ᠤᠯᠠᠭᠠᠨᠬᠤᠲᠠ ᠡᠪᠡᠰᠦ ᠪᠣᠷᠳᠤᠭ᠎ᠠ ᠨᠥᠭᠡᠴᠡᠯᠡᠬᠦ ᠠᠵᠢᠯ ᠢ ᠰᠠᠶᠢᠲᠤᠷ ᠬᠢᠵᠦ ᠪᠠᠶᠢᠭ᠎ᠠ ᠲᠤᠬᠠᠢ ᠰᠤᠷᠪᠤᠯᠵᠢᠯᠠᠭ᠎ᠠ
ᠨᠡᠶᠢᠲᠡᠯᠡᠭᠰᠡᠨ ᠴᠠᠭ᠄
2024/11/15
    ᠮᠠᠯ ᠤᠨᠤᠭ᠎ᠠ ᠶᠢᠨ ᠰᠢᠭᠤᠳ ᠰᠢᠯᠤᠭᠤᠨ ᠢᠶᠠᠷ ᠡᠪᠦᠯᠵᠢᠬᠦ ᠶᠢ ᠪᠠᠲᠤᠯᠠᠬᠤ ᠶᠢᠨ ᠲᠥᠯᠥᠭᠡ᠂ ᠣᠶᠢᠷ᠎ᠠ ᠶᠢᠨ ᠡᠳᠦᠷ ᠤᠳ ᠲᠤ᠂ ᠤᠯᠠᠭᠠᠨᠬᠤᠲᠠ ᠶᠢᠨ ᠡᠯ᠎ᠡ ᠰᠢᠶᠠᠩ ᠪᠠᠯᠭᠠᠰᠤ᠂ ᠵᠡᠭᠡᠯᠢ ᠶᠢᠨ ᠬᠢᠨ ᠡᠷᠲᠡ ᠬᠥᠳᠡᠯᠦᠯᠴᠡᠨ᠂ ᠡᠷᠲᠡ ᠲᠣᠬᠢᠷᠠᠭᠤᠯᠵᠤ᠂ ᠡᠷᠲᠡ ᠪᠠᠶᠢᠷᠢᠯᠠᠭᠤᠯᠵᠤ᠂ ᠡᠪᠡᠰᠦ ᠪᠣᠷᠳᠤᠭ᠎ᠠ ᠨᠥᠭᠡᠴᠡᠯᠡᠬᠦ ᠠᠵᠢᠯ ᠢ ᠢᠳᠡᠪᠬᠢᠲᠡᠢ ᠰᠠᠶᠢᠲᠤᠷ ᠬᠢᠵᠦ ᠂ ᠡᠰᠢ ᠰᠦᠷᠡᠯ ᠢ ᠲᠡᠬᠦᠵᠤ ᠬᠤᠷᠢᠶᠠᠬᠤ᠂ ᠪᠣᠯᠪᠠᠰᠤᠷᠠᠭᠤᠯᠬᠤ᠂ ᠬᠠᠳᠠᠭᠠᠯᠠᠬᠤ ᠵᠡᠷᠭᠡ ᠤᠯᠠᠨ ᠠᠷᠭ᠎ᠠ ᠪᠠᠷ ᠳᠠᠮᠵᠢᠨ᠂ ᠮᠠᠯ ᠤᠨᠤᠭ᠎ᠠ ᠶᠢᠨ  ᠡᠪᠤᠯ ᠬᠠᠪᠤᠷ ᠢ ᠦᠩᠭᠡᠷᠡᠭᠡᠬᠦ ᠳᠤ ᠡᠳ᠋ ᠪᠣᠳᠠᠰ ᠤᠨ ᠪᠠᠲᠤᠯᠠᠭ᠎ᠠ ᠬᠠᠩᠭᠠᠵᠤ ᠪᠠᠶᠢᠨ᠎ᠠ᠃
22.jpg  ᠮᠠᠯ ᠢᠶᠠᠨ ᠮᠡᠨᠳᠤ ᠡᠪᠤᠯᠵᠢᠬᠦᠯᠬᠦ ᠶᠢᠨ ᠲᠦᠯᠦᠭᠡ᠂ ᠨᠣᠭᠤᠭᠠᠨ ᠳᠠᠷᠤᠰᠢ ᠶᠢᠨ ᠡᠷᠳᠡᠨᠢ ᠰᠢᠰᠢ ᠶᠢ ᠬᠡᠷᠴᠢᠵᠦ᠂
ᠡᠳ᠋ᠰᠢᠭᠦᠯᠦᠭᠰᠡᠨ ᠤ ᠳᠠᠷᠠᠭ᠎ᠠ᠂ ᠢᠰᠬᠡᠬᠦ ᠠᠷᠭ᠎ᠠ ᠪᠠᠷ ᠨᠣᠭᠤᠭᠠᠨ ᠳᠠᠷᠤᠰᠢ ᠶᠢᠨ ᠪᠣᠷᠳᠤᠭ᠎ᠠ ᠪᠣᠯᠭᠠᠨ ᠦᠢᠯᠡᠳᠴᠦ᠂ ᠬᠠᠭᠤᠷᠠᠢ ᠪᠣᠳᠠᠰ ᠪᠠ ᠴᠠᠷᠳᠠᠭᠤᠯ ᠤᠨ ᠠᠭᠤᠯᠤᠭᠳᠠᠴᠠ ᠥᠨᠳᠥᠷ᠂ ᠰᠢᠮ᠎ᠡ ᠲᠡᠵᠢᠭᠡᠯ ᠰᠠᠶᠢᠨ᠂ ᠦᠨᠦᠷ ᠠᠮᠲᠠ ᠨᠢ ᠬᠦᠴᠢᠯᠯᠢᠭ ᠠᠮᠲᠠ᠂ ᠰᠢᠮᠡᠯᠢᠭ ᠴᠢᠨᠠᠷ ᠨᠢ ᠰᠠᠶᠢᠨ᠂ ᠤᠷᠲᠤ ᠬᠤᠭᠤᠴᠠᠭ᠎ᠠ ᠪᠠᠷ ᠬᠠᠳᠠᠭᠠᠯᠠᠬᠤ ᠳᠤ ᠠᠰᠢᠭᠲᠠᠶ ᠵᠡᠷᠭᠡ ᠳᠠᠪᠠᠭᠤᠯᠢᠭ ᠲᠠᠢ ᠪᠠᠶᠢᠵᠤ᠂ ᠴᠢᠨᠠᠷ ᠰᠠᠶᠢᠲᠠᠶ ᠲᠡᠵᠢᠭᠡᠨ ᠦᠷᠡᠵᠢᠭᠦᠯᠬᠦ ᠪᠣᠷᠳᠤᠭ᠎ᠠ ᠪᠠᠶᠢᠵᠤ᠂ ᠮᠠᠯ ᠳᠤ ᠭᠦᠢᠴᠡᠳ ︽ᠬᠦᠨᠡᠰᠦᠨ ᠠᠮᠲᠠ︾ ᠬᠠᠩᠭᠠᠬᠤ ᠶᠢᠨ ᠬᠠᠮᠲᠤ ᠪᠠᠰᠠ ᠡᠷᠳᠡᠨᠢ ᠰᠢᠰᠢ ᠶᠢᠨ ᠡᠰᠢ ᠰᠦᠷᠡᠯ ᠰᠢᠲᠠᠭᠠᠬᠤ ᠠᠴᠠ ᠪᠣᠯᠤᠭᠰᠠᠨ ᠣᠷᠴᠢᠨ ᠲᠣᠭᠤᠷᠢᠨ ᠤ ᠪᠣᠬᠢᠷᠲᠤᠯ ᠢ ᠪᠠᠭᠠᠰᠬᠠᠭᠰᠠᠨ ᠪᠠᠶᠢᠨ᠎ᠠ᠃  
11.jpg      ᠣᠶᠢᠯᠠᠭᠠᠭᠰᠠᠨ ᠢᠶᠠᠷ᠂ ᠡᠨᠡ ᠵᠢᠯ ᠪᠥᠬᠦ ᠬᠤᠲᠠ ᠶᠢᠨ ᠨᠥᠭᠡᠴᠡ ᠡᠪᠡᠰᠦ ᠪᠣᠷᠳᠣᠭᠠᠨ ᠤ ᠶᠡᠷᠦᠩᠬᠡᠶ ᠬᠡᠮᠵᠢᠶ᠎ᠡ
86.64 ᠲᠦᠮᠡᠨ ᠲᠣᠨ ᠳᠤ ᠬᠦᠷᠴᠡᠶ᠃ ᠤᠯᠠᠭᠠᠨᠬᠤᠲᠠ ᠶᠢᠨ ᠡᠯ᠎ᠡ ᠰᠢᠶᠠᠩ ᠪᠠᠯᠭᠠᠰᠤ᠂ ᠵᠡᠭᠡᠯᠢ ᠭᠤᠳᠤᠮᠵᠢ ᠪᠣᠳᠠᠲᠠᠶ ᠠᠴᠠ ᠡᠭᠦᠰᠴᠦ᠂ ᠤᠷᠢᠳᠴᠢᠯᠠᠨ ᠠᠷᠭ᠎ᠠ ᠰᠦᠪᠡᠭᠴᠢᠯᠡᠵᠦ᠂ ᠡᠷᠲᠡᠬᠡᠨ ᠭᠠᠷ ᠬᠥᠳᠡᠯᠵᠦ᠂ ᠲᠡᠵᠢᠭᠡᠨ ᠦᠷᠡᠵᠢᠭᠦᠯᠬᠦ ᠡᠷᠦᠬᠡ ᠶᠢ ᠢᠳᠡᠪᠬᠢᠲᠡᠶ ᠪᠠᠷ ᠬᠥᠲᠥᠯᠦᠨ ᠵᠢᠯᠣᠭᠤᠳᠴᠤ ᠪᠠᠶᠢᠭᠠᠳ ᠡᠪᠡᠰᠦ ᠪᠣᠷᠳᠤᠭ᠎ᠠ ᠨᠥᠭᠡᠴᠡᠯᠡᠬᠦ ᠠᠵᠢᠯ ᠢ ᠰᠠᠶᠢᠲᠤᠷ ᠬᠢᠵᠦ᠂ ᠮᠠᠯ ᠣᠨᠤᠭ᠎ᠠ ᠡᠪᠦᠯ ᠤᠨ ᠤᠯᠠᠷᠢᠯ ᠳᠤ ᠬᠡᠷᠡᠭᠰᠡᠬᠦ ᠡᠪᠡᠰᠦ ᠪᠣᠷᠳᠤᠭ᠎ᠠ ᠶᠢ ᠭᠦᠢᠴᠡᠳ ᠪᠡᠯᠡᠳᠬᠡᠵᠦ᠂ ᠮᠠᠯ ᠤᠨ ᠠᠮᠤᠷ ᠲᠦᠪᠰᠢᠨ ᠢᠶᠠᠷ ᠡᠪᠦᠯᠵᠢᠬᠦ ᠶᠢ ᠪᠠᠲᠤᠯᠠᠪᠠ᠃   
 
ᠢᠷᠡᠯᠲᠡ᠄ ᠤᠯᠠᠭᠠᠨᠬᠤᠳᠠ ᠶᠢᠨ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号