| ᠪᠦᠳᠤᠭᠡᠭᠴᠢ | ᠨᠢᠭᠡ᠂ ᠴᠢᠯᠦᠭᠡᠯᠡᠭᠳᠡᠬᠦ ᠠᠴᠠ ᠡᠮᠤᠨ᠎ᠡ ᠲᠡᠩᠰᠢᠵᠤ ᠲᠡᠷᠪᠡᠬᠦ ᠠᠨᠤ | 1945 ᠤᠨ ᠪᠤᠯ᠂ ᠮᠠᠨ ᠤ ᠤᠯᠤᠰ ᠤᠨ ᠲᠡᠤᠭᠡᠨ ᠲᠡᠭᠡᠷᠡᠬᠢ ᠰᠠᠯᠬᠢ ᠰᠢᠭᠤᠷᠭᠠᠨ ᠬᠤᠪᠢᠷᠠᠯᠳᠠ ᠠᠷᠪᠢᠨ᠂ ᠦᠷ | ᠤᠨ ᠲᠤᠶᠠᠭ᠎ᠠ ᠰᠠᠴᠤᠷᠠᠨ ᠬᠢᠯᠠᠯᠵᠠᠭᠰᠠᠨ ᠵᠢᠯ ᠲᠤᠯᠠ ᠮᠦᠷᠤᠭᠡᠳᠤᠨ ᠲᠤᠷᠠᠰᠬᠠᠵᠤ ᠰᠠᠨᠠᠭᠠᠯᠵᠠᠬᠤ ᠴᠢᠬᠤᠯᠠ ᠲᠠᠢ ᠶᠤᠮ᠃ | ᠤᠴᠢᠷ ᠨᠢ᠂ ᠡᠨᠡ ᠵᠢᠯ ᠤᠨ ᠨᠠᠢᠮᠠᠨ ᠰᠠᠷ᠎ᠠ ᠳᠤ ᠲᠤᠮᠳᠠᠳᠤ ᠤᠯᠤᠰ ᠤᠨ ᠠᠷᠠᠳ ᠲᠦᠮᠡᠨ ᠴᠢᠰᠤ ᠤᠷᠤᠰᠬᠠᠨ | ᠱᠠᠯᠠᠮᠠᠭᠠᠶᠢᠯᠠᠨ ᠪᠠᠶᠢᠯᠳᠤᠭᠰᠠᠨ ᠢᠶᠠᠷ ᠶᠠᠫᠤᠨ ᠢ ᠡᠰᠡᠷᠭᠦᠴᠡᠬᠦ ᠲᠠᠶᠢᠨ ᠤ ᠠᠭᠤᠤ ᠶᠡᠭᠡ ᠢᠯᠠᠯᠳᠠ ᠶᠢ ᠤᠯᠵᠠᠢ︕ | ᠲᠦᠷᠢᠮᠡᠭᠡᠶᠢᠯᠡᠭᠴᠢ ᠯᠠᠪ ᠢᠯᠠᠭᠳᠠᠵᠤ᠂ ᠠᠷᠠᠳ ᠲᠦᠮᠡᠨ ᠯᠠᠪ ᠢᠯᠠᠨ᠎ᠠ᠂ ᠡᠨᠡ ᠪᠤᠯ ᠲᠡᠤᠭᠡ ᠶᠢᠨ ᠵᠠᠶᠢᠯᠠᠰᠢ ᠦᠭᠡᠢ | ᠵᠢᠮ᠎ᠠ ᠶᠤᠰᠤ ᠮᠦᠨ᠃ 1931 ᠤᠨ ᠳᠤ᠂ ᠶᠠᠫᠤᠨ ᠡᠵᠡᠷᠬᠡᠭ ᠲᠦᠷᠢᠮᠡᠭᠡᠶᠢᠳᠡᠨ ᠪᠡᠯᠡᠮᠡᠳ ᠬᠡᠷᠴᠡᠭᠡᠢ ᠪᠠᠷ ︽9 · 18 | ︾ ᠶᠢᠨ ᠬᠡᠷᠡᠭ ᠬᠤᠪᠢᠰᠤᠯ ᠢ ᠭᠠᠷᠭᠠᠵᠤ᠂ ᠮᠠᠨ ᠤ ᠤᠯᠤᠰ ᠤᠨ ᠵᠡᠭᠦᠨ ᠬᠤᠶᠢᠳᠤ ᠶᠢᠨ ᠭᠤᠷᠪᠠᠨ ᠮᠤᠵᠢ ᠶᠢ | ᠲᠦᠷᠢᠮᠡᠭᠡᠶᠢᠯᠡᠵᠤ᠂ ᠡᠵᠡᠨ ᠮᠡᠳᠡᠨ ᠮᠠᠨᠠᠭᠤᠯ ᠲᠦᠷᠤ — ᠬᠠᠭᠤᠷᠮᠠᠭ ᠮᠠᠨᠵᠤ ᠤᠯᠤᠰ ᠢ ᠪᠠᠶᠢᠭᠤᠯᠤᠭᠰᠠᠨ ᠪᠠᠶᠢᠨ᠎ᠠ᠃ | ᠵᠡᠭᠦᠨ ᠬᠤᠶᠢᠳᠤ ᠶᠢᠨ ᠭᠤᠷᠪᠠᠨ ᠮᠤᠵᠢ ᠪᠠ ᠦᠪᠤᠷ ᠮᠤᠩᠭᠤᠯ ᠤᠨ ᠵᠡᠭᠦᠨ ᠬᠡᠰᠡᠭ ᠤᠨ ᠡᠯ᠎ᠡ ᠦᠨᠳᠤᠰᠤᠳᠡᠨ ᠤ ᠠᠷᠠᠳ | ᠲᠦᠮᠡᠨ ᠤᠯᠤᠰ ᠲᠦᠷᠤ᠂ ᠠᠵᠤ ᠠᠬᠤᠢ᠂ ᠦᠵᠡᠯ ᠰᠠᠨᠠᠭ᠎ᠠ᠂ ᠰᠤᠶᠤᠯ ᠤᠨ ᠲᠠᠯ᠎ᠠ ᠪᠠᠷ ᠵᠤᠶᠢᠯ ᠪᠦᠷᠢ ᠶᠢᠨ ᠲᠠᠯᠬᠢᠭᠳᠠᠯ | ᠂ ᠪᠤᠭᠤᠯᠴᠢᠯᠠᠯ ᠪᠠ ᠲᠠᠷᠤᠩᠭᠤᠶᠢᠯᠠᠯ ᠳᠤ ᠤᠴᠠᠷᠠᠵᠤ᠂ ᠠᠷᠠᠳᠴᠢᠯᠠᠯ᠂ ᠡᠷᠬᠡ ᠴᠢᠯᠦᠭᠡ ᠪᠠ ᠠᠮᠢᠳᠤᠷᠠᠯ ᠤᠨ ᠡᠷᠬᠡ ᠪᠠᠨ | ᠪᠦᠷᠢᠮᠤᠰᠤᠨ ᠠᠯᠳᠠᠵᠤ᠂ ᠭᠠᠯ ᠤᠰᠤᠨ ᠤ ᠠᠶᠤᠯ ᠳᠤ ᠤᠷᠤᠭᠰᠠᠨ ᠪᠠᠶᠢᠨ᠎ᠠ᠃ | ᠮᠢᠨᠤ ᠭᠡᠷ ᠤᠨ ᠠᠮᠢᠳᠤᠷᠠᠯ ᠴᠤ ᠦᠷᠭᠡᠨ ᠤᠯᠠᠨ ᠶᠠᠳᠠᠭᠤ ᠠᠷᠠᠳ ᠲᠦᠮᠡᠨ ᠲᠠᠢ ᠠᠳᠠᠯᠢ᠂ ᠦᠶ᠎ᠡ ᠦᠶ᠎ᠡ ᠪᠠᠷ ᠢᠶᠠᠨ | ᠭᠤᠷᠪᠠᠨ ᠶᠡᠭᠡ ᠠᠭᠤᠯᠠ ᠶᠢᠨ ᠬᠦᠨᠳᠤ ᠲᠠᠷᠤᠯᠠᠯ ᠲᠤᠤᠷ᠎ᠠ ᠪᠤᠭᠤᠯᠴᠢᠯᠠᠭᠳᠠᠨ ᠠᠮᠢᠳᠤᠷᠠᠵᠤ ᠪᠠᠶᠢᠵᠠᠢ᠃ ᠰᠤᠷᠭᠠᠭᠤᠯᠢ ᠳᠤ | ᠤᠷᠤᠵᠤ ᠪᠢᠴᠢᠭ ᠦᠵᠡᠬᠦ ᠨᠢ ᠨᠡᠩ ᠬᠦᠴᠢᠷ ᠲᠠᠢ᠂ ᠭᠠᠷᠬᠤ ᠵᠠᠮ ᠡᠷᠢᠬᠦ ᠶᠢᠨ ᠲᠦᠯᠦᠭᠡ᠂ ᠪᠤᠭᠳᠠ ᠮᠡᠷᠭᠡᠳ ᠤᠨ ᠨᠤᠮ ᠢ | ᠤᠩᠰᠢᠭᠤᠯᠬᠤ ᠶᠢᠨ ᠲᠤᠰᠠᠳᠠ ᠭᠡᠷ ᠠᠴᠠ ᠨᠠᠳᠠ ᠶᠢ ᠰᠤᠷᠭᠠᠭᠤᠯᠢ ᠳᠤ ᠬᠦᠷᠭᠡᠭᠰᠡᠨ ᠪᠠᠶᠢᠨ᠎ᠠ᠃ ᠳ᠋ᠧᠩ ᠤᠨ ᠲᠤᠰᠤ ᠠᠪᠬᠤ | ᠵᠤᠭᠤᠰ ᠦᠭᠡᠢ ᠲᠤᠯᠠ ᠡᠷᠳᠡ ᠶᠢᠨ ᠤᠩᠰᠢᠯᠭ᠎ᠠ ᠳᠤ ᠬᠦᠵᠢ ᠠᠰᠠᠭᠠᠵᠤ᠂ ᠲᠡᠭᠦᠨ ᠤ ᠪᠦᠳᠡᠬᠢ ᠭᠠᠯ ᠤᠨ ᠲᠤᠤᠷ᠎ᠠ ᠨᠢᠭᠡ | ᠦᠰᠦᠭ ᠨᠢᠭᠡ ᠦᠬᠦᠯᠡᠪᠤᠷᠢ ᠪᠠᠷ ᠤᠩᠰᠢᠳᠠᠭ ᠶᠤᠮ᠃ ᠬᠡᠳᠤᠨ ᠵᠢᠯ ᠰᠤᠷᠤᠭᠰᠠᠨ ᠤ ᠲᠠᠷᠠᠭ᠎ᠠ᠂ ᠰᠤᠷᠤᠯᠭ᠎ᠠ ᠶᠢᠨ | ᠰᠤᠶᠢᠳᠭᠡᠯ ᠢᠶᠠᠨ ᠦᠭᠴᠤ ᠴᠢᠳᠠᠬᠤ ᠦᠭᠡᠢ ᠪᠤᠯᠤᠭᠠᠳ ᠲᠤᠬᠠᠢ ᠶᠢᠨ ᠦᠶ᠎ᠡ ᠶᠢᠨ ᠤᠯᠤᠰ ᠠᠷᠠᠳ ᠤᠨ ᠲᠡᠭᠡᠳᠤ ᠵᠡᠷᠭᠡ ᠶᠢᠨ | ᠰᠤᠷᠭᠠᠭᠤᠯᠢ ᠳᠤ ᠲᠠᠪᠰᠢᠵᠤ ᠴᠢᠳᠠᠭᠰᠠᠨ ᠦᠭᠡᠢ᠃ ᠠᠷᠭ᠎ᠠ ᠪᠤᠰᠤ ᠸᠠᠩ ᠤᠨ ᠰᠦᠮ᠎ᠡ ᠶᠢᠨ ᠰᠤᠶᠢᠳᠭᠡᠯ ᠬᠤᠷᠢᠶᠠᠬᠤ | ᠦᠭᠡᠢ ᠶᠠᠪᠠᠭᠠᠨ ᠴᠡᠷᠢᠭ ᠤᠨ ᠬᠢᠩᠭᠠᠨ ᠰᠤᠷᠭᠠᠭᠤᠯᠢ ᠳᠤ ᠰᠢᠯᠭᠠᠨ ᠤᠷᠤᠵᠠᠢ᠃ | ᠲᠡᠷᠡ ᠦᠶ᠎ᠡ ᠶᠢᠨ ᠸᠠᠩ ᠤᠨ ᠰᠦᠮ᠎ᠡ ᠨᠢ ᠬᠠᠷᠠᠩᠭᠤᠢ ᠰᠦᠷᠳᠡᠬᠦᠯᠤᠯ ᠳᠤ ᠪᠦᠷᠢᠮᠤᠰᠤᠨ ᠪᠦᠷᠬᠦᠭᠳᠡᠵᠤ ᠪᠠᠶᠢᠪᠠ᠃ | ᠰᠢᠶᠠᠨᠪᠢᠩ᠂ ᠴᠠᠭᠳᠠᠭ᠎ᠠ᠂ ᠲᠠᠩᠨᠠᠭᠤᠯ ᠠᠷᠠᠳ ᠲᠦᠮᠡᠨ ᠢ ᠲᠤᠷ᠎ᠠ ᠲᠠᠪᠠ ᠪᠠᠷ ᠢᠶᠠᠨ ᠲᠠᠯᠬᠢᠭᠳᠠᠨ ᠠᠯᠠᠵᠤ ᠪᠠᠶᠢᠵᠠᠢ᠃ | ᠶᠠᠭᠤᠨ ᠤ ᠬᠢᠨ ᠤᠯᠤᠰ ᠲᠦᠷᠤ ᠶᠢᠨ ᠶᠠᠯᠠᠳᠠᠨ᠂ ᠦᠵᠡᠯ ᠰᠠᠨᠠᠭᠠᠨ ᠤ ᠶᠠᠯᠠᠳᠠᠨ᠂ ᠠᠵᠤ ᠠᠬᠤᠢ ᠶᠢᠨ ᠶᠠᠯᠠᠳᠠᠨ᠂ | ᠬᠦᠩᠬᠡᠨ ᠢ ᠨᠢ ᠰᠢᠬᠦᠵᠤ ᠡᠷᠡᠬᠦᠳᠡᠨᠡ᠂ ᠬᠦᠨᠳᠤ ᠶᠢ ᠨᠢ ᠫᠤᠤᠳᠠᠨ ᠠᠯᠠᠵᠤ ᠠᠮᠢᠳᠤ ᠪᠠᠷ ᠪᠤᠯᠠᠨ᠎ᠠ᠃ ᠦᠨᠤ ᠶᠢᠨ | ᠤᠯᠠᠭᠠᠨᠬᠤᠳᠠ ᠶᠢᠨ ᠠᠷᠤ ᠠᠭᠤᠯᠠ᠂ ᠰᠤᠯᠤᠨ᠂ ᠷᠠᠰᠢᠶᠠᠨ ᠵᠡᠷᠭᠡ ᠭᠠᠵᠠᠷ ᠴᠦᠮ ᠬᠦᠮᠤᠨ ᠠᠯᠠᠬᠠᠤ ᠨᠦᠬᠡ᠂ ᠲᠦᠮᠡᠨ | ᠬᠡᠬᠦᠷ ᠤᠨ ᠨᠦᠭᠡ ᠪᠠᠶᠢᠳᠠᠭ᠂ ᠶᠤᠰᠤ ᠪᠤᠰᠤ ᠪᠠᠷ ᠦᠬᠦᠭᠰᠡᠨ ᠠᠬ᠎ᠠ ᠲᠡᠬᠦᠤ ᠶᠢ ᠲᠤᠭᠠᠯᠠᠭᠠᠳ ᠪᠠᠷᠠᠬᠤ ᠦᠭᠡᠢ᠃ ᠬᠠᠷ᠎ᠠ | ᠠᠯᠪᠠ ᠳᠤ ᠶᠠᠪᠤᠭᠤᠯᠬᠤ᠂ ᠬᠠᠷ᠎ᠠ ᠬᠦᠴᠤ ᠪᠠᠷ ᠪᠠᠷᠢᠪᠴᠢᠯᠠᠬᠤ᠂ ᠭᠦᠸᠧᠪᠢᠩ ᠴᠡᠷᠢᠭ ᠲᠤ ᠤᠷᠤᠭᠤᠯᠬᠤ ᠨᠢ ᠨᠡᠩ ᠴᠤ | ᠡᠩ ᠤᠨ ᠶᠠᠪᠤᠳᠠᠯ ᠪᠤᠯᠤᠨ᠎ᠠ᠃ ᠶᠠᠪᠠᠭᠠᠨ ᠴᠡᠷᠢᠭ ᠤᠨ ᠬᠢᠩᠭᠠᠨ ᠰᠤᠷᠭᠠᠭᠤᠯᠢ ᠨᠢ ᠬᠠᠭᠤᠷᠮᠠᠭ ᠮᠠᠨᠵᠤ ᠤᠯᠤᠰ ᠤᠨ | ᠶᠠᠪᠠᠭᠠᠨ ᠴᠡᠷᠢᠭ ᠤᠨ ᠲᠠᠷᠤᠭ᠎ᠠ ᠬᠦᠮᠤᠵᠢᠬᠦᠯᠬᠦ ᠬᠤᠶᠠᠷ ᠰᠤᠷᠭᠠᠭᠤᠯᠢ ᠶᠢᠨ ᠨᠢᠭᠡ ᠨᠢ ᠪᠤᠯᠤᠨ᠎ᠠ᠃ ᠰᠤᠷᠭᠠᠭᠤᠯᠢ ᠨᠢ | ᠪᠠᠭᠠᠴᠤᠳ ᠤᠨ ᠰᠠᠯᠠᠭ᠎ᠠ᠂ ᠪᠡᠯᠡᠳᠭᠡᠯ ᠤᠨ ᠰᠠᠯᠠᠭ᠎ᠠ᠂ ᠵᠢᠩᠬᠢᠨᠢ ᠰᠠᠯᠠᠭ᠎ᠠ ᠭᠡᠵᠤ ᠬᠤᠪᠢᠶᠠᠨ᠎ᠠ᠃ ᠰᠤᠷᠭᠠᠭᠤᠯᠢ ᠶᠢᠨ | ᠰᠤᠷᠭᠠᠭᠴᠢ ᠶᠢ ᠪᠢᠴᠢᠭ ᠤᠨ ᠲᠦᠰᠢᠮᠡᠯ ᠪᠠ ᠴᠡᠷᠢᠭ ᠤᠨ ᠲᠦᠰᠢᠮᠡᠯ ᠭᠡᠵᠤ ᠬᠤᠪᠢᠶᠠᠵᠤ᠂ ᠪᠠᠷᠤᠭ ᠪᠦᠷ ᠶᠠᠫᠤᠨ ᠬᠦᠮᠤᠨ | ᠠᠵᠢ᠃ ᠴᠦᠬᠡᠨ ᠲᠤᠭᠠᠠ ᠤ ᠮᠤᠩᠭᠤᠯ ᠲᠤᠤᠷ᠎ᠠ ᠲᠡᠰ ᠤᠨ ᠴᠡᠷᠢᠭ ᠤᠨ ᠲᠦᠰᠢᠮᠡᠯ ᠨᠢ ᠴᠤ ᠴᠦᠮ ᠶᠠᠫᠤᠨ ᠤ ᠴᠡᠷᠢᠭ ᠤᠨ | ᠲᠠᠷᠤᠭ᠎ᠠ ᠶᠢᠨ ᠰᠤᠷᠭᠠᠭᠤᠯᠢ ᠠᠴᠠ ᠲᠡᠭᠦᠰᠴᠠᠢ᠃ ᠰᠤᠷᠭᠠᠭᠤᠯᠢ ᠶᠢᠨ ᠵᠦᠪᠯᠡᠭᠴᠢ ᠪᠤᠯ ᠸᠠᠩ ᠤᠨ ᠰᠦᠮ᠎ᠡ ᠶᠢᠨ ᠲᠠᠩᠨᠠᠭᠤᠯ | ᠤᠨ ᠪᠠᠶᠢᠭᠤᠯᠭ᠎ᠠ ᠶᠢᠨ ᠨᠤᠶᠠᠨ ᠶᠢᠨ ᠴᠤᠸᠠᠨ ᠳ᠋ᠠ ᠽᠦᠸᠧ ᠪᠢᠯᠡ᠃ ᠰᠤᠷᠭᠠᠭᠤᠯᠢ ᠠᠴᠠ ᠰᠤᠷᠤᠭᠴᠢᠳ ᠢ ᠮᠠᠰᠢ ᠴᠢᠩᠭ᠎ᠠ | ᠬᠠᠮᠢᠶᠠᠷᠴᠤ ᠶᠡᠷᠤ ᠳᠡᠭᠡᠨ ᠲᠤᠷ᠎ᠠ ᠪᠠᠷ ᠢᠶᠠᠨ ᠭᠠᠳᠠᠭᠰᠢ ᠭᠠᠷᠭᠠᠬᠤ ᠦᠭᠡᠢ᠃ ᠵᠢᠭᠠᠨ ᠰᠤᠷᠭᠠᠬᠤ ᠠᠮᠢᠳᠤᠷᠠᠯ ᠲᠡᠭᠡᠷ᠎ᠡ ᠴᠦᠮ | ᠶᠠᠫᠤᠨ ᠬᠡᠯᠡ ᠬᠡᠷᠡᠭᠯᠡᠵᠤ᠂ ᠪᠦᠷᠢᠮᠤᠰᠤᠨ ᠶᠠᠫᠤᠨ ᠹᠠᠱᠢᠰ ᠤᠨ ᠰᠤᠷᠭᠠᠨ ᠬᠦᠮᠤᠵᠢᠯ ᠪᠤᠯᠤᠨ᠎ᠠ᠃ ᠴᠦᠮ ᠮᠤᠩᠭᠤᠯ | ᠰᠤᠷᠤᠭᠴᠢ ᠡᠯᠰᠡᠭᠰᠡᠨ ᠲᠤᠯᠠ᠂ ᠵᠢᠭᠠᠨ ᠰᠤᠷᠭᠠᠬᠤ ᠠᠭᠤᠯᠭ᠎ᠠ ᠳᠤ᠂ ᠤᠨᠴᠠᠭᠠᠶᠢᠯᠠᠨ ᠮᠤᠩᠭᠤᠯ ᠦᠨᠳᠤᠰᠤᠳᠡᠨ ᠤ | ᠬᠦᠨᠳᠤᠳᠭᠡᠨ ᠪᠢᠰᠢᠷᠡᠬᠦ ᠴᠢᠩᠬᠢᠰ ᠬᠠᠭᠠᠨ ᠤ ᠲᠤᠬᠠᠢ ᠠᠭᠤᠯᠭ᠎ᠠ ᠶᠢ ᠤᠷᠤᠭᠤᠯᠤᠭᠰᠠᠨ ᠪᠠᠶᠢᠨ᠎ᠠ᠃ ᠲᠠᠭᠤᠯᠠᠬᠤ ᠲᠠᠭᠤᠤ | ᠶᠢᠨ ᠲᠤᠳᠤᠷ᠎ᠠ ᠶᠠᠫᠤᠨ ᠲᠠᠭᠤᠤ ᠪᠠᠶᠢᠨ᠎ᠠ᠃ ᠪᠠᠰᠠ ᠴᠢᠩᠬᠢᠰ ᠬᠠᠭᠠᠨ ᠤ ᠲᠠᠶᠢᠨ ᠳᠤ ᠮᠤᠷᠳᠠᠬᠤ ᠵᠡᠷᠭᠡ ᠲᠠᠭᠤᠤ ᠨᠤᠭᠤᠳ | ᠪᠠᠶᠢᠨ᠎ᠠ᠃ ᠦᠷᠬᠦᠯᠵᠢ ᠬᠢᠳᠡᠭ ᠲᠠᠮᠢᠷ ᠴᠤ ᠭᠡᠳ ᠴᠢᠩᠬᠢᠰ ᠬᠠᠭᠠᠨ ᠢᠶᠠᠷ ᠦᠯᠢᠭᠡᠷ ᠲᠠᠭᠤᠷᠢᠶᠠᠯ ᠪᠤᠯᠭᠠᠵᠤ᠂ ᠪᠦᠯᠦᠭ | ᠪᠦᠷᠢ ᠨᠢ ᠲᠤᠭᠳᠠᠭᠰᠠᠨ ᠠᠭᠤᠯᠭ᠎ᠠ ᠲᠠᠢ᠂ ᠬᠠᠮᠤᠭ ᠰᠡᠬᠦᠯ ᠤᠨ ᠨᠢᠭᠡ ᠪᠦᠯᠦᠭ ᠨᠢ ᠲᠠᠷᠤᠢ ᠭᠠᠭᠴᠠᠭᠠᠷ ᠪᠦᠬᠦ ᠲᠠᠯᠠᠬᠡᠢ ᠶᠢ | ᠡᠵᠡᠷᠭᠡᠬᠦ ᠠᠭᠤᠯᠭ᠎ᠠ ᠲᠠᠢ᠃ ᠡᠨᠡ ᠨᠢ ᠶᠠᠫᠤᠨ ᠤ ︽ ᠲᠡᠯᠡᠬᠡᠢ ᠶᠢ ᠨᠢᠭᠡᠳᠭᠡᠨ᠂ ᠨᠢᠭᠡ ᠯᠡ ᠭᠡᠷ ᠪᠦᠯᠢ ᠪᠤᠯᠭᠠᠬᠤ︾ ᠲᠠᠢ | ᠠᠶᠢᠵᠠᠮ ᠴᠤᠬᠢᠯᠭ᠎ᠠ ᠨᠡᠶᠢᠯᠡᠨ᠎ᠡ᠃ ᠡᠭᠦᠨ ᠠᠴᠠ ᠶᠠᠫᠤᠨ ᠡᠵᠡᠷᠬᠡᠭ ᠲᠦᠷᠢᠮᠡᠭᠡᠶᠢᠳᠡᠨ ᠤ ᠵᠡᠷᠯᠢᠭ ᠰᠠᠨᠠᠭ᠎ᠠ ᠶᠢ ᠲᠤᠳᠤᠷᠬᠠᠢ | ᠮᠡᠳᠡᠵᠤ ᠪᠤᠯᠤᠨ᠎ᠠ᠂ ᠲᠡᠳᠡ ᠪᠦᠬᠦ ᠲᠤᠮᠳᠠᠳᠤ ᠤᠯᠤᠰ ᠢ ᠲᠦᠷᠢᠮᠡᠭᠡᠶᠢᠯᠡᠨ ᠡᠵᠡᠯᠡᠬᠦ ᠪᠠᠷ ᠪᠠᠷᠠᠬᠤ ᠦᠭᠡᠢ᠂ ᠪᠠᠰᠠ ᠪᠦᠬᠦ | ᠲᠡᠯᠡᠬᠡᠢ ᠶᠢ ᠡᠷᠬᠡᠰᠢᠶᠠᠯ ᠳᠡᠭᠡᠨ ᠤᠷᠤᠭᠤᠯᠬᠤ ᠰᠠᠨᠠᠭ᠎ᠠ ᠲᠠᠢ᠃ ᠬᠡᠳᠤᠶᠢᠪᠡᠷ ᠡᠶᠢᠮᠤ ᠪᠤᠯᠪᠠᠴᠤ᠂ ᠲᠡᠳᠡ ᠴᠢᠩᠬᠢᠰ ᠬᠠᠭᠠᠨ | ᠢ ᠤᠬᠠᠭᠤᠯᠬᠤ ᠳᠠᠭᠠᠨ ᠠᠶᠤᠨ ᠰᠠᠨᠳᠤᠷᠬᠤ ᠰᠡᠳᠭᠢᠯᠭᠡ ᠨᠢ ᠢᠯᠡᠷᠡᠵᠤ ᠪᠠᠶᠢᠵᠠᠢ᠃ ᠮᠤᠩᠭᠤᠯ ᠦᠨᠳᠤᠰᠤᠳᠡᠨ ᠪᠤᠯ ᠨᠢᠭᠡᠨ | ᠶᠡᠭᠡ ᠲᠡᠯᠪᠡᠴᠢᠬᠦ ᠪᠦᠮᠪᠦᠭᠡ ᠮᠡᠳᠤ᠂ ᠴᠢᠩᠬᠢᠰ ᠬᠠᠭᠠᠨ ᠮᠡᠳᠤ ᠲᠡᠯᠪᠡᠷᠡᠪᠡᠯ ᠲᠡᠶᠢᠮᠤ ᠠᠮᠤᠷ ᠪᠢᠰᠢ︕ ᠭᠡᠵᠤ ᠬᠡᠯᠡᠳᠡᠭ᠃ | ᠡᠨᠡ ᠨᠢ ᠲᠠᠷᠤᠢ ᠡᠵᠡᠷᠬᠡᠭ ᠲᠦᠷᠢᠮᠡᠭᠡᠶᠢᠳᠡᠨ ᠦᠨᠳᠤᠰᠤᠳᠡᠨ ᠤ ᠰᠡᠳᠭᠢᠯᠭᠡ ᠶᠢ ᠠᠰᠢᠭᠯᠠᠬᠤ ᠰᠠᠨᠠᠭ᠎ᠠ ᠲᠠᠢ᠂ ᠪᠠᠰᠠ | ᠤᠷᠢᠳᠴᠢᠯᠡᠨ ᠮᠡᠳᠡᠬᠦᠶ᠎ᠡ ᠪᠡᠷᠬᠡ ᠦᠷ᠎ᠡ ᠳ᠋ᠦᠩ ᠭᠠᠷᠬᠤ ᠠᠴᠠ ᠠᠶᠤᠭᠰᠠᠨ ᠵᠠᠯᠢᠬᠠᠢ ᠬᠠᠭᠤᠷᠮᠠᠭ ᠮᠦᠨ ᠴᠢᠨᠠᠷ ᠪᠢᠯᠡ᠃ | ᠶᠠᠫᠤᠨ ᠡᠵᠡᠷᠬᠡᠭ ᠲᠦᠷᠢᠮᠡᠭᠡᠶᠢᠳᠡᠨ᠂ ᠸᠠᠩ ᠤᠨ ᠰᠦᠮ᠎ᠡ ᠶᠢ ᠬᠢᠩᠭᠠᠨ ᠶᠡᠷᠤᠩᠬᠡᠢ ᠮᠤᠵᠢ ᠶᠢᠨ ᠤᠯᠤᠰ ᠲᠦᠷᠤ ᠶᠢᠨ | ᠲᠦᠪ ᠪᠠ ᠲᠠᠶᠢᠨ ᠤ ᠬᠠᠷᠠᠶᠢᠯ ᠪᠤᠯᠭᠠᠵᠤ᠂ ᠵᠦᠪᠯᠡᠯᠳᠤ ᠵᠢᠴᠢ ᠮᠤᠩᠭᠤᠯ ᠠᠷᠠᠳ ᠤᠯᠤᠰ ᠲᠠᠢ ᠬᠠᠷᠢᠯᠴᠠᠬᠤ ᠶᠢ ᠲᠠᠰᠤᠯᠪᠠ᠃ | ᠡᠶᠢᠮᠤ ᠠᠴᠠ ᠲᠡᠨᠳᠡᠬᠢ ᠶᠢ ᠮᠠᠰᠢ ᠴᠢᠩᠭ᠎ᠠ ᠬᠢᠵᠠᠭᠠᠷᠯᠠᠭᠰᠠᠨ ᠶᠤᠮ᠃ ᠷᠠᠰᠢᠶᠠᠨ ᠢ ᠨᠢᠭᠡᠳᠤᠭᠡᠷ ᠰᠡᠷᠭᠡᠶᠢᠯᠡᠯᠳᠡ ᠶᠢᠨ | ᠱᠤᠭᠤᠮ ᠪᠤᠯᠭᠠᠵᠤ᠂ ᠸᠠᠩ ᠤᠨ ᠰᠦᠮ᠎ᠡ ᠶᠢᠨ ᠬᠤᠶᠢᠳᠤ ᠠᠭᠤᠯᠠ ᠶᠢ ᠬᠤᠶᠠᠳᠤᠭᠠᠷ ᠰᠡᠷᠭᠡᠶᠢᠯᠡᠯᠳᠡ ᠶᠢᠨ ᠱᠤᠭᠤᠮ ᠳᠤ | ᠴᠦᠮ ᠲᠡᠮᠤᠷ ᠲᠤᠤᠷ ᠲᠠᠳᠠᠵᠤ᠂ ᠴᠠᠭᠠᠵᠠᠯᠠᠬᠤ ᠭᠠᠵᠠᠷ ᠪᠤᠯᠭᠠᠵᠤ ᠲᠤᠷ᠎ᠠ ᠲᠠᠪᠠ ᠪᠠᠷ ᠢᠶᠠᠨ ᠤᠷᠤᠵᠤ ᠭᠠᠷᠴᠤ ᠪᠤᠯᠬᠤ | ᠦᠭᠡᠢ᠃ ᠪᠠᠰᠠ ᠴᠢᠩᠬᠢᠰ ᠤᠨ ᠰᠦᠮ᠎ᠡ ᠪᠠᠶᠢᠭᠤᠯᠵᠤ᠂ ᠮᠤᠩᠭᠤᠯ ᠢᠶᠠᠷ ᠮᠤᠩᠭᠤᠯ ᠢ ᠵᠠᠰᠠᠬᠤ ᠬᠤᠤᠷᠳᠤ ᠠᠷᠭ᠎ᠠ ᠪᠠᠨ | ᠬᠡᠷᠡᠭᠵᠢᠬᠦᠯᠪᠡ᠃ | ᠶᠠᠫᠤᠨ ᠡᠵᠡᠷᠬᠡᠭ ᠲᠦᠷᠢᠮᠡᠭᠡᠶᠢᠳᠡᠨ ᠮᠠᠰᠢ ᠠᠷᠪᠢᠨ ᠤᠪ ᠮᠡᠭᠡ ᠭᠠᠷᠭᠠᠭᠰᠠᠨ ᠪᠤᠯᠪᠠᠴᠤ᠂ ᠵᠡᠬᠦᠨ ᠬᠤᠶᠢᠳᠤ ᠶᠢᠨ ᠭᠠᠵᠠᠷ | ᠤᠷᠤᠨ ᠳᠤ ᠶᠠᠫᠤᠨ ᠢ ᠡᠰᠡᠷᠭᠦᠴᠡᠬᠦ ᠬᠤᠯᠪᠤᠭᠠᠳᠤ ᠴᠡᠷᠢᠭ ᠤᠨ ᠠᠵᠢᠯᠯᠠᠭ᠎ᠠ ᠪᠠ ᠮᠠᠨᠵᠤ ᠶᠠᠫᠤᠨ ᠢ ᠡᠰᠡᠷᠭᠦᠴᠡᠬᠦ ᠤᠯᠠᠨ | ᠲᠦᠮᠡᠨ ᠤ ᠠᠵᠢᠯᠯᠠᠭ᠎ᠠ ᠨᠤᠭᠤᠳ ᠢ ᠤᠯᠵᠤ ᠰᠤᠨᠤᠰᠳᠠᠭ᠃ ᠵᠦᠪᠯᠡᠯᠳᠤ ᠶᠢᠨ ᠬᠦᠳᠡᠯᠮᠤᠷᠢᠴᠢᠨ ᠠᠷᠠᠳ ᠲᠦᠮᠡᠨ ᠤ ᠡᠵᠡᠨ | ᠮᠡᠳᠡᠬᠦ ᠠᠮᠢᠳᠤᠷᠠᠯ ᠪᠠ ᠮᠤᠩᠭᠤᠯ ᠠᠷᠠᠳ ᠤᠯᠤᠰ ᠪᠢᠳᠡᠨ ᠳᠤ ᠴᠦᠮ ᠨᠦᠯᠦᠭᠡ ᠲᠠᠢ᠃ ᠲᠤᠬᠠᠢ ᠶᠢᠨ ᠦᠶ᠎ᠡ ᠳᠤ᠂ | ᠰᠤᠷᠭᠠᠭᠤᠯᠢ ᠠᠴᠠ ᠶᠠᠫᠤᠨ ᠢ ᠡᠰᠡᠷᠭᠦᠴᠡᠬᠦ ᠰᠠᠭᠤᠷᠢᠨ ᠭᠠᠵᠠᠷ — ᠶᠠᠨ ᠠᠨ ᠢ ᠡᠰᠡᠷᠬᠦᠤ ᠲᠠᠯ᠎ᠠ ᠪᠠᠷ ᠤᠬᠠᠭᠤᠯᠳᠠᠭ᠃ | ᠡᠨᠡ ᠨᠢ ᠪᠢᠳᠡᠨ ᠤ ᠮᠠᠰᠢ ᠠᠷᠪᠢᠨ ᠰᠡᠵᠢᠭ ᠲᠠᠭᠠᠮᠠᠭᠯᠠᠯ ᠢ ᠪᠤᠢ ᠪᠤᠯᠭᠠᠭᠰᠠᠨ ᠪᠠᠶᠢᠨ᠎ᠠ᠃ ᠲᠤᠮᠳᠠᠳᠤ ᠤᠯᠤᠰ ᠤᠨ ᠡᠪ | ᠬᠠᠮᠳᠤ ᠨᠠᠮ ᠤᠨ ᠤᠳᠤᠷᠢᠳᠤᠭᠰᠠᠨ ᠨᠠᠢᠮᠠᠳᠤᠭᠠᠷ ᠵᠠᠮ ᠤᠨ ᠴᠡᠷᠢᠭ᠂ ᠰᠢᠨ᠎ᠡ ᠲᠦᠷᠪᠡᠳᠤᠭᠡᠷ ᠠᠷᠮᠢ ᠶᠢᠨ ᠨᠡᠷ᠎ᠡ ᠠᠯᠳᠠᠷ | ᠡᠳᠤᠷ ᠠᠴᠠ ᠡᠳᠤᠷ ᠦᠨᠳᠤᠷᠵᠢᠪᠡ᠃ ᠲᠠᠶᠢᠨ ᠤ ᠶᠠᠪᠤᠴᠠ ᠶᠢ ᠲᠠᠭᠠᠯᠳᠤᠵᠤ᠂ ᠲᠠᠶᠢᠰᠤᠨ ᠪᠤᠯᠤᠨ ᠮᠠᠨ ᠤ | ᠬᠤᠭᠤᠷᠤᠨᠳᠤᠬᠢ ᠬᠦᠴᠤᠨ ᠬᠤᠪᠢᠷᠠᠯᠳᠠ ᠭᠠᠷᠴᠠᠢ᠃ ᠶᠠᠫᠤᠨ ᠡᠵᠡᠷᠬᠡᠭ ᠲᠦᠷᠢᠮᠡᠭᠡᠶᠢᠳᠡᠨ ᠬᠡᠷᠬᠢᠨ ᠭᠠᠯᠵᠠᠭᠤᠷᠠᠨ | ᠲᠤᠭᠰᠢᠷᠠᠪᠠᠴᠤ᠂ ᠲᠡᠭᠦᠨ ᠤ ᠦᠭᠡᠨᠴᠠ ᠲᠤᠷᠤᠢ ᠮᠦᠨ ᠴᠢᠨᠠᠷ ᠨᠢ ᠠᠭᠠᠵᠢᠮ ᠢᠶᠠᠷ ᠢᠯᠡᠷᠡᠭᠰᠡᠨ ᠪᠠᠶᠢᠨ᠎ᠠ᠃ 1944 | ᠤᠨ ᠳᠤ᠂ ᠵᠦᠪᠯᠡᠯᠳᠤ ᠤᠷᠢᠳᠴᠢᠯᠡᠨ ᠨᠢᠭᠡ ᠵᠢᠯ ᠶᠠᠫᠤᠨ ᠲᠠᠢ ᠲᠤᠭᠳᠠᠭᠰᠠᠨ ᠭᠡᠷ᠎ᠡ ᠶᠢ ᠲᠠᠬᠢᠨ ᠦᠷᠬᠦᠯᠵᠢᠯᠡᠬᠦ ᠦᠭᠡᠢ ᠪᠠᠨ | ᠲᠤᠩᠬᠠᠯᠠᠭᠪᠠ᠃ ᠡᠨᠡ ᠨᠢ ᠶᠠᠫᠤᠨ ᠡᠵᠡᠷᠬᠡᠭ ᠲᠦᠷᠢᠮᠡᠭᠡᠶᠢᠳᠡᠨ ᠳᠤ ᠨᠢᠭᠡᠨ ᠮᠠᠭᠤ ᠢᠷᠸ᠎ᠠ ᠪᠤᠯᠤᠨ᠎ᠠ᠃ ᠭᠧᠷᠮᠠᠨ᠂ ᠢᠲ᠋ᠠᠯᠢ᠂ | ᠶᠠᠫᠤᠨ ᠤ ᠹᠠᠱᠢᠰ ᠤᠨ ᠬᠤᠯᠪᠤᠭ᠎ᠠ ᠨᠢ ᠬᠦᠨ ᠰᠢᠪᠠᠷᠳᠠᠵᠤ ᠠᠮᠢᠨ ᠤ ᠪᠡᠶ᠎ᠡ ᠪᠠᠨ ᠠᠪᠤᠷᠠᠬᠤ ᠳᠤ ᠴᠤ ᠪᠡᠷᠬᠡ ᠪᠤᠯᠵᠠᠢ᠃ | ᠨᠤᠮᠤᠬᠠᠨ ᠲᠠᠯᠠᠢ ᠶᠢᠨ ᠲᠠᠶᠢᠨ ᠡᠬᠦᠰᠦᠭᠰᠡᠨ ᠤ ᠰᠡᠬᠦᠯᠡᠷ᠂ ᠶᠠᠫᠤᠨ ᠡᠵᠡᠷᠬᠡᠭ ᠲᠦᠷᠢᠮᠡᠭᠡᠶᠢᠳᠡᠨ ᠵᠠᠯᠭ᠎ᠠ ᠵᠠᠯᠭ᠎ᠠ ᠪᠠᠷ | ᠢᠯᠠᠭᠳᠠᠪᠠ᠃ ᠨᠡᠶᠢᠭᠡᠮ ᠲᠡᠭᠡᠷᠡᠬᠢ ᠡᠶᠢᠮᠤᠷᠬᠦ ᠪᠤᠶᠤ ᠲᠡᠶᠢᠮᠤᠷᠬᠦ ᠬᠡᠯᠡᠯᠭᠡ ᠨᠢ ᠰᠤᠷᠭᠠᠭᠤᠯᠢ ᠳᠤ ᠤᠯᠠᠮᠵᠢᠯᠠᠭᠳᠠᠵᠤ ᠢᠷᠡᠵᠠᠢ | ᠃ ᠪᠢᠳᠡ ᠴᠡᠷᠢᠭ ᠤᠨ ᠶᠠᠪᠤᠳᠠᠯ ᠤᠨ ᠬᠢᠴᠢᠶᠠᠯ ᠤᠷᠤᠬᠤ ᠦᠶᠡᠰ ᠰᠤᠷᠭᠠᠭᠴᠢ ᠠᠴᠠ ᠠᠰᠠᠭᠤᠭᠰᠠᠨ ᠪᠠᠶᠢᠨ᠎ᠠ᠃ ᠬᠡᠷᠪᠡ | ᠵᠦᠪᠯᠡᠯᠳᠤ ᠲᠠᠢ ᠲᠤᠯᠤᠯᠳᠤᠬᠤ ᠶᠤᠮ ᠪᠤᠯ ᠶᠠᠮᠠᠷ ᠠᠷᠭ᠎ᠠ ᠪᠠᠷ ᠴᠤᠬᠢᠬᠤ ᠪᠤᠢ︖ ᠶᠠᠮᠠᠷ ᠶᠠᠩᠵᠤ ᠶᠢᠨ ᠪᠠᠶᠢᠯᠳᠤᠬᠤ | ᠪᠤᠳᠤᠯᠭ᠎ᠠ ᠶᠢᠨ ᠲᠠᠭᠠᠷᠢᠯᠳᠠ ᠬᠢᠬᠦ ᠪᠤᠢ︖ ᠲᠡᠳᠡ ᠰᠤᠨᠤᠰᠤᠭᠠᠳ ᠵᠦᠪᠬᠡᠨ ᠶᠠᠭᠠᠬᠢᠬᠤ ᠶᠢᠨ ᠠᠷᠭ᠎ᠠ ᠦᠭᠡᠢ ᠲᠤᠯᠤᠭᠠᠢ | ᠪᠠᠨ ᠰᠠᠵᠢᠵᠤ᠂ ᠲᠠᠶᠢᠯᠪᠤᠷᠢᠯᠠᠬᠤ ᠳᠤ ᠬᠦᠴᠢᠷᠳᠠᠢ ᠲᠦᠷᠢ ᠭᠠᠷᠭᠠᠵᠠᠢ᠃ ᠲᠡᠷᠡ ᠦᠶᠡᠰ ᠰᠤᠷᠭᠠᠭᠤᠯᠢ ᠲᠤᠳᠤᠷᠠᠬᠢ | ᠰᠤᠷᠤᠭᠴᠢ ᠶᠢᠨ ᠬᠦᠳᠡᠯᠭᠡᠭᠡᠨ ᠴᠤ ᠠᠭᠠᠵᠢᠮ ᠢᠶᠠᠷ ᠬᠦᠭᠵᠢᠵᠤ ᠡᠬᠢᠯᠡᠪᠡ᠃ ᠪᠢᠳᠡᠨ ᠢ ᠲᠠᠭᠠᠭᠤᠯᠵᠤ ᠪᠤᠯᠪᠠᠰᠤᠷᠠᠵᠤ | ᠪᠠᠶᠢᠬᠤ ᠲᠤᠭᠤᠷᠢᠭ ᠤᠨ ᠲᠠᠷᠤᠭ᠎ᠠ ︵ᠮᠤᠩᠭᠤᠯ ᠬᠦᠮᠤᠨ︶ ᠪᠤᠯᠪᠠᠰᠤᠷᠠᠬᠤ ᠭᠠᠵᠠᠷ ᠬᠦᠷᠦᠭᠰᠡᠨ ᠤ ᠰᠡᠬᠦᠯᠡᠷ ᠫᠤᠤ ᠪᠠᠨ | ᠪᠤᠰᠬᠠᠮᠠᠭᠴᠠ ᠠᠮᠤᠰᠬᠢᠳᠠᠭ᠂ ᠪᠢᠳᠡ ᠲᠠᠪᠤ ᠭᠤᠷᠪᠠᠨ ᠬᠦᠮᠤᠨ ᠢᠶᠠᠷ ᠨᠢᠭᠡ ᠪᠦᠯᠬᠦᠮ ᠪᠤᠯᠵᠤ ᠰᠤᠯᠠ ᠶᠠᠷᠢᠯᠴᠠᠵᠠᠭᠠᠳᠠᠭ᠃ | ᠪᠦᠬᠦᠳᠡ ᠶᠢᠨ ᠢᠯᠡᠬᠦᠤ ᠶᠠᠷᠢᠯᠴᠠᠬᠤ ᠨᠢ ᠲᠠᠶᠢᠨ ᠤ ᠠᠰᠠᠭᠤᠳᠠᠯ ᠪᠤᠯᠤᠨ᠎ᠠ᠃ ᠬᠦᠮᠤᠰ ᠴᠦᠮ ᠰᠢᠭᠤᠳ ᠢᠶᠠᠷ ᠬᠡᠯᠡᠯᠴᠡᠭᠰᠡᠨ | ᠨᠢ᠄ ᠶᠠᠫᠤᠨ ᠬᠦᠮᠤᠨ ᠪᠤᠯᠬᠤ ᠪᠠᠨ ᠪᠠᠶᠢᠪᠠ᠂ ᠭᠧᠲᠯᠧᠷ ᠪᠠ ᠮᠦᠸᠧᠰᠦ᠋ᠸᠧᠯᠢᠨᠢ ᠲᠠᠭᠤᠰᠴᠠᠢ᠂ ᠭᠤᠮᠢᠨᠳᠠᠩ ᠵᠢᠶᠠᠩ | ᠵᠢᠶᠧ ᠱᠢ ᠪᠤᠯᠬᠤ ᠪᠠᠨ ᠪᠠᠶᠢᠵᠠᠢ᠃ ᠲᠡᠷᠡ ᠦᠶ᠎ᠡ ᠳᠤ ᠪᠢᠳᠡ ᠪᠦᠳᠤᠬᠦᠪᠴᠢ ᠪᠠᠷ ᠲᠠᠨᠢᠭᠰᠠᠨ ᠨᠢ᠂ ᠲᠤᠮᠳᠠᠳᠤ ᠤᠯᠤᠰ | ᠤᠨ ᠡᠪ ᠬᠠᠮᠳᠤ ᠨᠠᠮ᠂ ᠵᠦᠪᠯᠡᠯᠳᠤ ᠶᠢᠨ ᠡᠪ ᠬᠠᠮᠳᠤ ᠨᠠᠮ᠂ ᠮᠤᠩᠭᠤᠯ ᠠᠷᠠᠳ ᠤᠨ ᠬᠤᠪᠢᠰᠬᠠᠯᠳᠤ ᠨᠠᠮ ᠨᠢ ᠴᠦᠮ ᠡᠪ | ᠬᠠᠮᠳᠤ ᠨᠠᠮ ᠮᠦᠨ᠂ ᠡᠪ ᠬᠠᠮᠳᠤ ᠨᠠᠮ ᠪᠤᠯ ᠪᠦᠷ ᠨᠢᠭᠡ ᠯᠡ ᠠᠳᠠᠯᠢ ᠭᠡᠵᠤ ᠦᠵᠡᠵᠤ ᠪᠠᠶᠢᠪᠠ᠃ | ᠲᠤᠬᠠᠢ ᠶᠢᠨ ᠦᠶ᠎ᠡ ᠳᠤ᠂ ᠶᠠᠪᠠᠭᠠᠨ ᠴᠡᠷᠢᠭ ᠤᠨ ᠬᠢᠩᠭᠠᠨ ᠰᠤᠷᠭᠠᠭᠤᠯᠢ ᠶᠢᠨ ᠰᠤᠷᠤᠭᠴᠢᠳ ᠨᠠᠢᠮᠠᠨ ᠵᠠᠭᠤ ᠭᠠᠷᠤᠢ | ᠬᠦᠮᠤᠨ ᠲᠠᠢ᠂ ᠪᠠᠭᠠᠴᠤᠳ ᠤᠨ ᠰᠠᠯᠠᠭ᠎ᠠ ᠲᠦᠷᠪᠡᠨ ᠵᠢᠯ᠂ ᠪᠡᠯᠡᠳᠭᠡᠯ ᠤᠨ ᠰᠠᠯᠠᠭ᠎ᠠ ᠬᠤᠶᠠᠷ ᠵᠢᠯ᠂ ᠵᠢᠩᠬᠢᠨᠢ ᠰᠠᠯᠠᠭ᠎ᠠ | ᠬᠤᠶᠠᠷ ᠵᠢᠯ᠂ ᠨᠡᠶᠢᠳᠡ ᠨᠠᠢᠮᠠᠨ ᠠᠩᠭᠢ ᠲᠠᠢ᠃ ᠪᠢ ᠪᠤᠯ ᠵᠢᠩᠬᠢᠨᠢ ᠰᠠᠯᠠᠭᠠᠨ ᠤ ᠨᠢᠭᠡᠳᠤᠭᠡᠷ ᠤᠨ ᠤ ᠰᠤᠷᠤᠭᠴᠢ᠂ | ᠪᠠᠷᠤᠭ 1945 ᠤᠨ ᠤ 7 ᠰᠠᠷ᠎ᠠ ᠳᠤ᠂ ᠪᠢᠳᠡᠨ ᠤ ᠠᠷᠪᠠᠳᠤᠭᠠᠷ ᠬᠤᠭᠤᠴᠠᠭᠠᠨ ᠤ ᠨᠢᠭᠡ ᠯᠡ ᠠᠩᠭᠢ ᠶᠢᠨ ᠬᠠᠮᠳᠤ | ᠰᠤᠷᠤᠯᠭᠠᠳᠠᠨ᠂ ᠶᠠᠫᠤᠨ ᠹᠠᠱᠢᠰ ᠲᠤ ᠨᠢᠭᠡᠨᠳᠡ ᠲᠡᠰᠪᠤᠷᠢᠯᠡᠬᠦᠶᠡ ᠪᠡᠷᠬᠡ ᠪᠤᠯᠵᠠᠢ᠃ ᠨᠠᠳᠠ ᠲᠠᠢ ᠨᠡᠶᠢᠳᠡ ᠵᠢᠷᠭᠤᠭᠠᠨ | ᠬᠦᠮᠤᠨ ᠰᠤᠷᠭᠠᠭᠤᠯᠢ ᠶᠢᠨ ᠰᠤᠷᠤᠭᠴᠢ ᠶᠢ ᠴᠤᠬᠢᠵᠤ ᠬᠠᠷᠢᠶᠠᠬᠤ ᠶᠢ ᠡᠰᠡᠷᠭᠦᠴᠡᠬᠦ ᠶᠠᠪᠤᠳᠠᠯ ᠢ ᠡᠭᠦᠰᠭᠡᠵᠤ᠂ ᠬᠤᠭᠤᠷᠤᠨᠳᠤ | ᠪᠠᠨ ᠬᠤᠯᠪᠤᠭᠠᠯᠠᠭᠠᠳ ᠵᠠᠭᠤ ᠭᠠᠷᠤᠢ ᠬᠦᠮᠤᠨ ᠤᠷᠤᠯᠴᠠᠭᠰᠠᠨ ᠪᠠᠶᠢᠨ᠎ᠠ᠃ ᠡᠩ ᠲᠡᠷᠢᠭᠦᠨ ᠳᠤ᠂ ᠪᠢᠳᠡ ᠰᠤᠷᠭᠠᠭᠤᠯᠢ ᠳᠤ | ᠢᠯᠡ ᠵᠠᠬᠢᠳᠠᠯ ᠪᠢᠴᠢᠵᠤ᠂ ᠰᠡᠬᠦᠯᠡᠷ ᠨᠢ ᠲᠡᠳᠡᠭᠡᠷ ᠰᠤᠷᠤᠭᠴᠢ ᠶᠢ ᠴᠤᠬᠢᠬᠤ ᠰᠤᠷᠭᠠᠭᠴᠢ ᠳᠤ ᠬᠢᠴᠢᠶᠠᠯ ᠬᠠᠶᠠᠵᠤ | ᠡᠰᠡᠷᠬᠦᠴᠡᠯ ᠢᠶᠠᠨ ᠢᠯᠡᠳᠭᠡᠪᠡ᠃ ᠡᠨᠡ ᠮᠡᠳᠤ ᠪᠠᠷ ᠰᠠᠷ᠎ᠠ ᠭᠠᠷᠤᠢ ᠦᠷᠬᠦᠯᠵᠢᠯᠡᠭᠡᠳ ᠰᠤᠷᠭᠠᠭᠤᠯᠢ ᠠᠴᠠ ᠬᠡᠷᠡᠭ ᠤᠴᠢᠷ | ᠤᠨ ᠮᠠᠭᠤ ᠪᠤᠯᠤᠭᠰᠠᠨ ᠢ ᠮᠡᠳᠡᠵᠤ᠂ ᠨᠢᠭᠡ ᠨᠢᠭᠡ ᠪᠠᠷ ᠠᠪᠠᠴᠢᠵᠤ ᠰᠢᠬᠦᠨ ᠠᠰᠠᠭᠤᠵᠤ᠂ ᠬᠡᠨ ᠨᠢ ᠲᠦᠷᠦᠬᠦᠤ ᠪᠤᠯᠬᠤ ᠶᠢ | ᠪᠠᠶᠢᠴᠠᠭᠠᠨ ᠨᠡᠭᠡᠮᠵᠢᠯᠡᠪᠡ᠃ ᠪᠦᠬᠦᠳᠡᠭᠡᠷ ᠨᠢᠭᠡᠨ ᠰᠡᠳᠭᠢᠯ ᠢᠶᠠᠷ ᠬᠡᠨ ᠠᠴᠠ ᠠᠰᠠᠭᠤᠪᠠᠯ᠂ ᠬᠡᠨ ᠨᠢ ᠲᠠᠷᠤᠢ ︽ ᠪᠢ | ᠲᠠᠷᠤᠢ ᠲᠦᠷᠦᠬᠦᠤ︾ ᠭᠡᠬᠦ ᠳᠤ ᠰᠤᠷᠭᠠᠭᠤᠯᠢ ᠠᠷᠭ᠎ᠠ ᠪᠠᠨ ᠪᠠᠷᠠᠭᠰᠠᠨ ᠪᠠᠶᠢᠨ᠎ᠠ᠃ ᠠᠷᠭ᠎ᠠ ᠪᠤᠰᠤ ᠵᠦᠷᠢᠴᠡᠯ ᠢ | ᠨᠠᠮᠳᠠᠭᠤᠯᠵᠤ᠂ ᠰᠤᠷᠤᠭᠴᠢ ᠶᠢᠨ ᠲᠤᠷᠠᠳᠤᠵᠤ ᠭᠠᠷᠭᠠᠭᠰᠠᠨ ᠠᠰᠠᠭᠤᠳᠠᠯ ᠢ ᠰᠢᠢᠳᠪᠤᠷᠢᠯᠡᠪᠡ᠃ | 1945 ᠤᠨ ᠤ 8 ᠰᠠᠷ᠎ᠠ ᠶᠢᠨ 8 ᠤ ᠡᠳᠤᠷ᠂ ᠵᠦᠪᠯᠡᠯᠳᠤ ᠵᠢᠩᠬᠢᠨᠢ ᠪᠠᠷ ᠶᠠᠫᠤᠨ ᠳᠤ ᠲᠠᠶᠢᠨ ᠵᠠᠷᠯᠠᠵᠤ᠂ | ᠨᠢᠰᠭᠡᠯ ᠲᠤᠮᠢᠯᠠᠵᠤ ᠤᠬᠠᠭᠤᠯᠬᠤ ᠬᠠᠭᠤᠳᠠᠰᠤ ᠲᠠᠷᠬᠠᠭᠠᠪᠠ᠂ ᠬᠦᠮᠤᠰ ᠬᠠᠷᠢᠯᠴᠠᠨ ᠴᠢᠮᠡᠭᠡ ᠦᠭᠬᠦᠨ ᠦᠵᠡᠵᠤ | ᠰᠤᠨᠤᠰᠤᠭᠰᠠᠨ ᠬᠠᠭᠤᠳᠠᠰᠤ ᠶᠢᠨ ᠠᠭᠤᠯᠭ᠎ᠠ ᠶᠢ ᠬᠡᠯᠡᠯᠴᠡᠵᠤ᠄ ︽ ᠶᠠᠫᠤᠨ ᠤᠳᠤ ᠪᠤᠯᠬᠤ ᠪᠠᠨ ᠪᠠᠶᠢᠪᠠ᠂ ᠠᠷᠠᠳ ᠲᠦᠮᠡᠨ | ᠴᠢᠯᠦᠭᠡᠯᠡᠭᠳᠡᠬᠦ ᠪᠤᠯᠤᠯ᠎ᠠ︾ ᠃ ︽ ᠵᠦᠪᠯᠡᠯᠳᠤ ᠨᠢᠭᠡᠨᠳᠡ ᠶᠠᠫᠤᠨ ᠲᠠᠢ ᠲᠠᠶᠢᠨ ᠵᠠᠷᠯᠡᠵᠤ᠂ ᠲᠡᠯᠪᠠᠴᠢᠬᠦ ᠦᠶᠡᠰ ᠲᠠᠨᠤᠰ | ᠵᠠᠶᠢᠯᠠᠭᠠᠷᠠᠢ ᠁︾ ᠭᠡᠬᠦ ᠮᠡᠳᠤ᠃ ᠪᠢᠳᠡ ᠵᠦᠪᠯᠡᠯᠳᠤ ᠶᠢᠨ ᠨᠢᠰᠭᠡᠯ ᠢ ᠦᠵᠡᠪᠡ᠂ ᠲᠠᠷᠬᠠᠭᠠᠭᠰᠠᠨ ᠤᠬᠠᠭᠤᠯᠬᠤ | ᠬᠠᠭᠤᠳᠠᠰᠤ ᠶᠢ ᠤᠯᠵᠤ ᠦᠵᠡᠭᠡᠳ ᠪᠢᠳᠡ ᠰᠠᠮ ᠢᠶᠠᠷ᠄ ︽ ᠦᠨᠤ ᠪᠢᠳᠡ ᠪᠠᠰᠠ ᠶᠠᠫᠤᠨ ᠬᠦᠮᠤᠨ ᠤ ᠭᠠᠷ ᠲᠤᠤᠷ᠎ᠠ ᠪᠤᠢ᠂ | ᠵᠦᠪᠯᠡᠯᠳᠤ ᠶᠢᠨ ᠤᠯᠠᠭᠠᠨ ᠴᠡᠷᠢᠭ ᠢᠷᠡᠪᠡᠯ ᠪᠢᠳᠡ ᠴᠤᠬᠢᠵᠤ ᠪᠤᠯᠬᠤ ᠦᠭᠡᠢ︕︾ ᠬᠡᠮᠡᠨ ᠶᠠᠷᠢᠯᠴᠠᠵᠤ ᠪᠠᠶᠢᠵᠠᠢ᠃ | ᠨᠢᠭᠡᠨ ᠡᠳᠤᠷ ᠤᠨ ᠤᠷᠤᠢ᠂ ᠪᠢ ᠬᠠᠮᠳᠤ ᠰᠤᠷᠤᠯᠭᠠᠳᠠᠨ ᠠᠷᠪᠢᠵᠢᠬᠤ ᠳᠤ᠄ ︽ ᠬᠡᠷᠪᠡ ᠴᠤᠬᠢᠯᠳᠤᠪᠠᠯ᠂ ᠪᠢᠳᠡ | ᠬᠡᠷᠬᠢᠬᠦ ᠪᠤᠢ︖ ᠶᠠᠫᠤᠨ ᠢ ᠲᠠᠭᠠᠵᠤ ᠶᠠᠪᠤᠵᠤ ᠪᠤᠯᠬᠤ ᠦᠭᠡᠢ᠂ ᠲᠤᠬᠢᠶᠠᠯ ᠢ ᠦᠵᠡᠵᠤ ᠭᠠᠷ ᠬᠦᠳᠡᠯᠬᠦ ᠯᠡ ᠪᠤᠯᠵᠠᠢ︾ | ᠭᠡᠪᠡ᠃ | ᠪᠢ ᠦᠪᠡᠷᠳᠡᠭᠡᠨ ᠬᠠᠷᠢᠭᠤᠯᠳᠠ ᠦᠭᠴᠤ ᠪᠠᠶᠢᠬᠤ ᠮᠡᠳᠤ ᠪᠠᠰᠠ ᠠᠰᠠᠭᠤᠵᠤ ᠪᠠᠶᠢᠬᠤ ᠰᠢᠭ᠋ ᠢᠶᠠᠷ᠄ ︽ ᠵᠦᠪᠯᠡᠯᠳᠤ | ᠶᠢᠨ ᠤᠯᠠᠭᠠᠨ ᠴᠡᠷᠢᠭ ᠢᠷᠡᠪᠡᠯ ᠤᠭᠳᠤᠵᠤ ᠴᠢᠳᠠᠬᠤ ᠦᠭᠡᠢ᠂ ᠶᠠᠫᠤᠨ ᠤ ᠭᠤᠸᠠᠨᠳᠦ᠋ᠩ ᠤᠨ ᠴᠡᠷᠢᠭ ᠡᠮᠤᠨ᠎ᠡ | ᠲᠤᠯᠤᠯᠳᠤᠵᠤ ᠪᠠᠶᠢᠨ᠎ᠠ ᠰᠢᠤ︖︾᠂ ︽ ᠪᠢᠳᠡ ᠤᠷᠢᠳᠠᠪᠡᠷ ᠲᠤᠳᠤᠭᠠᠳᠤ ᠠᠴᠠ ᠪᠠᠨ ᠡᠬᠢᠯᠡᠵᠤ ᠭᠠᠷ ᠬᠦᠳᠡᠯᠤᠨ᠂ | ᠲᠠᠷᠤᠢ ᠠᠯᠠᠶ᠎ᠠ︕︾ ᠬᠡᠮᠡᠨ ᠪᠢᠳᠡ ᠬᠤᠶᠠᠷ ᠲᠠᠭᠤᠨ ᠨᠢᠭᠡᠳᠤᠨ ᠬᠡᠯᠡᠪᠡ᠃ | ᠪᠢᠳᠡ ᠬᠤᠶᠠᠷ ᠶᠠᠭ ᠰᠡᠳᠭᠢᠯ ᠲᠦᠪᠯᠡᠷᠡᠨ ᠶᠠᠷᠢᠯᠴᠠᠵᠤ ᠪᠠᠶᠢᠬᠤ ᠦᠶᠡᠰ᠂ ᠵᠢᠵᠢᠬᠦᠷᠯᠡᠵᠤ ᠪᠠᠶᠢᠭᠰᠠᠨ ᠲᠤᠭᠤᠷᠢᠭ ᠤᠨ | ᠲᠠᠷᠤᠭ᠎ᠠ ᠳ᠋ᠧ ᠪᠤᠤ ᠪᠤᠯᠵᠤ ᠰᠤᠨᠤᠰᠪᠠ᠃ ᠡᠨᠡᠬᠦ ᠵᠦᠩᠸᠧᠢ ᠴᠡᠷᠢᠭ ᠤᠨ ᠨᠤᠶᠠᠨ ᠪᠤᠯ ᠶᠠᠪᠠᠭᠠᠨ ᠴᠡᠷᠢᠭ ᠤᠨ ᠬᠢᠩᠭᠠᠨ | ᠰᠤᠷᠭᠠᠭᠤᠯᠢ ᠠᠴᠠ ᠲᠡᠭᠦᠰᠦᠭᠰᠡᠨ ᠰᠢᠯᠢᠳᠡᠭ ᠰᠤᠷᠤᠭᠴᠢ ᠮᠦᠨ᠂ ᠶᠠᠫᠤᠨ ᠤ ᠴᠡᠷᠢᠭ ᠤᠨ ᠲᠠᠷᠤᠭ᠎ᠠ ᠶᠢᠨ ᠰᠤᠷᠭᠠᠭᠤᠯᠢ ᠳᠤ | ᠰᠤᠷᠤᠯᠴᠠᠵᠤ ᠦᠩᠭᠡᠷᠡᠵᠠᠢ᠃ ᠭᠡᠪᠡᠴᠤ ᠲᠡᠷᠡ ᠨᠢ ᠮᠠᠰᠢ ᠠᠷᠪᠢᠨ ᠲᠤᠮᠳᠠᠳᠤ ᠶᠢᠨ ᠦᠨᠳᠤᠰᠤᠳᠡᠨ ᠤ ᠬᠦᠨᠳᠤᠭᠡᠯ ᠲᠠᠢ | ᠴᠡᠷᠢᠭ ᠤᠨ ᠲᠠᠷᠤᠭ᠎ᠠ ᠲᠠᠢ ᠠᠳᠠᠯᠢ᠂ ᠶᠠᠫᠤᠨ ᠡᠵᠡᠷᠬᠡᠭ ᠲᠦᠷᠢᠮᠡᠭᠡᠶᠢᠳᠡᠨ ᠢ ᠡᠷᠡᠰ ᠡᠰᠡᠷᠭᠦᠴᠡᠳᠡᠭ᠂ ᠤᠷᠬᠢᠯᠤᠮ᠎ᠠ | ᠬᠠᠯᠠᠭᠤᠨ ᠦᠨᠳᠤᠰᠤᠳᠡᠨ ᠤ ᠰᠡᠳᠭᠢᠯᠭᠡ ᠲᠠᠢ ᠠᠵᠢ᠃ ᠲᠡᠷᠡ ᠮᠤᠩᠭᠤᠯ ᠰᠤᠷᠤᠭᠴᠢ ᠶᠢ ᠶᠡᠷᠤ ᠠᠴᠠ ᠬᠠᠷᠠᠭᠠᠯᠵᠠᠳᠠᠭ᠂ | ᠲᠡᠭᠦᠨ ᠤ ᠦᠵᠡᠯ ᠰᠠᠨᠠᠭ᠎ᠠ᠂ ᠵᠤᠭᠰᠤᠯᠳᠠ ᠶᠢ ᠪᠢᠳᠡ ᠨᠡᠯᠢᠶᠡᠳ ᠲᠤᠳᠤᠷᠬᠠᠢ ᠮᠡᠳᠡᠨ᠎ᠡ᠃ ᠲᠡᠷᠡ ᠮᠠᠨ ᠤ ᠶᠠᠷᠢᠯᠴᠠᠭᠠᠨ ᠢ | ᠰᠤᠨᠤᠰᠤᠭᠰᠠᠨ ᠤ ᠲᠠᠷᠠᠭ᠎ᠠ ᠪᠢᠳᠡᠨ ᠠᠴᠠ ᠄ ︽ ᠲᠠᠨᠤᠰ ᠶᠠᠭᠤ ᠬᠡᠯᠡᠵᠤ ᠪᠠᠶᠢᠬᠤ ᠪᠤᠢ︖︾ ᠭᠡᠵᠤ ᠠᠰᠠᠭᠤᠵᠠᠢ᠂ ᠪᠢᠳᠡ | ᠦᠨᠡᠨ ᠦᠭᠡ ᠪᠠᠨ ᠬᠡᠯᠡᠵᠤ ᠦᠭᠪᠡ᠃ ᠲᠡᠭᠡᠭᠡᠳ᠄ ︽ ᠪᠢᠳᠡ ᠵᠠᠪᠰᠢᠶᠠᠨ ᠲᠠᠯᠢᠮᠳᠠᠭᠤᠯᠤᠨ ᠶᠠᠫᠤᠨ ᠬᠦᠮᠤᠨ ᠪᠠ ᠲᠡᠳᠡᠨ ᠢ | ᠲᠠᠭᠠᠵᠤ ᠮᠠᠭᠤ ᠬᠡᠷᠡᠭ ᠬᠢᠵᠤ ᠪᠠᠶᠢᠬᠤ ᠬᠦᠮᠤᠨ ᠢ ᠠᠯᠠᠠᠬᠤ ᠰᠠᠨᠠᠭ᠎ᠠ ᠲᠠᠢ᠃ ᠵᠢᠱᠢᠶᠡᠯᠡᠪᠡᠯ ᠴᠡᠷᠢᠭ ᠤᠨ ᠲᠠᠷᠤᠭ᠎ᠠ ᠳ᠋ᠦᠨ᠋ᠸᠢ | ᠮᠡᠳᠤ ᠬᠦᠮᠤᠰ︾ ᠭᠡᠵᠤ ᠬᠡᠯᠡᠪᠡ᠃ ᠳ᠋ᠧ ᠪᠤᠤ ᠪᠢᠳᠡᠨ ᠤ ᠢᠩᠬᠢᠵᠤ ᠬᠡᠯᠡᠬᠦ ᠶᠢ ᠰᠤᠨᠤᠰᠤᠭᠠᠳ ᠪᠢᠳᠡᠨ ᠳᠤ᠄ ︽ ᠶᠠᠫᠤᠨ | ᠬᠦᠮᠤᠨ ᠳᠤ ᠢᠩᠬᠢᠵᠤ ᠪᠤᠯᠤᠨ᠎ᠠ᠂ ᠭᠡᠪᠡᠴᠤ ᠮᠤᠩᠭᠤᠯ ᠬᠦᠮᠤᠨ ᠢᠶᠠᠨ ᠬᠠᠷᠢᠯᠴᠠᠨ ᠠᠯᠠᠭᠠᠳ ᠪᠤᠯᠬᠤ ᠦᠭᠡᠢ︕ ︾ | ᠭᠡᠵᠠᠢ᠃ | ᠪᠢᠳᠡ ᠲᠡᠭᠦᠨ ᠳᠤ᠄ ︽ ᠲᠠ ᠪᠤᠯ ᠮᠠᠨ ᠤ ᠰᠠᠶᠢᠨ ᠪᠠᠭᠰᠢ᠂ ᠲᠠ ᠶᠠᠭᠠᠬᠢᠭᠰᠠᠨ ᠴᠤ ᠡᠳᠡᠭᠡᠷ ᠦᠭᠡ ᠶᠢ ᠭᠠᠳᠠᠭᠰᠢ | ᠵᠠᠳᠠᠷᠠᠭᠤᠯᠵᠤ ᠪᠤᠯᠬᠤ ᠦᠭᠡᠢ᠂ ᠭᠠᠳᠠᠭᠰᠢ ᠵᠠᠳᠠᠷᠠᠭᠰᠠᠭᠠᠷ ᠴᠢ ᠪᠢᠳᠡᠨ ᠤ ᠲᠤᠯᠤᠭᠠᠢ ᠴᠦᠮ ᠤᠨᠠᠬᠤ ᠪᠤᠯᠤᠨ᠎ᠠ︕ ︾ | ︽ ᠲᠠᠨᠤᠰ ᠨᠠᠳᠠ ᠶᠢ ᠪᠠᠰᠠ ᠢᠳᠡᠭᠡᠬᠦ ᠦᠭᠡᠢ ᠤᠤ︕ ᠮᠡᠳᠡᠭᠳᠡᠬᠦ ᠠᠴᠠ ᠪᠠᠨ ᠰᠡᠷᠭᠡᠶᠢᠯᠡᠬᠦ ᠬᠡᠷᠡᠭᠳᠡᠢ︾᠃ | ᠬᠤᠶᠠᠳᠤᠭᠠᠷ ᠡᠳᠤᠷ ᠨᠢ᠂ ᠪᠢᠳᠡ ᠲᠡᠭᠦᠨ ᠢ ᠠᠩᠬᠠᠷᠴᠤ ᠮᠠᠨ ᠤ ᠦᠭᠡ ᠶᠢ ᠭᠠᠳᠠᠭᠰᠢ ᠵᠠᠳᠠᠷᠠᠭᠤᠯᠤᠭᠰᠠᠨ ᠡᠰᠡᠬᠦ ᠶᠢ | ᠠᠵᠢᠭᠯᠠᠨ ᠪᠠᠶᠢᠴᠠᠭᠠᠪᠠ᠂ ᠰᠡᠬᠦᠯ ᠳᠤᠨᠢ ᠲᠡᠭᠦᠨ ᠤ ᠢᠩᠬᠢᠵᠤ ᠬᠢᠭᠰᠡᠨ ᠦᠭᠡᠢ ᠶᠢ ᠬᠡᠷᠡᠴᠢᠯᠡᠪᠡ᠂ ᠰᠠᠶᠢᠨ ᠬᠦᠮᠤᠨ ᠠᠵᠢ᠃ | | ᠲᠡᠷᠡ ᠦᠶᠡᠰ᠂ ᠰᠤᠷᠭᠠᠭᠤᠯᠢ ᠨᠢᠭᠡᠨᠳᠡ ᠬᠢᠴᠢᠶᠡᠯ ᠵᠤᠭᠰᠤᠪᠠ᠂ ᠲᠡᠯᠪᠡᠴᠢᠬᠦ ᠠᠴᠠ ᠰᠡᠷᠭᠡᠶᠢᠯᠡᠬᠦ ᠶᠢᠨ ᠲᠦᠯᠦᠭᠡ᠂ | ᠠᠭᠠᠷ ᠠᠴᠠ ᠰᠡᠷᠭᠡᠶᠢᠯᠡᠬᠦ ᠨᠦᠬᠡ ᠠᠷᠪᠢᠨ ᠤᠬᠤᠵᠠᠢ᠃ ᠫᠤᠤ ᠰᠤᠮᠤ ᠬᠠᠳᠠᠭᠠᠯᠠᠵᠤ ᠪᠠᠶᠢᠬᠤ ᠬᠦᠮᠤᠷᠭᠡ ᠶᠢ ᠴᠤ ᠨᠡᠭᠡᠭᠡᠵᠤ᠂ | ᠫᠤᠤ ᠶᠢ ᠴᠦᠮ ᠭᠠᠷᠭᠠᠵᠤ᠂ ᠲᠠᠩᠰᠠ ᠡᠪᠬᠡᠮᠡᠯ ᠢ ᠰᠢᠳᠠᠭᠠᠵᠤ ᠮᠠᠲ᠋ᠧᠷᠢᠶᠠᠯ ᠢᠶᠠᠨ ᠪᠤᠯᠠᠵᠤ᠂ ᠡᠳᠤᠷ ᠪᠦᠷᠢ ᠡᠷᠤᠢ ᠬᠤᠷᠤᠢ | ᠦᠭᠡᠢ᠃ ᠪᠢᠴᠢᠭ ᠤᠨ ᠲᠦᠰᠢᠮᠡᠯ ᠪᠠ ᠵᠠᠷᠢᠮ ᠴᠡᠷᠢᠭ ᠤᠨ ᠲᠦᠰᠢᠮᠡᠯ ᠨᠢᠭᠡᠨᠳᠡ ᠤᠬᠤᠷᠢᠨ ᠶᠠᠪᠤᠵᠠᠢ᠃ 8 ᠰᠠᠷ᠎ᠠ ᠶᠢᠨ 9 | ᠤ ᠤᠷᠤᠢ᠂ ︽ ᠰᠤᠷᠭᠠᠭᠤᠯᠢ ᠸᠠᠩ ᠤᠨ ᠰᠦᠮ᠎ᠡ ᠠᠴᠠ ᠤᠬᠤᠷᠢᠨ ᠭᠠᠷᠤᠨ᠎ᠠ︾ ᠭᠡᠰᠡᠨ ᠮᠡᠳᠡᠭᠳᠡᠯ ᠬᠤᠷᠢᠶᠠᠪᠠ᠃ | ᠴᠤᠬᠤᠮ ᠬᠠᠮᠢᠭᠠᠰᠢ ᠤᠴᠢᠬᠤ ᠶᠢ ᠰᠤᠷᠭᠠᠭᠤᠯᠢ ᠬᠡᠯᠡᠵᠤ ᠦᠭᠬᠦ ᠦᠭᠡᠢ᠂ ᠪᠦᠬᠦᠳᠡᠭᠡᠷ ᠤᠨ ᠵᠠᠳᠠᠯᠤᠭᠰᠠᠨ ᠢᠶᠠᠷ ᠨᠢᠭᠡ ᠳᠤ | ᠠᠭᠤᠯᠠᠨ ᠳᠤ ᠤᠷᠤᠵᠤ ᠫᠠᠷᠲ᠋ᠢᠽᠠᠨ ᠲᠠᠶᠢᠨ ᠬᠢᠨ᠎ᠡ︔ ᠬᠤᠶᠠᠷ ᠲᠤ ᠪᠢᠳᠡᠨ ᠢ ᠲᠦᠩᠯᠢᠶᠤᠤ ᠳᠤ ᠠᠪᠠᠴᠢᠨ᠎ᠠ︔ ᠪᠠᠰᠠ | ᠲᠠᠶᠢᠨ ᠬᠢᠬᠦ ᠴᠤ ᠪᠤᠯᠤᠯᠴᠠᠭ᠎ᠠ ᠲᠠᠢ᠃ ᠠᠯᠢ ᠨᠢᠭᠡᠨ ᠪᠤᠯᠤᠯᠴᠠᠭ᠎ᠠ ᠭᠡᠰᠡᠨ ᠦᠭᠡᠢ᠂ ᠪᠢᠳᠡ ᠴᠦᠮ ᠵᠦᠪᠰᠢᠶᠡᠷᠡᠬᠦ ᠦᠭᠡᠢ᠂ | ᠡᠨᠡ ᠨᠢ ᠶᠠᠷᠢᠶᠠᠨ ᠦᠭᠡᠢ ᠬᠡᠷᠡᠭ ᠪᠢᠯᠡ᠃ | ᠶᠠᠪᠤᠬᠤ ᠬᠢᠷᠢ ᠳᠤ᠂ ᠪᠢᠳᠡ ᠭᠡᠷ ᠢᠶᠠᠨ ᠴᠡᠪᠡᠷᠭᠡᠨ ᠱᠦᠬᠦᠷᠳᠡᠨ ᠠᠷᠢᠯᠭᠠᠵᠤ᠂ ᠬᠢᠴᠢᠶᠡᠯ ᠤᠨ ᠭᠡᠷ ᠤᠨ ᠬᠠᠷ᠎ᠠ | ᠰᠠᠮᠪᠠᠷ᠎ᠠ ᠲᠡᠭᠡᠷ᠎ᠡ ︽ ᠵᠦᠪᠯᠡᠯᠳᠤ ᠶᠢᠨ ᠤᠯᠠᠭᠠᠨ ᠴᠡᠷᠢᠭ ᠢ ᠪᠠᠶᠠᠷᠯᠠᠨ ᠤᠭᠳᠤᠶ᠎ᠠ︕ ︾ ᠭᠡᠵᠤ ᠰᠡᠳᠭᠢᠯ ᠲᠠᠯᠪᠢᠨ | ᠪᠢᠴᠢᠪᠡ᠃ | ᠤᠬᠤᠷᠢᠬᠤ ᠦᠶᠡᠰ᠂ ᠪᠢᠳᠡᠨ ᠤ ᠰᠤᠷᠤᠭᠴᠢ ᠶᠢ ᠠᠳᠠᠯᠢ ᠪᠤᠰᠤ ᠤᠨ ᠢ ᠦᠨᠳᠤᠰᠤᠯᠡᠵᠤ ᠬᠡᠳᠤᠨ ᠪᠦᠯᠦᠭ | ᠬᠤᠪᠢᠶᠠᠪᠠ᠄ ᠪᠠᠭᠠᠴᠤᠳ ᠤᠨ ᠰᠠᠯᠠᠭ᠎ᠠ ᠲᠦᠷᠦᠬᠦᠯᠡᠵᠤ᠂ ᠪᠡᠯᠡᠳᠭᠡᠯ ᠤᠨ ᠰᠠᠯᠠᠭ᠎ᠠ ᠲᠠᠷᠠᠭᠠᠯᠠᠵᠤ᠂ ᠵᠠᠯᠭᠠᠭᠠᠳ ᠪᠢᠳᠡᠨ ᠤ | ᠵᠢᠩᠬᠢᠨᠢ ᠰᠠᠯᠠᠭᠠᠨ ᠤ ᠨᠢᠭᠡᠳᠤᠭᠡᠷ᠂ ᠬᠤᠶᠠᠳᠤᠭᠠᠷ ᠤᠨ ᠤ ᠰᠤᠷᠤᠭᠴᠢ ᠮᠤᠷᠢ ᠤᠨᠤᠵᠤ ᠬᠤᠶᠢᠨ᠎ᠠ ᠠᠴᠠ ᠨᠢ ᠲᠠᠭᠠᠵᠠᠢ᠃ | ᠬᠠᠷᠠᠩᠭᠤᠢ ᠪᠤᠯᠬᠤ ᠳᠤ ᠮᠤᠷᠳᠠᠵᠤ᠂ ᠨᠢᠭᠡ ᠴᠠᠭ ᠠᠯᠤᠰᠯᠠᠪᠠᠯ ᠨᠢᠭᠡ ᠪᠦᠯᠦᠭ ᠨᠢ ᠶᠠᠪᠤᠵᠤ᠂ ᠪᠦᠬᠦᠯᠢ ᠨᠢᠭᠡ ᠰᠦᠨᠢ | ᠶᠠᠪᠤᠭᠠᠳ ᠨᠠᠷᠠ ᠭᠠᠷᠬᠤ ᠦᠶᠡᠰ ᠭᠡᠭᠡᠨᠰᠦ᠋ᠮ᠎ᠠ ᠶᠢᠨ ᠠᠷᠤ ᠠᠭᠤᠯᠠᠨ ᠳᠤ ᠬᠦᠷᠴᠠᠢ᠃ | ᠡᠭᠦᠨ ᠠᠴᠠ ᠡᠮᠤᠨ᠎ᠡ ᠴᠦᠬᠡᠨ ᠲᠤᠭᠠᠨ ᠤ ᠬᠦᠮᠤᠰ ᠶᠠᠫᠤᠨ ᠬᠦᠮᠤᠨ ᠢ ᠠᠯᠠᠬᠤ ᠲᠦᠯᠤᠪᠯᠡᠭᠡ ᠰᠤᠳᠤᠯᠵᠤ᠂ ᠴᠡᠷᠢᠭ | ᠤᠨ ᠲᠠᠷᠤᠭ᠎ᠠ ᠶᠢᠨ ᠲᠤᠳᠤᠷ᠎ᠠ ᠸᠠᠩ ᠬᠠᠢ ᠱᠠᠨ᠂ ᠲᠤᠭᠠᠷᠵᠠᠪ ᠵᠡᠷᠭᠡ ᠪᠤᠢ᠃ ᠲᠠᠯᠳᠠ ᠠᠵᠢᠯᠯᠠᠭ᠎ᠠ ᠶᠢᠨ ᠲᠤᠬᠢᠶ᠎ᠠ | ᠤᠯᠠᠮᠵᠢᠯᠠᠵᠤ᠄ ᠠᠮᠤᠰᠬᠢᠭᠡᠳ ᠪᠤᠰᠬᠤ ᠦᠶᠡᠰ ︽ ᠪᠤᠰᠴᠠᠭ᠎ᠠ︾ ᠭᠡᠵᠤ ᠪᠠᠷᠬᠢᠷᠠᠬᠤ ᠲᠠᠭᠤᠨ ᠢ ᠰᠤᠨᠤᠰᠤᠭᠰᠠᠭᠠᠷ | ᠪᠦᠬᠦᠳᠡᠭᠡᠷ ᠭᠠᠷ ᠬᠦᠳᠡᠯᠤᠨᠡ᠃ ᠪᠦᠬᠦᠳᠡᠭᠡᠷ ᠠᠮᠠᠷᠠᠭᠰᠠᠨ ᠤ ᠰᠡᠬᠦᠯᠡᠷ᠂ ᠬᠦᠮᠤᠨ ᠪᠦᠷᠢ ᠦᠪᠡᠷ ᠤᠨ ᠬᠠᠷᠠᠯᠳᠠ ᠪᠠᠨ | ᠠᠩᠬᠠᠷᠴᠤ᠂ ᠦᠰᠢᠶ᠎ᠡ ᠠᠪᠬᠤ ᠰᠤᠮᠤ ᠪᠠᠨ ᠫᠤᠤ ᠳᠠᠭᠠᠨ ᠲᠠᠭᠠᠷᠠᠭᠤᠯᠪᠠ᠃ ᠠᠩᠬᠠᠷᠴᠤ ᠪᠠᠶᠢᠳᠠᠯ᠎ᠠ ᠭᠡᠨᠡᠳᠳᠡ ︽ | ᠪᠤᠰᠴᠠᠭ᠎ᠠ︾ ᠭᠡᠰᠡᠨ ᠲᠠᠭᠤᠨ ᠭᠠᠷᠬᠤ ᠲᠠᠢ ᠵᠡᠷᠭᠡ ᠠᠯᠢ ᠡᠷᠳᠡ ᠪᠠᠴᠢᠮᠳᠠᠨ ᠬᠦᠯᠢᠶᠡᠵᠤ ᠪᠠᠶᠢᠭᠰᠠᠨ ᠬᠦᠮᠤᠰ ᠶᠠᠫᠤᠨ ᠬᠦᠮᠤᠨ | ᠢ ᠫᠤᠤᠳᠠᠨ ᠠᠯᠠᠵᠠᠢ᠃ ᠲᠡᠭᠦᠨ ᠤ ᠲᠤᠳᠤᠷ᠎ᠠ ᠨᠢᠭᠡᠨ ᠶᠠᠫᠤᠨ ᠴᠡᠷᠢᠭ ᠤᠨ ᠲᠠᠷᠤᠭ᠎ᠠ ᠶᠠᠮᠠᠷ ᠨᠢᠭᠡᠨ ᠰᠡᠷᠡᠯᠳᠡ ᠲᠠᠢ ᠰᠢᠭ᠋ | ᠪᠦᠬᠦᠳᠡᠭᠡᠷ ᠠᠮᠤᠰᠬᠢᠬᠤ ᠦᠶ᠎ᠡ ᠳᠤ᠂ ᠲᠡᠷᠡ ᠪᠢᠳᠡᠨ ᠠᠴᠠ ᠬᠤᠯᠠ ᠵᠠᠢ ᠲᠠᠢ ᠭᠠᠵᠠᠷ ᠡᠷᠬᠢᠯᠳᠤᠵᠤ᠂ ᠪᠢᠳᠡᠨ ᠤ ᠫᠤᠤ | ᠲᠤᠤᠭᠠᠷᠤᠮᠠᠭᠴᠠ ᠭᠤᠳ ᠭᠠᠷᠴᠤ ᠲᠤᠳᠠᠭᠠᠵᠠᠢ᠃ ᠡᠨᠡ ᠦᠶᠡᠰ ᠬᠡᠳᠤᠨ ᠬᠦᠮᠤᠨ ᠬᠠᠮᠳᠤ ᠪᠠᠷ ᠲᠡᠭᠦᠨ ᠢ ᠨᠡᠭᠡᠵᠤ ᠫᠤᠤ | ᠶᠢᠨ ᠰᠤᠮᠤ ᠶᠠᠭᠠᠬᠢᠯ᠎ᠠ ᠭᠡᠳ ᠲᠡᠭᠦᠨ ᠤ ᠭᠦᠶᠤᠬᠦ ᠠᠴᠠ ᠲᠦᠷᠭᠡᠨ ᠲᠤᠯᠠ ᠡᠴᠤᠰ ᠲᠡᠭᠡᠨ ᠲᠦᠪ ᠭᠤᠤᠯᠴᠢ ᠦᠰᠢᠶ᠎ᠡ | ᠠᠪᠬᠤ ᠰᠤᠮᠤᠨ ᠠᠴᠠ ᠵᠠᠶᠢᠯᠠᠵᠤ ᠴᠢᠳᠠᠬᠰᠠᠨ ᠦᠭᠡᠢ᠃ ᠠᠷᠠᠳ ᠲᠦᠮᠡᠨ ᠤ ᠭᠠᠷ ᠲᠠᠬᠢ ᠫᠤᠤ ᠵᠡᠪᠰᠡᠭ ᠡᠴᠤᠰ ᠲᠡᠭᠡᠨ | ᠬᠦᠮᠤᠨ ᠠᠯᠠᠬᠤ ᠶᠠᠷᠢᠭᠠᠴᠢᠨ ᠳᠤ ᠴᠢᠭᠯᠡᠬᠦᠯᠬᠦ ᠶᠤᠮ᠃ | ᠶᠠᠫᠤᠨ ᠴᠡᠷᠢᠭ ᠤᠨ ᠲᠠᠷᠤᠭ᠎ᠠ ᠶᠢ ᠠᠯᠠᠭᠠᠳ᠂ ᠪᠢᠳᠡ ᠴᠡᠷᠢᠭ ᠤᠨ ᠬᠤᠪᠴᠰᠤ ᠶᠢᠨ ᠵᠠᠭᠠᠮ᠎ᠠ ᠶᠢᠨ ᠲᠡᠮᠳᠡᠭ᠂ | ᠮᠠᠯᠠᠭᠠᠢ ᠶᠢᠨ ᠰᠦᠯᠳᠡ ᠪᠠᠨ ᠤᠷᠠᠵᠤ ᠬᠠᠶᠠᠭᠠᠳ᠂ ᠬᠠᠭᠤᠴᠢᠨ ᠶᠤᠰᠤ ᠠᠴᠠ ᠰᠠᠯᠬᠤ ᠪᠠᠨ ᠢᠯᠡᠷᠬᠡᠶᠢᠯᠡᠪᠡ᠃ ᠲᠠᠬᠢᠭᠠᠳ | ᠰᠢᠨ᠎ᠡ ᠪᠠᠷ ᠠᠩᠬᠢ ᠬᠤᠪᠢᠶᠠᠵᠤ᠂ ᠠᠩᠭᠢ ᠪᠠᠷ ᠨᠢᠭᠡᠴᠡ ᠪᠤᠯᠭᠠᠨ ᠶᠠᠪᠤᠪᠠ᠃ ᠮᠠᠨ ᠤ ᠠᠩᠭᠢ ᠨᠢ ᠵᠢᠩᠬᠢᠨᠢ ᠰᠠᠯᠠᠭᠠᠨ ᠤ | ᠨᠢᠭᠡᠳᠤᠭᠡᠷ ᠤᠨ᠂ ᠪᠡᠯᠡᠳᠭᠡᠯ ᠤᠨ ᠰᠠᠯᠠᠭᠠᠨ ᠤ ᠬᠤᠶᠠᠳᠤᠭᠠᠷ ᠤᠨ᠂ ᠨᠢᠭᠡᠳᠤᠭᠡᠷ ᠤᠨ ᠤ ᠬᠡᠰᠡᠭ ᠨᠦᠬᠦᠳ ᠨᠡᠶᠢᠳᠡ | ᠵᠠᠭᠤ ᠭᠠᠷᠤᠢ ᠬᠦᠮᠤᠨ᠂ ᠸᠠᠩ ᠬᠠᠢ ᠱᠠᠨ᠂ ᠨᠠᠳᠨᠠ᠂ ᠪᠤᠶᠠᠨᠳᠤ ᠭᠤᠷᠪᠠᠨ ᠬᠦᠮᠤᠨ ᠬᠠᠷᠢᠭᠤᠴᠠᠵᠤ᠂ ᠰᠤᠷᠤᠭᠴᠢ ᠶᠢᠨ | ᠲᠤᠳᠤᠷ᠎ᠠ ᠠᠴᠠ ᠪᠢ ᠬᠠᠷᠢᠭᠤᠴᠠᠨ᠎ᠠ᠃ ᠪᠢᠳᠡᠨ ᠤᠮᠠᠷᠠᠰᠢᠯᠠᠵᠤ᠂ ᠵᠦᠪᠯᠡᠯᠳᠤ ᠶᠢᠨ ᠤᠯᠠᠭᠠᠨ ᠴᠡᠷᠢᠭ ᠢ ᠤᠭᠳᠤᠬᠤ ᠪᠠᠷ | ᠲᠤᠭᠳᠠᠪᠠ᠃ ︵ᠦᠷᠬᠦᠯᠵᠢᠯᠡᠯ ᠪᠤᠢ ︶ | | |