᠧ ᠲᠣᠰᠬᠤᠨ ᠤ ᠴᠡᠪᠡᠷ ᠴᠡᠮᠴᠡᠭᠡᠷ ᠲᠣᠰᠬᠤᠨ ᠤ ᠳᠦᠷᠰᠦ ᠪᠠᠶᠢᠳᠠᠯ ᠴᠤ ᠲᠡᠷᠡ᠂ ᠲᠣᠰᠬᠤᠨ ᠤ ᠠᠷᠠᠳ ᠤᠨ ᠡᠶ᠎ᠡ ᠨᠠᠶᠢᠷᠲᠠᠢ ᠬᠠᠷᠢᠯᠴᠠᠬᠤ ᠬᠡᠯᠪᠡᠷᠢ ᠮᠠᠶ᠋ᠢᠭ ᠴᠤ ᠲᠡᠷᠡ᠂ ᠬᠦᠷ ᠬᠥᠭᠵᠢᠶᠡᠨ ᠲᠠᠢ ᠬᠥᠳᠡᠭᠡ ᠲᠣᠰᠬᠤᠨ ᠤ ᠵᠤᠭᠠᠴᠠᠯ ᠴᠤ ᠲᠡᠷᠡ᠂ ᠪᠦᠷ ᠶᠠᠨᠪᠢᠶᠡᠨ ᠤ ᠡᠳᠦᠷ ᠤᠨ ᠰᠣᠨᠢᠨ ᠤ ᠬᠤᠷᠢᠶ᠎ᠠ ᠶᠢᠨ ᠳᠡᠳ᠋ ᠶᠡᠷᠦᠩᠬᠡᠢ ᠨᠠᠶᠢᠷᠠᠭᠤᠯᠤᠭᠴᠢ ᠼᠦᠢ ᠮᠧᠢ ᠯᠠᠨ ᠤ ᠨᠢᠳᠦ ᠶᠢ ᠭᠡᠷᠡᠯᠳᠦᠬᠦᠯᠦᠨ᠄ ︽ᠪᠢ ᠶᠠᠨᠪᠢᠶᠡᠨ ᠤ ᠰᠣᠯᠣᠩᠭᠤᠰ ᠦᠨᠳᠦᠰᠦᠲᠡᠨ ᠤ ᠥᠪᠡᠷᠲᠡᠭᠡᠨ ᠵᠠᠰᠠᠬᠤ ᠵᠧᠦ ᠠᠴᠠ ᠢᠷᠡᠭᠰᠡᠨ ᠪᠣᠯᠬᠤᠷ ᠰᠠᠨ ᠾᠧ ᠲᠣᠰᠬᠤᠨ ᠳᠤ ᠬᠦᠷᠬᠦ ᠳᠤ ᠶᠠᠭ ᠯᠠ ᠨᠤᠲᠤᠭ ᠲᠠᠭᠠᠨ ᠬᠠᠷᠢᠭᠰᠠᠨ ᠰᠢᠭ ᠬᠠᠯᠠᠭᠤᠨ ᠳᠣᠲᠣᠨᠣ ᠰᠠᠨᠠᠬᠳᠠᠵᠦ ᠪᠠᠶᠢᠨ᠎ᠠ᠃ ᠰᠠᠨ ᠾᠧ ᠲᠣᠰᠬᠤᠨ ᠤ ᠪᠠᠶᠢᠭᠠᠯᠢ ᠶᠢᠨ ᠦᠩᠭᠡ ᠦᠵᠡᠮᠵᠢ ᠰᠠᠶᠢᠬᠠᠨ᠂ ᠪᠠᠷᠢᠯᠭ᠎ᠠ ᠦᠪᠡᠷᠮᠢᠴᠠ ᠤᠨᠴᠠᠯᠢᠭ ᠲᠠᠢ᠂ ᠤᠰᠤᠨ ᠲᠤᠲᠤᠷᠭ᠎ᠠ ᠶᠢᠨ ᠠᠵᠤ ᠦᠢᠯᠡᠰ ᠬᠥᠭᠵᠢᠨ ᠴᠡᠴᠡᠭᠯᠡᠵᠦ᠂ ᠲᠣᠰᠬᠤᠨ ᠤ ᠳᠦᠷᠰᠦ ᠪᠠᠶᠢᠳᠠᠯ ᠴᠡᠪᠡᠷ ᠴᠡᠮᠴᠡᠭᠡᠷ᠂ ᠨᠠᠮ ᠤᠨ ᠤᠳᠤᠷᠢᠳᠤᠯᠭ᠎ᠠ ᠳᠣᠣᠷ᠎ᠠ ᠬᠢᠯᠢ ᠬᠢᠵᠠᠭᠠᠷ ᠣᠷᠤᠨ ᠤ ᠴᠥᠭᠡᠨ ᠲᠣᠭᠠᠲᠤ ᠦᠨᠳᠦᠰᠦᠲᠡᠨ ᠤ ᠭᠠᠵᠠᠷ ᠣᠷᠣᠨ ᠤ ᠬᠥᠭᠵᠢᠯᠲᠡ ᠦᠨᠡᠬᠡᠷ ᠡᠳᠦᠷ ᠠᠴᠠ ᠡᠳᠦᠷ ᠰᠢᠨᠡᠳᠦᠨ ᠬᠤᠪᠢᠷᠠᠵᠤ ᠪᠠᠶᠢᠨ᠎ᠠ︾ ᠭᠡᠵᠦ ᠬᠡᠯᠡᠪᠡ᠃
       ︽ᠥᠪᠥᠷ ᠮᠣᠩᠭᠤᠯ ᠳᠤ ᠬᠥᠪᠡᠭᠡ ᠬᠢᠵᠠᠭᠠᠷ ᠥᠬᠡᠶ ᠲᠠᠯ᠎ᠠ ᠨᠤᠲᠤᠭ ᠠᠴᠠ ᠪᠤᠰᠤᠳ ᠶᠠᠭᠤᠮ᠎ᠠ ᠪᠠᠶᠢᠬᠤ ᠦᠭᠡᠢ ᠭᠡᠵᠦ ᠪᠤᠳᠤᠵᠦ ᠪᠠᠶᠢᠭᠰᠠᠨ᠂ ᠬᠢᠩᠭᠠᠨ ᠠᠶᠢᠮᠠᠭ ᠲᠤ ᠬᠥᠪᠡᠭᠡ ᠬᠢᠵᠠᠭᠠᠷ ᠥᠬᠡᠶ ᠲᠤᠲᠤᠷᠭ᠎ᠠ ᠶᠢᠨ ᠲᠡᠯᠡᠶ ᠪᠠᠶᠢᠨ᠎ᠠ ᠭᠡᠵᠦ ᠰᠠᠨᠠᠭᠠᠨ ᠳᠤ ᠤᠷᠤᠭᠰᠠᠨ ᠥᠬᠡᠶ᠂ ᠶᠣᠰᠣᠲᠠᠶ ᠯᠠ ︿ᠬᠢᠩᠭᠠᠨ ᠳᠠᠪᠠᠭᠠᠨ ᠳᠠᠬᠢ ᠬᠢᠩᠭᠠᠨ ᠠᠶᠢᠮᠠᠭ﹀ ᠭᠡᠰᠡᠨ ᠨᠡᠷ᠎ᠡ ᠨᠢᠳᠡᠷ ᠲᠡᠭᠡᠨ ᠨᠡᠶᠢᠴᠡᠭᠰᠡᠨ ᠪᠠᠶᠢᠨ᠎ᠠ᠃ ᠨᠠᠳᠠ ᠳᠤ ᠬᠠᠮᠤᠭ ᠤᠨ ᠭᠦᠨ ᠰᠠᠭᠤᠭᠳᠠᠯ ᠥᠭᠭᠦᠭᠰᠡᠨ ᠨᠢ ᠰᠠᠨ ᠾᠧ ᠲᠣᠰᠬᠤᠨ ᠤ ᠤᠰᠤᠨ ᠲᠤᠲᠤᠷᠭ᠎ᠠ ᠶᠢᠨ ᠠᠵᠤ ᠦᠢᠯᠡᠰ ᠪᠣᠯᠤᠨ᠎ᠠ᠃ ᠲᠡᠷᠡ ᠮᠥᠷᠲᠡᠭᠡᠨ ᠥᠨᠥᠳᠦᠷ ᠬᠢᠩᠭᠠᠨ ᠠᠶᠢᠮᠠᠭ ᠤᠨ ᠲᠤᠲᠤᠷᠭ᠎ᠠ ᠶᠢ ᠠᠮᠲᠠᠯᠠᠭᠰᠠᠨ ᠤ ᠲᠠᠷᠠᠭ᠎ᠠ ᠮᠠᠰᠢ ᠠᠮᠲᠠᠲᠠᠢ ᠰᠠᠨᠠᠭᠳᠠᠵᠤ᠂ ᠬᠢᠩᠭᠠᠨ ᠠᠶᠢᠮᠠᠭ ᠤᠨ ᠲᠤᠲᠤᠷᠭ᠎ᠠ ᠶᠢᠨ ᠨᠡᠷ᠎ᠡ ᠠᠯᠳᠠᠷ ᠤᠯᠠᠮ ᠠᠴᠠ ᠤᠯᠠᠮ ᠳᠠᠭᠤᠷᠢᠰᠬᠤ ᠶᠢ ᠬᠦᠰᠡᠵᠦ ᠪᠠᠶᠢᠨ᠎ᠠ︾ ᠭᠡᠵᠦ ᠬᠢᠩᠭᠠᠨ ᠠᠶᠢᠮᠠᠭ ᠲᠤ ᠠᠩᠬ᠎ᠠ ᠢᠷᠡᠭᠰᠡᠨ ᠬᠠᠢᠺᠸᠦ ᠡᠳᠦᠷ ᠤᠨ ᠰᠣᠨᠢᠨ ᠤ ᠶᠡᠷᠦᠩᠬᠡᠢ ᠳᠠᠭᠠᠭᠠᠮᠠᠯ ᠯᠢ ᠴᠤᠸᠠᠨ ᠬᠤᠸᠠ ᠬᠡᠯᠡᠪᠡ᠃        ︽ᠬᠢᠩᠭᠠᠨ ᠠᠶᠢᠮᠠᠭ ᠤᠨ ᠲᠤᠲᠤᠷᠭ᠎ᠠ ᠦᠨᠡᠬᠡᠷ ᠠᠮᠲᠠᠲᠠᠢ ᠪᠠᠶᠢᠨ᠎ᠠ᠂ ᠪᠢ ᠭᠡᠷ ᠲᠡᠭᠡᠨ ᠠᠪᠠᠴᠢᠵᠤ ᠨᠠᠶᠢᠵᠠ ᠨᠦᠬᠦᠳ ᠲᠡᠭᠡᠨ ᠠᠮᠲᠠᠯᠠᠭᠤᠯᠬᠤ ᠪᠠᠷ ᠲᠥᠯᠦᠪᠯᠡᠵᠦ ᠪᠠᠶᠢᠨ᠎ᠠ︾ ᠭᠡᠵᠦ ᠱᠤᠤ ᠶᠠᠩ ᠡᠳᠦᠷ ᠤᠨ ᠰᠣᠨᠢᠨ ᠤ ᠬᠤᠷᠢᠶ᠎ᠠ ᠶᠢᠨ ᠰᠢᠨ᠎ᠡ ᠵᠠᠭᠤᠴᠢᠯᠠᠭᠤᠷ ᠤᠨ ᠲᠥᠪ ᠤᠨ ᠡᠷᠬᠢᠯᠡᠭᠴᠢ ᠮᠠ ᠵᠢᠤᠸᠠᠨ ᠬᠡᠯᠡᠪᠡ᠃
       ︽ᠬᠢᠩᠭᠠᠨ ᠠᠶᠢᠮᠠᠭ ᠪᠣᠯ ᠤᠯᠠᠨ ᠦᠨᠳᠦᠰᠦᠲᠡᠨ ᠲᠥᠪᠯᠡᠷᠡᠨ ᠰᠠᠭᠤᠷᠢᠰᠢᠭᠰᠠᠨ ᠭᠠᠵᠠᠷ ᠤᠷᠤᠨ ᠪᠤᠯᠤᠨ᠎ᠠ᠂ ᠬᠤᠪᠢᠰᠬᠠᠯᠳᠦ ᠰᠣᠶᠣᠯ ᠤᠨ ᠡᠬᠢ ᠪᠠᠶᠠᠯᠢᠭ ᠡᠯᠪᠡᠭ᠂ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢ ᠡᠬᠦᠳᠦᠨ ᠪᠠᠶᠢᠭᠤᠯᠬᠤ ᠠᠵᠢᠯ ᠪᠦᠬᠦ ᠤᠯᠤᠰ ᠤᠨ ᠡᠮᠦᠨ᠎ᠡ ᠡᠩᠨᠡᠭᠡᠨ ᠳᠤ ᠤᠷᠤᠵᠦ᠂ ᠨᠡᠯᠢᠶᠡᠳ ᠰᠠᠶᠢᠨ ᠠᠮᠵᠢᠯᠲᠠ ᠤᠯᠤᠭᠰᠠᠨ ᠢᠶᠠᠷ ᠪᠠᠷᠠᠬᠤ ᠦᠭᠡᠢ ᠰᠢ ᠶᠢᠨ ᠫᠢᠩ ᠶᠡᠷᠦᠩᠬᠡᠢ ᠱᠦᠵᠢ ᠶᠢᠨ ᠥᠪᠥᠷ ᠮᠣᠩᠭᠤᠯ ᠳᠤ ᠰᠢᠨᠵᠢᠯᠡᠨ ᠪᠠᠶᠢᠴᠠᠭᠠᠬᠤ ᠦᠶ᠎ᠡ ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠳᠠᠰᠤᠷᠠᠯᠳᠠ ᠦᠭᠡᠢ ᠴᠢᠷᠮᠠᠶᠢᠨ ᠤᠷᠤᠭᠰᠢᠯᠠᠵᠤ ᠪᠠᠶᠢᠨ᠎ᠠ᠃ ᠡᠨᠡ ᠤᠳᠠᠭᠠᠨ ᠤ ᠠᠵᠢᠯᠯᠠᠭ᠎ᠠ ᠪᠣᠯ ᠬᠢᠩᠭᠠᠨ ᠠᠶᠢᠮᠠᠭ ᠤᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠦ ᠴᠤᠭᠴᠠᠯᠠᠬᠤ ᠨᠢᠭᠡᠨ ᠤᠳᠠᠭᠠᠨ ᠤ ᠠᠮᠢᠳᠤᠯᠢᠭ ᠦᠢᠯᠡᠳᠦᠯᠭᠡ ᠪᠣᠯᠤᠨ᠎ᠠ᠃ ᠪᠢ ᠬᠢᠩᠭᠠᠨ ᠠᠶᠢᠮᠠᠭ ᠤᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢ ᠡᠭᠦᠳᠦᠨ ᠪᠠᠶᠢᠭᠤᠯᠬᠤ ᠠᠵᠢᠯ ᠤᠯᠠᠮ ᠠᠴᠠ ᠤᠯᠠᠮ ᠰᠠᠶᠢᠨ ᠶᠠᠪᠤᠭᠳᠠᠵᠤ᠂ ᠠᠵᠤ ᠠᠬᠤᠢ ᠨᠡᠶᠢᠭᠡᠮ ᠤᠨ ᠬᠥᠭᠵᠢᠯᠲᠡ ᠤᠯᠠᠮ ᠠᠴᠠ ᠤᠯᠠᠮ ᠰᠠᠶᠢᠨ ᠪᠣᠯᠬᠤ ᠶᠢ ᠬᠦᠰᠡᠨ ᠵᠥᠩᠨᠡᠵᠦ ᠪᠠᠶᠢᠨ᠎ᠠ︾ ᠭᠡᠵᠦ ᠰᠢᠨᠵᠢᠶᠠᠩ ᠠᠴᠠ ᠢᠷᠡᠭᠰᠡᠨ ᠲᠦᠷᠫᠠᠨ ᠬᠤᠲᠠ ᠶᠢᠨ ᠬᠠᠮ ᠵᠠᠭᠤᠴᠢᠯᠠᠭᠤᠷ ᠤᠨ ᠲᠥᠪ ᠤᠨ ᠨᠡᠶᠢᠲᠡᠯᠡᠵᠦ ᠦᠨᠡᠯᠡᠨ ᠵᠢᠱᠢᠬᠦ ᠲᠥᠪ ᠤᠨ ᠡᠷᠬᠢᠯᠡᠭᠴᠢ ᠸᠧᠨ ᡁᠢ ᠬᠤᠢ ᠬᠡᠯᠡᠵᠦ ᠪᠠᠶᠢᠯ᠎ᠠ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号