| ᠹᠠᠩ ᡁᠢ ᠳ᠋ᠠ | 1946 ᠤᠨ ᠤ ᠡᠬᠢᠨ ᠠᠴᠠ 1949 ᠤᠨ ᠤ ᠨᠠᠮᠤᠷ ᠬᠦᠷᠳᠡᠯ᠎ᠠ᠂ ᠪᠢ ᠦᠪᠤᠷ ᠮᠤᠩᠭᠤᠯ ᠤᠨ ᠵᠡᠭᠦᠨ ᠬᠡᠰᠡᠭ ᠤᠨ | ᠭᠠᠵᠠᠷ ᠤᠷᠤᠨ ᠢᠶᠠᠷ ᠠᠵᠢᠯᠯᠠᠵᠤ ᠪᠠᠶᠢᠪᠠ᠃ ᠦᠨᠤ ᠡᠨᠡ ᠬᠤᠭᠤᠴᠠᠭᠠᠨ ᠤ ᠠᠵᠢᠯ ᠤᠨ ᠦᠩᠭᠡᠷᠡᠯᠳᠡ ᠪᠠᠨ ᠡᠷᠬᠢᠴᠡᠬᠦᠯᠵᠤ | ᠴᠢᠳᠠᠬᠤ ᠶᠢᠨ ᠬᠡᠪᠴᠢᠶ᠎ᠡ ᠪᠠᠷ ᠮᠠᠲ᠋ᠧᠷᠢᠶᠠᠯ ᠪᠤᠯᠭᠠᠨ ᠪᠢᠴᠢᠵᠤ᠂ ᠦᠪᠤᠷ ᠮᠤᠩᠭᠤᠯ ᠤᠨ ᠬᠤᠪᠢᠰᠬᠠᠯ ᠤᠨ ᠲᠡᠤᠭᠡ ᠶᠢ | ᠬᠠᠯᠠᠭᠤᠨ ᠢᠶᠠᠷ ᠰᠤᠳᠤᠯᠵᠤ ᠪᠠᠶᠢᠭ᠎ᠠ ᠨᠦᠬᠦᠳ ᠲᠤ ᠵᠢᠭᠠᠬᠠᠨ ᠯᠠᠪᠯᠠᠯᠳᠠ ᠪᠤᠯᠭᠠᠶ᠎ᠠ᠃ ᠲᠦᠴᠢᠨ ᠵᠢᠯ ᠤᠨ ᠡᠮᠤᠨᠡᠬᠢ ᠤᠴᠢᠷ | ᠪᠤᠯᠬᠤᠷ ᠵᠠᠷᠢᠮ ᠨᠠᠷᠢᠨ ᠤᠶᠢᠯᠡ ᠶᠠᠪᠤᠳᠠᠯ ᠤᠨ ᠬᠡᠯᠡᠯᠭᠡ ᠴᠦᠮ ᠨᠢᠭᠡᠳᠤᠯ ᠲᠠᠢ ᠪᠢᠰᠢ᠃ ᠬᠡᠳᠤᠶᠢᠪᠡᠷ ᠴᠢᠳᠠᠬᠤ ᠶᠢᠨ | ᠲᠤᠳᠤᠷ᠎ᠠ ᠲᠤᠬᠠᠢ ᠶᠢᠨ ᠲᠡᠤᠭᠡ ᠶᠢᠨ ᠪᠤᠳᠠᠳᠤ ᠪᠠᠶᠢᠳᠠᠯ ᠲᠠᠢ ᠨᠡᠶᠢᠴᠡᠬᠦᠯᠬᠦ ᠪᠠᠷ ᠴᠢᠷᠮᠠᠶᠢᠭᠰᠠᠨ ᠪᠤᠯᠪᠠᠴᠤ ᠭᠡᠭᠡᠵᠤ | ᠤᠷᠬᠢᠭᠳᠠᠭᠤᠯᠤᠭᠰᠠᠨ ᠪᠤᠶᠤ ᠡ᠊ᠨᠳᠡᠬᠦᠤ ᠪᠤᠷᠤᠭᠤ ᠪᠠᠶᠢᠬᠤ ᠨᠢ ᠵᠠᠶᠢᠯᠠᠰᠢ ᠦᠭᠡᠢ ᠶᠤᠮ᠂ ᠡᠶᠢᠮᠤ ᠠᠴᠠ ᠨᠦᠬᠦᠳ ᠢ ᠬᠦᠰᠡᠬᠦ | ᠨᠢ ᠢᠯᠡᠬᠦᠬᠡᠨ ᠵᠠᠯᠠᠷᠠᠭᠤᠯᠵᠤ ᠦᠭᠬᠦ ᠪᠤᠯᠪᠠᠤ᠃ | ᠨᠢᠭᠡ | ᠲᠡᠯᠡᠬᠡᠢ ᠶᠢᠨ ᠬᠤᠶᠠᠳᠤᠭᠠᠷ ᠶᠡᠭᠡ ᠲᠠᠶᠢᠨ ᠹᠠᠱᠢᠰ ᠢ ᠡᠰᠡᠷᠬᠦᠴᠡᠬᠦ ᠲᠠᠶᠢᠨ ᠤ ᠰᠡᠭᠦᠯᠴᠢ ᠪᠠᠷ ᠰᠲ᠋ᠠᠯᠢᠨ ᠤ | ᠤᠳᠤᠷᠢᠳᠤᠭᠰᠠᠨ ᠵᠦᠪᠯᠡᠯᠳᠤ ᠶᠢᠨ ᠤᠯᠠᠭᠠᠨ ᠴᠡᠷᠢᠭ ᠾᠢᠲᠯᠧᠷ ᠢ ᠤᠰᠠᠳᠬᠠᠭᠰᠠᠨ ᠤ ᠲᠠᠷᠠᠭ᠎ᠠ᠂ ᠵᠠᠭᠤᠨ ᠲᠦᠮᠡᠨ ᠦᠷᠯᠦᠭ | ᠪᠠᠭᠠᠳᠤᠷ᠂ ᠵᠠᠪᠰᠡᠭ ᠲᠠᠯ᠎ᠠᠶᠢᠨ ᠵᠡᠭᠦᠨᠰᠢ ᠲᠠᠭᠠᠷᠢᠨ᠂ ᠮᠠᠨ ᠤ ᠤᠯᠤᠰ ᠤᠨ ᠵᠡᠭᠦᠨ ᠬᠤᠶᠢᠳᠤ ᠤᠷᠤᠨ ᠳᠤ ᠤᠷᠤᠵᠤ᠂ ᠶᠠᠫᠤᠨ | ᠡᠵᠡᠷᠭᠡᠭ ᠲᠦᠷᠢᠮᠡᠭᠡᠶᠢᠳᠡᠨ ᠢ ᠪᠤᠳᠠ ᠨᠢᠷᠭᠡᠵᠤ᠂1945 ᠤᠨ ᠤ 8 ᠰᠠᠷ᠎ᠠ ᠶᠢᠨ 15 ᠤ ᠡᠳᠤᠷ᠂ ᠶᠠᠫᠤᠨ ᠵᠠᠰᠠᠭ | ᠨᠦᠬᠦᠴᠡᠯ ᠦᠭᠡᠢ ᠪᠠᠷ ᠪᠠᠭᠤᠵᠤ ᠦᠭᠬᠦᠭᠰᠡᠨ ᠢᠶᠠᠨ ᠲᠤᠩᠬᠠᠭᠯᠠᠵᠤ᠂ ᠬᠠᠭᠤᠷᠮᠠᠭ ︽ᠮᠠᠨᠵᠤ ᠤᠯᠤᠰ︾ ᠲᠤᠶᠢᠯᠪᠤᠷᠢᠳᠠᠢ | ᠨᠤᠷᠠᠪᠠ᠃ ᠡᠨᠡ ᠦᠶᠡᠰ ᠲᠤᠮᠳᠠᠳᠤ ᠤᠯᠤᠰ ᠤᠨ ᠡᠪ ᠬᠠᠮᠳᠤ ᠨᠠᠮ ᠤᠨ ᠤᠳᠤᠷᠢᠳᠤᠭᠰᠠᠨ ᠨᠠᠢᠮᠠᠳᠤᠭᠠᠷ ᠵᠠᠮ ᠤᠨ ᠴᠡᠷᠢᠭ᠂ | ᠰᠢᠨ᠎ᠠ ᠲᠦᠷᠪᠡᠳᠤᠭᠡᠷ ᠠᠷᠮᠠᠢ ᠵᠢᠴᠢ ᠶᠠᠫᠤᠨ ᠢ ᠡᠰᠡᠷᠭᠦᠴᠡᠬᠦ ᠪᠤᠰᠳ ᠴᠡᠷᠢᠭ ᠠᠩᠭᠢ᠂ ᠶᠠᠫᠤᠨ ᠢ ᠡᠰᠡᠷᠬᠦᠴᠡᠬᠦ ᠲᠠᠶᠢᠨ ᠤ | ᠨᠠᠢᠮᠠᠨ ᠵᠢᠯ ᠤᠨ ᠲᠡᠮᠡᠴᠡᠯ ᠢ ᠦᠩᠭᠡᠷᠡᠭᠡᠵᠤ᠂ ᠨᠢᠭᠡᠨᠳᠡ ᠰᠦᠷ ᠬᠦᠴᠤᠳᠤ ᠠᠷᠠᠳ ᠤᠨ ᠬᠤᠪᠢᠰᠬᠠᠯᠳᠤ ᠵᠡᠪᠰᠡᠭᠳᠤ ᠬᠦᠴᠤᠨ | ᠪᠤᠯᠵᠤ ᠬᠦᠭᠵᠢᠨ ᠪᠤᠵᠠᠭᠠᠶᠢᠷᠠᠭᠰᠠᠨ ᠪᠠᠶᠢᠨ᠎ᠠ᠃ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶ᠎ᠠ ᠲᠤᠬᠠᠢ | ᠶᠢᠨ ᠦᠶ᠎ᠡ ᠶᠢᠨ ᠤᠯᠤᠰ ᠤᠨ ᠲᠤᠳᠤᠭᠠᠳᠤ ᠭᠠᠳᠠᠭᠠᠳᠤ ᠶᠢᠨ ᠨᠠᠷᠢᠨ ᠪᠤᠳᠤᠯᠢᠶᠠᠨᠳᠠᠢ ᠪᠠᠶᠢᠳᠠᠯ ᠢ ᠦᠨᠳᠤᠰᠤᠯᠡᠵᠤ᠂ ᠵᠢᠶᠠᠩ | ᠵᠢᠶᠧ ᠱᠢ ᠶᠢᠨ ︽ᠠᠭᠤᠯᠠᠨ ᠠᠴᠠ ᠪᠠᠭᠤᠵᠤ ᠲᠤᠭᠤᠷ ᠲᠡᠬᠦᠬᠦ︾ ᠪᠠᠯᠠᠮᠠᠳ ᠰᠠᠨᠠᠭ᠎ᠠ ᠳᠤ ᠴᠢᠭᠯᠡᠬᠦᠯᠵᠤ ︵ᠮᠠᠤ ᠽᠧ ᠳ᠋ᠦᠩ | ᠤᠨ ᠰᠤᠩᠭᠤᠮᠠᠯ ᠵᠤᠬᠢᠶᠠᠯ ᠤᠨ 1070 ᠳ᠋ᠤᠭᠠᠷ ᠨᠢᠭᠤᠷ ᠪᠠ 1074 ᠳ᠋ᠤᠭᠡᠷ ᠨᠢᠭᠤᠷ ᠲᠤ ᠦᠵᠡᠭᠡᠷᠡᠢ︶ ︽ᠤᠮᠠᠷᠠᠰᠢ | ᠬᠦᠭᠵᠢᠬᠦᠯᠵᠤ᠂ ᠡᠮᠦᠨᠡᠳᠡᠬᠢ ᠶᠢ ᠰᠡᠷᠭᠡᠶᠢᠯᠡᠬᠦ︾ ᠠᠭᠤᠤ ᠶᠡᠭᠡ ᠪᠠᠶᠢᠯᠳᠤᠬᠤ ᠪᠤᠳᠤᠯᠭ᠎ᠠ ᠶᠢᠨ ᠴᠢᠭᠯᠡᠯᠳᠡ ᠶᠢ ᠲᠤᠭᠳᠠᠭᠠᠭᠰᠠᠨ | ᠪᠠᠶᠢᠨ᠎ᠠ ︵ᠯᠢᠤ ᠱᠤᠤ ᠴᠢ ᠶᠢᠨ ᠰᠤᠩᠭᠤᠮᠠᠯ ᠵᠤᠬᠢᠶᠠᠯ ᠤᠨ 372 ᠳ᠋ᠤᠭᠠᠷ ᠨᠢᠭᠤᠷ ᠲᠤ ᠦᠵᠡᠭᠡᠷᠡᠢ︶᠃ ᠠᠷᠪᠠᠨ ᠰᠠᠷ᠎ᠠ | ᠶᠢᠨ ᠡᠬᠢᠨ ᠢᠶᠠᠷ ᠰᠢᠨ᠎ᠡ ᠲᠦᠷᠪᠡᠳᠤᠭᠡᠷ ᠠᠷᠮᠠᠢ ᠶᠢᠨ ᠭᠤᠷᠪᠠᠳᠤᠭᠠᠷ ᠳ᠋ᠢᠸᠢᠽᠢ ᠨᠠᠮ ᠤᠨ ᠲᠦᠪ ᠬᠤᠷᠢᠶᠡᠨ ᠤ ᠵᠠᠷᠯᠢᠭ ︵ᠯᠢᠤ | ᠱᠤᠤ ᠴᠢ ᠶᠢᠨ ᠰᠤᠩᠭᠤᠮᠠᠯ ᠵᠤᠬᠢᠶᠠᠯ ᠤᠨ 372 ᠳ᠋ᠤᠭᠠᠷ ᠨᠢᠭᠤᠷ ᠦᠵᠡᠭᠡᠷᠡᠢ︶ ᠢᠶᠠᠷ᠂ ᠵᠢᠶᠠᠩᠰᠤ ᠮᠤᠵᠢ ᠶᠢᠨ ᠤᠮᠠᠷᠠᠳᠤ | ᠬᠡᠰᠡᠭ ᠤᠨ ᠶᠠᠫᠤᠨ ᠢ ᠡᠰᠡᠷᠭᠦᠴᠡᠬᠦ ᠰᠠᠭᠤᠷᠢᠨ ᠭᠠᠵᠠᠷ ᠠᠴᠠ ᠮᠤᠷᠳᠠᠵᠤ᠂ ᠳ᠋ᠢᠸᠢᠽᠢ ᠶᠢᠨ ᠲᠠᠷᠤᠭ᠎ᠠ ᠵᠢᠴᠢ ᠤᠯᠤᠰ ᠲᠦᠷᠤ | ᠶᠢᠨ ᠭᠡᠰᠢᠬᠦᠨ ᠢᠶᠠᠷ ᠬᠠᠪᠰᠤᠷᠭᠠᠭᠰᠠᠨ ᠬᠤᠸᠠᠩ ᠺᠧ ᠴᠧᠩ ᠨᠦᠬᠦᠷ ᠲᠦᠷᠪᠡᠨ ᠯᠢᠤᠢ ᠴᠡᠷᠢᠭ ᠪᠠᠰᠠ ᠲᠦᠷᠪᠡᠨ ᠲᠤᠰᠠᠭᠠᠷ | ᠬᠤᠷᠢᠶ᠎ᠠ ︵ᠭᠤᠤᠯ ᠬᠦᠴᠤᠨ︶ ᠵᠢᠴᠢ ᠪᠤᠰᠤᠳ ᠪᠠᠶᠢᠯᠳᠤᠭᠠᠨ ᠤ ᠨᠢᠭᠡᠴᠡ ᠪᠠ ᠵᠡᠪᠰᠡᠭᠳᠤ ᠬᠦᠴᠤᠨ ᠪᠤᠰᠤ ᠬᠦᠮᠤᠰ ᠨᠡᠶᠢᠳᠡ | ᠲᠤᠯᠤᠭ᠎ᠠ᠂ ᠨᠠᠢᠮᠠᠨ ᠲᠦᠮᠡᠨ ᠬᠦᠮᠤᠨ ᠢ ᠲᠠᠶᠢᠴᠢᠯᠠᠵᠤ ᠬᠠᠭᠤᠷᠠᠢ ᠵᠠᠮ ᠢᠶᠠᠷ ᠵᠡᠬᠦᠨ ᠬᠤᠶᠢᠳᠤ ᠤᠷᠤᠨ ᠵᠦᠭ ᠲᠦᠷᠭᠡᠯᠡᠨ | ᠤᠷᠤᠭᠰᠢᠯᠠᠵᠠᠢ᠃ ᠳ᠋ᠢᠸᠢᠽᠢ ᠶᠢᠨ ᠵᠠᠬᠢᠷᠭ᠎ᠠ 12 ᠰᠠᠷ᠎ᠠ ᠶᠢᠨ ᠡᠬᠢᠨ ᠢᠶᠠᠷ ᠹᠦᠰᠢᠨ ᠳᠤ ᠬᠦᠷᠪᠡ᠃ 1946 ᠤᠨ ᠤ | ᠨᠢᠭᠡᠳᠤᠭᠡᠷ ᠰᠠᠷ᠎ᠠ ᠶᠢᠨ ᠡᠬᠢᠨ ᠳᠤ᠂ ︽ᠭᠤᠮᠢᠨᠳᠠᠩ︾ ᠤᠨ ︵ᠦᠨᠡᠨ ᠳᠡᠭᠡᠨ ᠲᠠᠶᠢᠰᠤᠨ ᠤ ᠦᠯᠡᠳᠡᠭᠳᠡᠯ ᠪᠠ ᠹᠸᠤᠳᠠᠯ ᠤᠨ | ᠬᠦᠴᠤᠨ ᠤ ᠰᠦᠯᠪᠡᠭᠡᠯᠳᠦᠭᠰᠡᠨ ᠲᠡᠭᠡᠷᠡᠮ︶ ᠡᠵᠡᠯᠡᠵᠤ ᠪᠠᠶᠢᠭᠰᠠᠨ ᠦᠪᠤᠷ ᠮᠤᠩᠭᠤᠯ ᠤᠨ ᠵᠡᠭᠦᠨ ᠬᠡᠰᠡᠭ ᠤᠨ ᠲᠦᠩᠯᠢᠶᠤᠤ | ᠰᠢᠶᠠᠨ ᠢ ᠲᠠᠭᠠᠷᠢᠨ ᠡᠵᠡᠯᠡᠭᠰᠡᠨ ᠤ ᠰᠡᠬᠦᠯᠡᠷ᠂ ᠳ᠋ᠢᠸᠢᠽᠢ ᠶᠢᠨ ᠵᠠᠬᠢᠷᠭ᠎ᠠ ᠲᠦᠩᠯᠢᠶᠤᠤ ᠳᠤ ᠤᠷᠤᠵᠤ ᠰᠠᠭᠤᠪᠠ᠃ ᠮᠤᠩᠭᠤᠯ | ᠤᠯᠠᠨ ᠲᠦᠮᠡᠨ ᠤ ᠠᠵᠢᠯ ᠢ ᠬᠢᠬᠦ ᠶᠢᠨ ᠲᠦᠯᠦᠭᠡ᠂ ᠳ᠋ᠢᠸᠢᠽᠢ ᠶᠢᠨ ᠨᠠᠮ ᠤᠨ ᠬᠤᠷᠢᠶ᠎ᠠ ᠮᠤᠩᠭᠤᠯ ᠤᠨ ᠠᠵᠢᠯᠯᠠᠬᠤ ᠺᠤᠮᠢᠰ | ᠪᠠᠶᠢᠭᠤᠯᠬᠤ ᠪᠠᠷ ᠲᠤᠭᠳᠠᠵᠤ᠂ ᠹᠠᠩ ᡁᠢ ᠳ᠋ᠠ ᠪᠠᠷ ᠱᠦᠵᠢ ᠪᠤᠯᠭᠠᠵᠤ᠂ ᠬᠤᠩ ᠰᠢᠤᠸᠠᠢ ᡁᠢ ︵ᠲᠡᠳ᠋ ᠳ᠋ᠢᠸᠢᠽᠢ ᠶᠢᠨ | ᠲᠠᠷᠤᠭ᠎ᠠ ᠵᠢᠴᠢ ᠵᠦᠪᠯᠡᠭᠴᠢ ᠶᠢᠨ ᠲᠠᠷᠤᠭ᠎ᠠ ᠪᠠᠷ ᠬᠠᠪᠰᠤᠷᠭᠠᠭᠰᠠᠨ︶ ᠢᠤᠢ ᠫᠢᠩ ︵ᠲᠦᠩ ᠯᠤ᠋ ᠶᠢᠨ ᠠᠵᠢᠯᠯᠠᠬᠤ ᠺᠤᠮᠢᠰ | ᠤᠨ ᠱᠦᠵᠢ︶᠂ ᠰᠦᠩ ᠨᠠᠢ ᠳ᠋ᠧ ︵ᠳ᠋ᠢᠸᠢᠽᠢ ᠶᠢᠨ ᠡᠳ᠋ ᠤᠨ ᠵᠦᠪᠯᠡᠯ ᠤᠨ ᠲᠡᠳ᠋ ᠡᠷᠬᠢᠯᠡᠭᠴᠢ ᠵᠢᠴᠢ ᠲᠦᠩᠯᠢᠶᠤᠤ ᠰᠢᠶᠠᠨ | ᠤ ᠲᠠᠷᠤᠭ᠎ᠠ ᠪᠠᠷ ᠬᠠᠪᠰᠤᠷᠭᠠᠭᠰᠠᠨ︶ ᠵᠡᠷᠭᠡ ᠨᠦᠬᠦᠳ ᠢᠶᠠᠷ ᠪᠦᠷᠢᠯᠳᠦᠭᠰᠡᠨ ᠪᠠᠶᠢᠨ᠎ᠠ᠃ ᠠᠵᠢᠯᠯᠠᠬᠤ ᠺᠤᠮᠢᠰ ᠨᠢ ᠭᠠᠳᠠᠭᠠᠳᠤ | ᠳᠤ ᠪᠠᠨ ︽ᠮᠤᠩᠭᠤᠯ ᠦᠨᠳᠤᠰᠤᠳᠡᠨ ᠤ ᠨᠦᠬᠦᠷᠯᠡᠯ ᠤᠨ ᠬᠤᠯᠪᠤᠭᠠᠳᠤ ᠬᠡᠯᠳᠡᠰ︾ ᠭᠡᠵᠤ ᠨᠡᠷᠡᠶᠢᠳᠴᠤ᠂ ᠠᠵᠢᠯᠳᠠᠨ ᠨᠢ | ᠵᠢᠶᠠᠩ ᠪᠢ ᠿᠧᠨ᠂ ᠱᠧᠨ ᠴᠠᠩ ᠵᠢᠶᠠᠩ ᠵᠡᠷᠭᠡ ᠪᠠᠶᠢᠨ᠎ᠠ᠃ ᠡᠭᠦᠷᠭᠡ ᠨᠢ ᠨᠠᠮ ᠤᠨ ᠦᠨᠳᠤᠰᠤᠳᠡᠨ ᠤ ᠲᠦᠷᠤ ᠶᠢᠨ | ᠪᠤᠳᠤᠯᠭ᠎ᠠ ᠶᠢ ᠤᠬᠠᠭᠤᠯᠵᠤ᠂ ᠪᠤᠯᠪᠠᠰᠤᠷᠠᠯ ᠤᠨ ᠠᠩᠭᠢ ᠡᠷᠬᠢᠯᠡᠨ᠂ ᠮᠤᠩᠭᠤᠯ ᠵᠠᠯᠠᠭᠤ ᠺᠠᠳ᠋ᠷ ᠢ ᠬᠦᠮᠤᠵᠢᠬᠦᠯᠬᠦ ᠪᠤᠯᠤᠨ᠎ᠠ᠃ | ᠲᠤᠬᠠᠢ ᠶᠢᠨ ᠦᠶ᠎ᠡ ᠳᠤ ᠪᠤᠯᠪᠠᠰᠤᠷᠠᠯ ᠳᠤ ᠤᠷᠤᠯᠴᠠᠭᠰᠠᠨ ᠮᠤᠩᠭᠤᠯ ᠰᠤᠷᠤᠭᠴᠢ ᠡᠷᠳᠡᠨᠢᠰᠠᠩ᠂ ᠵᠸᠤ ᠢᠤᠢ ᡁᠢ ︵ᠡᠮᠡᠭᠳᠡᠢ | ︶᠂ ᠬᠠᠨ ᠿᠤ᠋ ᠵᠢᠶᠦᠤ᠂ ᠲᠡᠯᠭᠡᠷᠵᠠᠪ᠂ ᠲᠡᠮᠦᠷᠪᠠᠭᠠᠨ᠎ᠠ᠂ ᠠᠯᠳᠠᠨᠪᠠᠭᠠᠨ᠎ᠠ᠂ ᠯᠢ ᠰᠢᠶᠤᠤ ᠴᠦᠨ᠂ ᠪᠤᠤ ᠱᠤ᠋ ᠵᠧᠨ ︵ | ᠡᠮᠡᠭᠳᠡᠢ︶ ᠵᠡᠷᠭᠡ ᠬᠤᠷᠢ ᠰᠢᠬᠠᠮ ᠬᠦᠮᠤᠨ ᠪᠠᠶᠢᠪᠠ᠃ | 1946 ᠤᠨ ᠤ ᠨᠢᠭᠡᠳᠤᠭᠡᠷ ᠰᠠᠷ᠎ᠠ ᠳᠤ᠂ ᠳ᠋ᠢᠸᠢᠽᠢ ᠶᠢᠨ ᠵᠠᠬᠢᠷᠭ᠎ᠠ ᠵᠠᠷᠯᠢᠭ ᠢᠶᠠᠷ ᠵᠡᠭᠦᠨᠰᠢ ᠵᠧᠩ ᠵᠢᠶᠠ ᠲᠦᠨ ︵ | ᠦᠨᠤ ᠶᠢᠨ ᠱᠣᠸᠠᠩ ᠯᠢᠶᠤᠤ︶ ᠳᠤ ᠤᠷᠤᠪᠠ᠃ ᠡᠨᠡ ᠦᠶᠡᠰ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ | ᠬᠤᠷᠢᠶᠡᠨ ᠤ ᠪᠠᠷᠠᠭᠤᠨ ᠮᠠᠨᠵᠤ ᠶᠢᠨ ᠬᠤᠪᠢᠶᠠᠷᠢ ᠲᠤᠪᠴᠢᠶ᠎ᠠ ᠨᠢᠭᠡᠨᠳᠡ ᠵᠧᠩ ᠵᠢᠶᠠ ᠲᠦᠨ ᠳᠤ ᠪᠠᠶᠢᠭᠤᠯᠤᠭᠳᠠᠵᠤ᠂ | ᠬᠤᠪᠢᠶᠠᠷᠢ ᠲᠤᠪᠴᠢᠶᠠᠨ ᠤ ᠱᠦᠵᠢ ᠯᠢ ᠹᠦ᠋ ᠴᠦᠨ ᠨᠦᠬᠦᠷ᠂ ᠪᠠᠷᠠᠭᠤᠨ ᠮᠠᠨᠵᠤ ᠶᠢᠨ ᠴᠡᠷᠢᠭ ᠤᠨ ᠲᠤᠭᠤᠷᠢᠭ ᠤᠨ | ᠰᠧᠯᠢᠩᠶᠤᠸᠠᠨ ᠯᠢᠤᠢ ᠵᠧᠩ ᠴᠤᠤ ᠨᠦᠬᠦᠷ᠂ ᠤᠯᠤᠰ ᠲᠦᠷᠤ ᠶᠢᠨ ᠭᠡᠰᠢᠬᠦᠨ ᠢ ᠯᠢ ᠹᠦ᠋ ᠴᠦᠨ ᠨᠦᠬᠦᠷ ᠬᠠᠪᠰᠤᠷᠭᠠᠨ | ᠬᠠᠷᠢᠭᠤᠴᠠᠵᠤ᠂ ᠬᠤᠪᠢᠶᠠᠷᠢ ᠲᠤᠪᠴᠢᠶ᠎ᠠ ᠶᠢᠨ ᠠᠷᠠᠳ ᠤᠨ ᠬᠦᠳᠡᠯᠭᠡᠭᠡᠨ ᠤ ᠬᠡᠯᠳᠡᠰ ᠤᠨ ᠲᠠᠷᠤᠭ᠎ᠠ ᠵᠢᠴᠢ ᠴᠡᠷᠢᠭ ᠤᠨ | ᠲᠤᠭᠤᠷᠢᠭ ᠤᠨ ᠤᠯᠤᠰ ᠲᠦᠷᠤ ᠶᠢᠨ ᠬᠡᠯᠳᠡᠰ ᠤᠨ ᠡᠷᠬᠢᠯᠡᠭᠴᠢ ᠶᠢᠨ ᠲᠤᠰᠢᠶᠠᠯ ᠢ ᠵᠠᠩ ᠫᠢᠩ ᠬᠤᠸᠠ ᠨᠦᠬᠦᠷ | ᠬᠠᠪᠰᠤᠷᠭᠠᠨ ᠬᠠᠷᠢᠭᠤᠴᠠᠭᠰᠠᠨ ᠪᠠᠶᠢᠨ᠎ᠠ᠃ ᠤᠳᠠᠯ ᠦᠭᠡᠢ᠂ ᠬᠤᠸᠠᠩ ᠺᠧ ᠴᠧᠩ ᠨᠦᠬᠦᠷ ᠢ ᠪᠠᠷᠠᠭᠤᠨ ᠮᠠᠨᠵᠤ ᠶᠢᠨ | ᠬᠤᠪᠢᠶᠠᠷᠢ ᠲᠤᠪᠴᠢᠶᠠᠨ ᠤ ᠲᠡᠳ᠋ ᠱᠦᠵᠢ ᠪᠠᠷ ᠲᠤᠮᠢᠯᠠᠵᠤ᠂ ᠰᠡᠬᠦᠯᠡᠷ ᠨᠢ ᠪᠠᠷᠠᠭᠤᠨ ᠮᠠᠨᠵᠤ ᠶᠢᠨ ᠴᠡᠷᠢᠭ ᠤᠨ ᠲᠤᠭᠤᠷᠢᠭ | ᠤᠨ ᠰᠧᠯᠢᠩᠶᠤᠸᠠᠨ ᠤ ᠲᠤᠰᠢᠶᠠᠯ ᠢ ᠬᠠᠪᠰᠤᠷᠭᠠᠨ ᠡᠭᠦᠷᠭᠡᠯᠡᠬᠦᠯᠪᠡ᠃ ᠪᠢ ᠳ᠋ᠢᠸᠢᠽᠢ ᠶᠢᠨ ᠵᠠᠬᠢᠷᠭ᠎ᠠ ᠶᠢ ᠲᠠᠭᠠᠵᠤ ᠵᠧᠩ ᠵᠢᠶᠠ | ᠲᠦᠨ ᠳᠤ ᠬᠦᠷᠦᠭᠰᠡᠨ ᠤ ᠰᠡᠬᠦᠯᠡᠷ᠂ ᠯᠢ ᠹᠦ᠋ ᠴᠦᠨ᠂ ᠬᠤᠸᠠᠩ ᠺᠧ ᠴᠧᠩ ᠨᠦᠬᠦᠷ ᠨᠠᠳᠠ ᠪᠠᠷ ᠮᠤᠩᠭᠤᠯ ᠤᠨ | ᠠᠵᠢᠯᠯᠠᠬᠤ ᠲᠤᠭᠤᠶᠢᠯᠠᠩ ᠤᠨ ᠲᠠᠷᠤᠭ᠎ᠠ ᠶᠢᠨ ᠲᠤᠰᠢᠶᠠᠯ ᠬᠠᠷᠢᠭᠤᠴᠠᠭᠤᠯᠬᠤ ᠪᠠᠷ ᠲᠤᠭᠳᠠᠵᠤ᠂ ᠭᠠᠳᠠᠭᠠᠳᠤ ᠳᠤ ᠪᠠᠨ ︽ | ᠮᠤᠩᠭᠤᠯ ᠦᠨᠳᠤᠰᠤᠳᠡᠨ ᠤ ᠨᠦᠬᠦᠷᠯᠡᠯ ᠤᠨ ᠬᠤᠯᠪᠤᠭᠠᠳᠤ ᠬᠡᠯᠳᠡᠰ︾ ᠭᠡᠵᠤ ᠨᠡᠷᠡᠯᠡᠵᠤ᠂ ᠨᠠᠮᠠᠢᠢ ᠬᠡᠯᠳᠡᠰ ᠤᠨ ᠲᠠᠷᠤᠭ᠎ᠠ | ᠪᠤᠯᠭᠠᠵᠤ᠂ ᠲᠡᠳ᠋ ᠬᠡᠯᠳᠡᠰ ᠤᠨ ᠲᠠᠷᠤᠭ᠎ᠠ ᠨᠢ ᠵᠤᠤ ᠳ᠋ᠠ ᠲᠦᠩ ᠨᠦᠬᠦᠷ᠂ ᠠᠵᠢᠯ ᠤᠨ ᠺᠠᠳ᠋ᠷ ᠨᠢ ᠮᠦᠨ ᠴᠤ ᠵᠢᠶᠠᠩ ᠪᠢ | ᠿᠧᠨ᠂ ᠱᠧᠨ ᠴᠠᠩ ᠵᠢᠶᠠᠩ ᠵᠡᠷᠭᠡ ᠨᠦᠬᠦᠷ ᠪᠤᠯᠤᠨ᠎ᠠ᠃ | ᠨᠢᠭᠡᠳᠤᠭᠡᠷ ᠰᠠᠷ᠎ᠠ ᠶᠢᠨ 25 ᠤ ᠡᠳᠤᠷ᠂ ᠪᠠᠷᠠᠭᠤᠨ ᠮᠠᠨᠵᠤ ᠶᠢᠨ ᠴᠡᠷᠢᠭ ᠤᠨ ᠲᠤᠭᠤᠷᠢᠭ ᠤᠨ ᠰᠧᠯᠢᠩᠶᠤᠸᠠᠨ ᠯᠢᠤᠢ | ᠵᠧᠩ ᠴᠤᠤ᠂ ᠤᠯᠤᠰ ᠲᠦᠷᠤ ᠶᠢᠨ ᠭᠡᠰᠢᠬᠦᠨ ᠯᠢ ᠹᠦ᠋ ᠴᠦᠨ᠂ ᠤᠯᠤᠰ ᠲᠦᠷᠤ ᠶᠢᠨ ᠬᠡᠯᠳᠡᠰ ᠤᠨ ᠡᠷᠬᠢᠯᠡᠭᠴᠢ ᠵᠠᠩ ᠫᠢᠩ | ᠬᠤᠸᠠ ᠨᠦᠬᠦᠷ ᠵᠡᠭᠦᠨ ᠮᠤᠩᠭᠤᠯ ᠤᠨ ᠠᠷᠠᠳ ᠤᠨ ᠦᠪᠡᠷᠳᠡᠭᠡᠨ ᠵᠠᠰᠠᠬᠤ ᠵᠠᠰᠠᠭ ᠤᠨ ᠤᠷᠳᠤᠨ ᠤ ᠲᠤᠳᠤᠭᠠᠳᠤ ᠶᠢ | ᠬᠠᠮᠠᠭᠠᠯᠠᠬᠤ ᠬᠡᠯᠳᠡᠰ ᠤᠨ ᠲᠠᠷᠤᠭ᠎ᠠ ᠠᠰᠬᠠᠨ ᠲᠠᠢ ᠬᠠᠮᠳᠤ ᠵᠡᠭᠦᠨ ᠮᠤᠩᠭᠤᠯ ᠤᠨ ᠡᠯ᠎ᠡ ᠭᠠᠵᠠᠷ ᠤᠨ ᠵᠠᠰᠠᠭ ᠤᠨ ᠡᠷᠭᠡ | ᠵᠢᠴᠢ ᠴᠡᠷᠢᠭ ᠠᠩᠭᠢ ᠶᠢᠨ ᠬᠤᠶᠠᠷ ᠲᠠᠯ᠎ᠠ ᠶᠢᠨ ᠬᠠᠷᠢᠴᠠᠭ᠎ᠠ ᠶᠢ ᠰᠢᠢᠳᠪᠤᠷᠢᠯᠡᠬᠦ ᠶᠢᠨ ᠲᠦᠯᠦᠭᠡ ᠲᠦᠷ ᠬᠡᠷᠡᠭᠵᠢᠬᠦᠯᠬᠦ | ᠠᠷᠭ᠎ᠠ ᠶᠢ ︵ᠯᠢᠤᠢ ᠠ ᠶᠢᠨ ᠬᠡᠯᠡᠯᠴᠡᠭᠡᠷ︶ ᠲᠤᠭᠳᠠᠭᠠᠪᠠ᠃ ᠬᠤᠶᠠᠷ ᠰᠠᠷ᠎ᠠ ᠶᠢᠨ ᠰᠡᠭᠦᠯᠴᠢ ᠪᠠᠷ ︽ᠯᠢᠤ ᠠ ᠶᠢᠨ | ᠬᠡᠯᠡᠯᠴᠡᠭᠡᠷ︾ ᠤᠨ ᠪᠤᠳᠠᠳᠤ ᠠᠭᠤᠯᠭ᠎ᠠ ᠶᠢ ᠤᠯᠠᠮ ᠨᠢᠡ ᠠᠯᠬᠤᠮ ᠨᠠᠶᠢᠳᠠᠪᠤᠷᠢᠵᠢᠭᠤᠯᠬᠤ ᠶᠢᠨ ᠲᠦᠯᠦᠭᠡ ᠪᠢ ᠵᠢᠷᠢᠮ | ᠠᠶᠢᠮᠠᠭ ᠤᠨ ᠵᠠᠰᠠᠭ ᠤᠨ ᠤᠷᠳᠤᠨ ᠰᠠᠭᠤᠭ᠎ᠠ ᠭᠠᠵᠠᠷ ᠪᠠᠶᠠᠨᠳᠠᠯ᠎ᠠ ᠳᠤ ᠬᠦᠷᠴᠤ᠂ ᠵᠡᠭᠦᠨ ᠮᠤᠩᠭᠤᠯ ᠤᠨ ᠦᠪᠡᠷᠳᠡᠭᠡᠨ | ᠵᠠᠰᠠᠬᠤ ᠴᠡᠷᠢᠭ ᠤᠨ ᠰᠧᠯᠢᠩ ᠠᠰᠬᠠᠨ ᠲᠠᠢ ᠲᠠᠬᠢᠨ ᠶᠠᠷᠢᠯᠴᠠᠪᠠ᠃ ᠲᠡᠷᠡ ᠵᠡᠭᠦᠨ ᠮᠤᠩᠭᠤᠯ ᠤᠨ ᠦᠪᠡᠷᠳᠡᠭᠡᠨ ᠵᠠᠰᠠᠬᠤ | ᠴᠡᠷᠢᠭ ᠢ ᠲᠦᠯᠦᠭᠡᠯᠡᠵᠤ᠂ ᠪᠢ ᠪᠠᠷᠠᠭᠤᠨ ᠮᠠᠨᠵᠤ ᠶᠢᠨ ᠴᠡᠷᠢᠭ ᠤᠨ ᠲᠤᠭᠤᠷᠢᠭ ᠢ ᠲᠦᠯᠦᠭᠡᠯᠡᠵᠤ᠂ ᠲᠤᠤᠷᠠᠬᠢ ᠬᠡᠯᠡᠯᠴᠡᠭᠡᠷ ᠢ | ᠪᠠᠶᠢᠭᠤᠯᠪᠠ᠄ ᠨᠢᠭᠡ᠂ ᠵᠡᠭᠦᠨ ᠮᠤᠩᠭᠤᠯ ᠤᠨ ᠦᠪᠡᠷᠳᠡᠭᠡᠨ ᠵᠠᠰᠠᠬᠤ ᠴᠡᠷᠢᠭ᠂ ᠪᠠᠷᠠᠭᠤᠨ ᠮᠠᠨᠵᠤ ᠶᠢᠨ ᠴᠡᠷᠢᠭ ᠤᠨ ᠲᠤᠭᠤᠷᠢᠭ | ᠤᠨ ᠤᠳᠤᠷᠢᠳᠤᠯᠭ᠎ᠠ ᠪᠠ ᠵᠢᠯᠤᠭᠤᠳᠤᠯᠭ᠎ᠠ ᠶᠢ ᠬᠦᠯᠢᠶᠡᠵᠤ᠂ ᠪᠢᠳᠡᠨ ᠤ ᠲᠤᠮᠢᠯᠠᠭᠰᠠᠨ ᠡᠯ᠎ᠡ ᠱᠠᠳᠤᠨ ᠤ ᠤᠯᠤᠰ ᠲᠦᠷᠤ ᠶᠢᠨ | ᠺᠠᠳ᠋ᠷ ᠢ ᠪᠠᠶᠠᠷᠯᠠᠨ ᠤᠭᠳᠤᠨ᠎ᠠ︔ ᠬᠤᠶᠠᠷ᠂ ᠪᠠᠷᠠᠭᠤᠨ ᠮᠠᠨᠵᠤ ᠶᠢᠨ ᠴᠡᠷᠢᠭ ᠤᠨ ᠲᠤᠭᠤᠷᠢᠭ ᠵᠡᠭᠦᠨ ᠮᠤᠩᠭᠤᠯ ᠤᠨ | ᠦᠪᠡᠷᠳᠡᠭᠡᠨ ᠵᠠᠰᠠᠬᠤ ᠴᠡᠷᠢᠭ ᠤᠨ ᠫᠤᠤ ᠰᠤᠮᠤ ᠪᠠ ᠬᠦᠨᠡᠰᠤ ᠬᠡᠷᠡᠭᠰᠡᠯ ᠢ ᠬᠠᠩᠭᠠᠨ᠎ᠠ᠃ ᠡᠨᠡᠬᠦ ᠬᠡᠯᠡᠯᠴᠡᠭᠡᠷ ᠤᠨ ᠪᠢᠴᠢᠭ ᠢ | ᠪᠢ ᠭᠠᠷᠳᠠᠵᠤ ᠪᠢᠴᠢᠭᠡᠳ᠂ ᠠᠰᠬᠠᠨ ᠳᠤ ᠲᠤᠰᠢᠶᠠᠨ ᠦᠵᠡᠬᠦᠯᠵᠤ ᠵᠦᠪᠰᠢᠶᠡᠷᠡᠭᠰᠡᠨ ᠤ ᠰᠡᠬᠦᠯᠡᠷ᠂ ᠯᠢ ᠹᠦ᠋ ᠴᠦᠨ ᠨᠦᠬᠦᠷ | ᠲᠤ ᠲᠡᠪᠰᠢᠬᠦᠯᠵᠤ ᠵᠦᠪᠰᠢᠶᠡᠷᠡᠬᠦᠯᠦᠭᠰᠡᠨ ᠪᠠᠶᠢᠨ᠎ᠠ᠃ ᠢᠩᠬᠢᠭᠰᠡᠨ ᠤ ᠰᠡᠬᠦᠯᠡᠷ ᠪᠢ ᠪᠤᠯᠤᠳ ᠪᠢᠷ ᠢᠶᠠᠷ ᠬᠤᠶᠠᠷ ᠬᠤᠪᠢ | ᠬᠠᠭᠤᠯᠵᠤ᠂ ᠠᠰᠬᠠᠨ ᠪᠤᠯᠤᠨ ᠪᠢ ᠲᠤᠰᠪᠤᠷᠢ ᠪᠠᠷᠢᠮᠳᠠ ᠪᠤᠯᠭᠠᠨ ᠦᠯᠡᠳᠡᠭᠡᠪᠡ᠃ ᠬᠤᠷᠠᠯ ᠤᠨ ᠲᠠᠷᠠᠭ᠎ᠠ ᠠᠰᠬᠠᠨ ᠢ ᠲᠠᠭᠠᠵᠤ | ᠬᠠᠮᠳᠤ ᠪᠠᠶᠠᠨᠳᠠᠯ᠎ᠠ ᠶᠢᠨ ᠯᠢ ᠴᠢᠩ ᠯᠦᠩ ᠬᠤᠰᠢᠭᠤᠨ ᠲᠠᠷᠤᠭ᠎ᠠ ᠶᠢᠨ ᠭᠡᠷ ᠲᠤ ᠤᠴᠢᠵᠤ ᠬᠤᠨᠤᠪᠠ᠃ ᠯᠢ ᠴᠧᠩ ᠯᠦᠩ | ᠤᠨ ᠭᠡᠷ ᠨᠢ ᠲᠤᠭᠤᠰᠬᠠᠨ ᠬᠠᠩᠵᠤ᠂ ᠲᠤᠭᠤᠰᠬᠠᠨ ᠭᠠᠵᠠᠷ᠂ ᠵᠤᠤᠬ᠎ᠠ ᠨᠢ ᠭᠡᠷ ᠤᠨ ᠠᠷᠤ ᠳᠤᠨᠢ ᠪᠠᠶᠢᠨ᠎ᠠ᠂ ᠭᠡᠷ ᠤᠨ | ᠲᠤᠳᠤᠷ᠎ᠠ ᠴᠡᠪᠡᠷ ᠲᠡᠭᠰᠢ ᠭᠡᠭᠡᠨ ᠲᠤᠩᠭᠠᠯᠠᠭ᠂ ᠪᠢ ᠠᠰᠬᠠᠨ ᠲᠠᠢ ᠵᠤᠭᠤᠭ ᠲᠠᠭᠠᠷᠠᠵᠤ ᠰᠦᠨᠢ ᠶᠢᠨ ᠬᠦᠨ ᠪᠤᠯᠳᠠᠯ᠎ᠠ | ᠶᠠᠷᠢᠯᠴᠠᠪᠠ᠃ | ᠡᠭᠦᠨ ᠤ ᠵᠡᠷᠭᠡ ᠵᠡᠭᠦᠨ ᠮᠤᠩᠭᠤᠯ ᠤᠨ ᠦᠪᠡᠷᠳᠡᠭᠡᠨ ᠵᠠᠰᠠᠬᠤ ᠵᠠᠰᠠᠭ ᠤᠨ ᠤᠷᠳᠤᠨ ᠤ ᠲᠡᠷᠢᠭᠦᠯᠡᠭᠴᠢ ᠪᠤᠶᠠᠠᠮᠠᠨᠳᠤᠬᠤ | ᠶᠢᠨ ᠬᠡᠤᠬᠡᠨ ᠪᠦᠸᠧ ᠫᠢ ᠿᠦᠩ ᠬᠦᠷᠭᠡᠨ ᠶᠢᠨ ᠱᠢ ᠯᠢᠨ ᠪᠠᠷᠠᠭᠤᠨ ᠮᠠᠨᠵᠤ ᠶᠢᠨ ᠬᠤᠪᠢᠶᠠᠷᠢ ᠲᠤᠪᠴᠢᠶᠠᠨ ᠳᠤ ᠬᠦᠷᠴᠤ᠂ | ᠲᠤᠮᠳᠠᠳᠤ ᠤᠯᠤᠰ ᠤᠨ ᠡᠪ ᠬᠠᠮᠳᠤ ᠨᠠᠮ ᠳᠤ ᠬᠦᠨᠳᠤᠳᠭᠡᠯ ᠢᠶᠠᠨ ᠢᠯᠡᠷᠬᠡᠶᠢᠯᠡᠪᠡ᠃ ᠬᠤᠪᠢᠶᠠᠷᠢ ᠲᠤᠪᠴᠢᠶ᠎ᠠ ᠠᠴᠠ ᠨᠠᠳᠠ | ᠪᠠᠷ ᠲᠠᠶᠢᠯᠠᠨ ᠵᠤᠴᠢᠯᠠᠭᠤᠯᠵᠤ᠂ ᠲᠡᠳᠡᠨ ᠳᠤ ᠮᠠᠨ ᠤ ᠨᠠᠮ ᠤᠨ ᠦᠨᠳᠤᠰᠤᠳᠡᠨ ᠤ ᠲᠦᠷᠤ ᠶᠢᠨ ᠪᠤᠳᠤᠯᠭ᠎ᠠ ᠪᠠ ᠴᠠᠭ ᠤᠨ | ᠪᠠᠶᠢᠳᠠᠯ ᠤᠨ ᠲᠤᠬᠠᠢ ᠵᠤᠷᠢᠯᠳᠠ ᠶᠢ ᠤᠬᠠᠭᠤᠯᠬᠤ ᠵᠢᠭᠠᠪᠤᠷᠢ ᠦᠭᠴᠠᠢ᠃ | 1946 ᠤᠨ ᠤ ᠬᠠᠪᠤᠷ᠂ ᠵᠢᠶᠠᠩ ᠵᠢᠶᠧ ᠱᠢ ᠠᠮᠧᠷᠢᠺᠠ ᠶᠢᠨ ᠡᠵᠡᠷᠭᠡᠭ ᠲᠦᠷᠢᠮᠡᠭᠡᠶᠢᠳᠡᠨ ᠤ ᠲᠡᠮᠵᠢᠯᠭᠡ ᠲᠤᠤᠷ᠎ᠠ᠂ | ᠬᠤᠪᠢᠰᠬᠠᠯ ᠤᠨ ᠡᠰᠡᠷᠬᠦᠤ ᠬᠤᠶᠠᠷ ᠨᠢᠭᠤᠷᠳᠤ ᠠᠷᠭ᠎ᠠ ᠪᠠᠷᠢᠯ ᠬᠡᠷᠡᠭᠵᠢᠬᠦᠯᠪᠡ᠃ ᠨᠢᠭᠡ ᠲᠠᠯ᠎ᠠ ᠪᠠᠷ ᠪᠤᠭᠤᠮᠳᠠ ᠶᠢᠨ | ᠲᠤᠳᠤᠭᠠᠳᠤ ᠳᠤ ︽ ᠲᠠᠶᠢᠨ ᠵᠤᠭᠰᠤᠬᠤ︾ ᠶᠢ ᠵᠠᠷᠯᠠᠵᠤ᠂ ᠨᠦᠬᠦᠭᠡ ᠲᠠᠯ᠎ᠠ ᠪᠠᠷ ᠴᠡᠷᠢᠭ ᠮᠤᠷᠢ ᠢᠳᠡᠪᠬᠢᠳᠠᠢ ᠲᠤᠮᠢᠯᠠᠵᠤ | ᠵᠡᠭᠦᠨ ᠬᠤᠶᠢᠳᠤ ᠤᠷᠤᠨ ᠢ ᠪᠤᠯᠢᠶᠠᠨ ᠡᠵᠡᠯᠡᠵᠤ᠂ ᠵᠢᠨᠵᠸᠤ᠂ ᠮᠦᠭᠳᠡᠨ ᠢ ᠡᠵᠡᠯᠡᠵᠤ᠂ ᠰᠧᠫᠢᠩ ᠢ ᠲᠠᠭᠠᠷᠢᠨ ᠴᠤᠬᠢᠭᠰᠠᠨ | ᠪᠠᠶᠢᠨ᠎ᠠ᠃ ᠭᠤᠷᠪᠠᠨ ᠰᠠᠷ᠎ᠠ ᠶᠢᠨ ᠡᠴᠤᠰ ᠲᠦᠷᠪᠡᠨ ᠰᠠᠷ᠎ᠠ ᠶᠢᠨ ᠡᠬᠢᠨ ᠢᠶᠠᠷ᠂ ᠪᠠᠷᠠᠭᠤᠨ ᠮᠠᠨᠵᠤ ᠶᠢᠨ ᠬᠤᠪᠢᠶᠠᠷᠢ | ᠲᠤᠪᠴᠢᠶ᠎ᠠ ᠨᠠᠳᠠ ᠶᠢ ᠪᠠᠷᠠᠭᠤᠨ ᠮᠠᠨᠵᠤ ᠶᠢ ᠲᠦᠯᠦᠭᠡᠯᠡᠵᠤ ︽ᠡᠶᠡᠳᠡᠬᠦᠯᠤᠨ ᠵᠤᠭᠰᠤᠭᠠᠬᠤ ᠪᠠᠭ᠎ᠠ ᠲᠤᠭᠤᠶᠢᠯᠠᠩ︾ ᠤᠨ ᠮᠠᠨ | ᠤ ᠲᠠᠯ᠎ᠠ ᠶᠢᠨ ᠲᠦᠯᠦᠭᠡᠯᠡᠭᠴᠢ ᠪᠠᠷ ᠮᠦᠭᠳᠡᠨ ᠳᠤ ᠲᠤᠮᠢᠯᠠᠪᠠ᠂ ᠭᠡᠪᠡᠴᠤ ᠭᠤᠮᠢᠨᠳᠠᠩ ᠤᠨ ᠲᠡᠷᠰᠯᠡᠬᠦᠴᠤᠳ ︽ᠲᠠᠶᠢᠨ | ᠵᠤᠭᠰᠤᠬᠤ ᠬᠡᠯᠡᠯᠴᠡᠭᠡᠷ︾ ᠠᠴᠠ ᠲᠡᠷᠰᠯᠡᠵᠤ᠂ ᠭᠠᠯᠵᠠᠭᠤᠷᠠᠭᠰᠠᠨ ᠮᠡᠳᠤ ᠤᠮᠠᠷᠠᠰᠢ ᠲᠤᠪᠳᠤᠯᠪᠠ᠂ ᠪᠢ ᠵᠠᠷᠯᠢᠭ ᠢᠶᠠᠷ ᠵᠠᠮ | ᠲᠤᠮᠳᠠ ᠠᠴᠠ ᠪᠠᠨ ᠡᠭᠡᠪᠡ ︵ᠵᠸᠤ ᠡᠸ᠋ᠨ ᠯᠠᠢ ᠶᠢᠨ ᠰᠤᠩᠭᠤᠮᠠᠯ ᠵᠤᠬᠢᠶᠠᠯ ᠤᠨ 255 ᠳ᠋ᠤᠭᠠᠷ ᠨᠢᠭᠤᠷ ᠤᠨ ︽ | ᠭᠤᠷᠪᠠᠳᠤᠭᠠᠷ ᠰᠠᠷ᠎ᠠ ᠳᠤ ᠵᠡᠭᠦᠨ ᠬᠤᠶᠢᠳᠤ ᠤᠷᠤᠨ ᠤ ᠲᠠᠶᠢᠨ ᠵᠤᠭᠰᠤᠬᠤ ᠬᠡᠯᠡᠯᠴᠡᠭᠡᠷ︾ ᠲᠤ ᠦᠵᠡ︶᠃ ᠡᠨᠡ ᠦᠶᠡᠰ | ᠪᠠᠷᠠᠭᠤᠨ ᠮᠠᠨᠵᠤ ᠶᠢᠨ ᠬᠤᠪᠢᠶᠠᠷᠢ ᠲᠤᠪᠴᠢᠶ᠎ᠠ ᠵᠧᠩ ᠵᠢᠶᠠ ᠲᠦᠨ᠂ ᠲᠤᠤ ᠨᠠᠨ ᠠᠴᠠ ᠪᠠᠶᠢᠴᠧᠩᠽᠢ ᠳᠤ ᠰᠢᠯᠵᠢᠨ | ᠤᠴᠢᠪᠠ᠃ ︵ᠦᠷᠬᠦᠯᠵᠢᠯᠡᠯ ᠪᠤᠢ︶ |