ᠤᠯᠠᠭᠠᠨᠬᠤᠳᠠ ᠶᠢᠨ ᠡᠮᠴᠢᠯᠡᠭᠡᠨ ᠤ ᠬᠠᠮᠳᠦ ᠶᠢᠨ ᠴᠤᠬᠴᠠ ᠶᠢᠨ ᠶᠡᠷᠦᠩᠭᠡᠢ ᠡᠮᠨᠡᠯᠭᠡ ᠶᠢᠨ ᠬᠤᠷᠢᠶ᠎ᠠ ᠶᠢᠨ ᠡᡁᠧ ᠫᠢᠡᠭ ᠨᠡᠶᠢᠭᠡᠮ ᠳᠤᠭᠤᠷᠢᠬ ᠤᠨ ᠬᠤᠪᠢᠶᠠᠷᠢ ᠬᠤᠷᠢᠶ᠎ᠠ ᠰᠤᠷᠤᠬᠴᠢᠳ ᠲᠤ ᠰᠢᠮ᠎ᠠ ᠳᠡᠵᠢᠭᠡᠯᠳᠦ ᠢᠳᠡᠭᠡᠨ ᠤᠮᠳᠠᠭᠠᠨ ᠤ ᠮᠡᠳᠡᠯᠭᠡ ᠤᠯᠠᠮᠵᠢᠯᠠᠪᠠ
ᠨᠡᠶᠢᠲᠡᠯᠡᠭᠰᠡᠨ ᠴᠠᠭ᠄
2024/11/18
    ᠤᠶᠢᠷ᠎ᠠ ᠶᠢᠨ ᠡᠳᠦᠷ᠂ ᠤᠯᠠᠭᠠᠨᠬᠤᠳᠠ ᠶᠢᠨ ᠡᠮᠴᠢᠯᠡᠭᠡᠨ ᠤ ᠬᠠᠮᠳᠦ ᠶᠢᠨ ᠴᠤᠬᠴᠠ ᠶᠢᠨ ᠶᠡᠷᠦᠩᠭᠡᠢ ᠡᠮᠨᠡᠯᠭᠡ ᠶᠢᠨ ᠬᠤᠷᠢᠶ᠎ᠠ ᠶᠢᠨ ᠡᡁᠧ ᠫᠢᠡᠭ ᠨᠡᠶᠢᠭᠡᠮ ᠳᠤᠭᠤᠷᠢᠬ ᠤᠨ ᠬᠤᠪᠢᠶᠠᠷᠢ ᠬᠤᠷᠢᠶ᠎ᠠ ᠶᠢᠨ ᠡᠮᠴᠢ ᠠᠵᠢᠯᠳᠡᠨ ᠤᠯᠠᠭᠠᠨᠬᠤᠳᠠ ᠶᠢᠨ ᠳᠠᠪᠤᠳᠤᠭᠠᠷ ᠳᠤᠮᠳᠠᠳᠤ ᠰᠤᠷᠭᠠᠭᠤᠯᠢ ᠪᠠᠷ ᠰᠢᠮ᠎ᠠ ᠳᠡᠵᠢᠭᠡᠯᠳᠦ ᠢᠳᠡᠭᠡᠨ ᠤᠮᠳᠠᠭᠠᠨ ᠵᠢᠴᠢ ᠡᠷᠡᠬᠦᠯ ᠮᠡᠨᠳᠦ ᠶᠢᠨ ᠤᠬᠠᠭᠤᠯᠭ᠎ᠠ ᠶᠢᠨ ᠠᠵᠢᠯᠯᠠᠭ᠎ᠠ ᠦᠷᠨᠢᠬᠦᠯᠪᠡ᠃     ᠡᠮᠴᠢ ᠨᠠᠷ ᠰᠤᠷᠤᠬᠴᠢᠳ ᠤᠨ ᠦᠰᠤᠨ ᠪᠤᠶᠢᠵᠢᠯᠳᠠ ᠪᠤᠯᠤᠨ ᠢᠳᠡᠭᠡᠨ ᠤᠮᠳᠠᠭᠠᠨ ᠤ ᠵᠤᠷᠰᠢᠯ ᠳᠤ ᠴᠢᠭᠯᠡᠬᠦᠯᠤᠨ᠂ ᠡᠷᠡᠬᠦᠯ ᠪᠤᠰᠦ ᠰᠤᠯᠠ ᠢᠳᠡᠭᠡᠨ ᠤ ᠬᠤᠤᠷ ᠬᠦᠨᠦᠭᠡᠯ᠂ ᠰᠢᠮ᠎ᠠ ᠳᠡᠵᠢᠭᠡᠯᠳᠦ ᠢᠳᠡᠭᠡᠨ ᠤᠮᠳᠠᠭᠠᠨ ᠢ ᠰᠠᠶᠢᠳᠤᠷ ᠰᠤᠩᠭᠤᠬᠤ ᠵᠢᠴᠢ ᠰᠢᠮ᠎ᠠ ᠳᠡᠵᠢᠭᠡᠯ ᠤᠨ ᠦᠨ᠎ᠠ ᠦᠷᠳᠡᠭ᠂ ᠡᠷᠳᠡ ᠶᠢᠨ ᠬᠤᠭᠤᠯᠠ ᠢᠳᠡᠬᠦ ᠶᠢᠨ ᠴᠢᠬᠤᠯᠠ ᠴᠢᠨᠠᠷ ᠵᠡᠷᠭᠡ ᠭᠤᠷᠪᠠᠨ ᠳᠠᠯ᠎ᠠ ᠪᠠᠷ ᠳᠠᠶᠢᠯᠤᠮᠵᠢ ᠬᠢᠵᠦ᠂ ᠰᠢᠮ᠎ᠠ ᠳᠡᠵᠢᠭᠡᠯᠳᠦ ᠢᠳᠡᠭᠡᠨ ᠤᠮᠳᠠᠭᠠᠨ ᠤ ᠮᠡᠳᠡᠯᠭᠡ ᠶᠢ ᠰᠤᠷᠤᠬᠴᠢᠳ ᠲᠤ ᠤᠯᠠᠮᠵᠢᠯᠠᠪᠠ᠃ ᠡᠭᠦᠨ ᠤ ᠲᠠᠭᠠᠤ ᠢᠳᠡᠭᠡᠨ ᠢ ᠭᠤᠯᠤᠬᠤ᠂ ᠡᠷᠡᠬᠦᠯ ᠪᠤᠰᠦ ᠢᠳᠡᠭᠡᠨ ᠢᠳᠡᠬᠦ᠂ ᠵᠦᠢ ᠵᠤᠬᠢᠰ ᠦᠭᠡᠢ ᠢᠳᠡᠵᠦ ᠤᠤᠭᠤᠬᠤ ᠵᠠᠩᠰᠢᠯ ᠲᠠᠢ ᠰᠤᠷᠤᠬᠴᠢᠳ ᠢ ᠬᠦᠳᠤᠯᠤᠨ ᠵᠢᠯᠤᠭᠤᠳᠴᠦ᠂ ᠰᠢᠨᠵᠢᠯᠡᠬᠦ ᠤᠬᠠᠭᠠᠨᠴᠢ ᠪᠠᠷ ᠢᠳᠡᠵᠦ ᠤᠤᠭᠤᠬᠤ ᠵᠠᠩᠰᠢᠯ ᠲᠠᠢ ᠪᠤᠯᠬᠤ ᠶᠢ ᠰᠤᠷᠳᠠᠯᠴᠢᠯᠠᠵᠦ᠂ ᠡᠷᠡᠬᠦᠯ ᠴᠢᠬᠢᠷᠠᠬ ᠢᠶᠠᠷ ᠦᠰᠤᠨ ᠪᠤᠶᠢᠵᠢᠬᠤ ᠶᠢ ᠰᠠᠨᠠᠭᠤᠯᠵᠠᠢ᠃     ︽ᠡᠷᠡᠬᠦᠯ ᠪᠤᠰᠦ ᠢᠳᠡᠭᠡᠨ ᠤᠮᠳᠠᠭᠠᠨ ᠮᠠᠨᠤᠰ ᠤᠨ ᠦᠰᠤᠨ ᠪᠤᠶᠢᠵᠢᠯᠳᠠ ᠶᠢ ᠬᠠᠷᠰᠢᠯᠠᠨ᠎ᠠ᠂ ᠡᠮᠴᠢ ᠶᠢᠨ ᠰᠠᠨᠠᠭᠤᠯᠤᠮᠵᠢ ᠪᠠᠷ ᠪᠢᠳᠡ ᠡᠳᠦᠷ ᠤᠨ ᠭᠤᠷᠪᠠᠨ ᠴᠠᠬ ᠤᠨ ᠬᠤᠭᠤᠯᠠ ᠤᠮᠳᠠᠭᠠᠨ ᠢᠶᠠᠨ ᠵᠤᠬᠢᠰᠳᠠᠢ ᠳᠤᠬᠢᠷᠠᠭᠤᠯᠵᠦ᠂ ᠰᠢᠮ᠎ᠠ ᠳᠡᠵᠢᠭᠡᠯᠳᠦ ᠢᠳᠡᠭᠡᠨ ᠢ ᠢᠯᠡᠬᠦᠭᠡᠨ ᠰᠤᠩᠭᠤᠨ᠎ᠠ ᠁︾ ᠭᠡᠵᠦ ᠤᠯᠠᠭᠠᠨᠬᠤᠳᠠ ᠶᠢᠨ ᠳᠠᠪᠤᠳᠤᠭᠠᠷ ᠳᠤᠮᠳᠠᠳᠤ ᠰᠤᠷᠭᠠᠭᠤᠯᠢ ᠶᠢᠨ ᠰᠤᠷᠤᠬᠴᠢᠳ ᠢᠯᠡᠳᠭᠡᠵᠡᠭᠡᠨ᠎ᠠ᠃                                                ︵ᠬᠦᠸᠧ ᠳ᠋ᠠᠨ   ᡁᠢ ᠮᠢᠨ︶
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号