ᠬᠤᠳᠠ ᠶᠢᠨ ᠲᠡᠬᠦᠷᠭᠡ ᠨᠡᠶᠢᠬᠡᠮ ᠲᠤᠭᠤᠷᠢᠭ ᠤᠨ ᠬᠤᠪᠢᠶᠠᠷᠢ ᠡᠮᠨᠡᠯᠬᠡ ᠶᠢᠨ ᠬᠤᠷᠢᠶ᠎ᠠ ᠨᠠᠰᠦᠳᠠᠶᠢᠴᠤᠳ ᠲᠤ ᠪᠡᠶ᠎ᠡ ᠶᠢᠨ ᠪᠠᠶᠢᠴᠠᠭᠠᠯᠳᠠ ᠬᠢᠵᠦ ᠦᠭᠪᠡ
ᠨᠡᠶᠢᠲᠡᠯᠡᠭᠰᠡᠨ ᠴᠠᠭ᠄
2024/11/18
     ᠤᠯᠤᠰ ᠤᠨ ᠨᠡᠶᠢᠳᠡ ᠶᠢᠨ ᠡᠷᠡᠬᠦᠯ ᠬᠠᠮᠠᠭᠠᠯᠠᠯ ᠤᠨ ᠦᠨᠳᠦᠰᠦᠨ ᠦᠢᠯᠡᠴᠢᠯᠡᠬᠡᠨ ᠤ ᠲᠦᠷᠦᠯ ᠵᠦᠢᠯ ᠢ ᠤᠯᠠᠮ ᠨᠢᠬᠡ ᠠᠯᠬᠤᠮ ᠲᠤᠭᠤᠰᠢᠯᠠᠭᠤᠯᠵᠦ᠂ ᠨᠠᠰᠦᠳᠠᠶᠢᠴᠤᠳ ᠤᠨ ᠡᠷᠡᠬᠦᠯ ᠮᠡᠨᠳᠤ ᠶᠢ ᠪᠠᠳᠤᠯᠠᠨ᠂ ᠨᠠᠰᠦᠳᠠᠶᠢᠴᠤᠳ ᠲᠤ ᠲᠦᠬᠦᠮ ᠲᠦᠳᠡ ᠦᠢᠯᠡᠴᠢᠯᠡᠭᠡ ᠬᠠᠨᠭ᠍ᠭᠠᠬᠤ ᠶᠢᠨ ᠲᠦᠯᠦᠬᠡ᠂ ᠤᠶᠢᠷ᠎ᠠ ᠳᠤ᠂ ᠤᠯᠠᠭᠠᠨᠬᠤᠳᠠ ᠶᠢᠨ ᠡᠮᠴᠢᠯᠡᠬᠡᠨ ᠤ ᠬᠠᠮᠳᠤ ᠶᠢᠨ ᠴᠤᠬᠴᠠ ᠶᠢᠨ ᠶᠡᠷᠦᠩᠭᠡᠢ ᠡᠮᠨᠡᠯᠬᠡ ᠶᠢᠨ ᠬᠤᠷᠢᠶ᠎ᠠ ᠶᠢᠨ ᠬᠤᠳᠠ ᠶᠢᠨ ᠲᠡᠬᠦᠷᠭᠡ ᠨᠡᠶᠢᠬᠡᠮ ᠲᠤᠭᠤᠷᠢᠭ ᠤᠨ ᠬᠤᠪᠢᠶᠠᠷᠢ ᠡᠮᠨᠡᠯᠬᠡ ᠶᠢᠨ ᠬᠤᠷᠢᠶ᠎ᠠ ᠶᠢᠨ ᠬᠢᠨ ᠬᠦᠳᠡᠯᠵᠦ ᠪᠠᠷᠢᠬᠤ ᠳᠤ ᠲᠦᠬᠦᠮ ᠦᠬᠡᠢ 65 ᠨᠠᠰᠦᠨ ᠠᠴᠠ ᠲᠡᠭᠡᠭᠰᠢᠬᠢ ᠨᠠᠰᠦᠳᠠᠶᠢᠴᠤᠳ ᠤᠨ ᠬᠡᠷ ᠢᠶᠠᠷ ᠬᠦᠷᠴᠦ ᠦᠨ᠎ᠡ ᠲᠦᠯᠦᠪᠦᠷᠢ ᠦᠬᠡᠢ ᠡᠷᠡᠬᠦᠯ ᠮᠡᠨᠳᠤ ᠶᠢᠨ ᠪᠡᠶ᠎ᠡ ᠶᠢᠨ ᠪᠠᠶᠢᠴᠠᠭᠠᠯᠳᠠ ᠬᠢᠵᠦ ᠦᠭᠴᠡᠢ᠃     ᠡᠮᠴᠢᠯᠡᠬᠡᠨ ᠤ ᠠᠵᠢᠯᠳᠠᠳ ᠨᠠᠰᠦᠳᠠᠶᠢᠴᠤᠳ ᠢ ᠲᠠᠩᠰᠠᠯᠠᠵᠦ᠂ ᠨᠠᠰᠤᠳᠠᠶᠢᠴᠤᠳ ᠠᠴᠠ ᠴᠢᠰᠦ ᠠᠪᠴᠤ ᠲᠤᠰᠬᠠᠢ ᠮᠡᠷᠬᠡᠵᠢᠯ ᠤᠨ ᠪᠠᠶᠢᠴᠠᠭᠠᠯᠳᠠ ᠬᠢᠭᠰᠡᠨ ᠪᠦᠭᠡᠳ ᠲᠡᠳᠡᠨ ᠤ ᠠᠰᠠᠭᠤᠬᠰᠠᠨ ᠮᠠᠳᠠᠭ ᠲᠠᠢ ᠠᠰᠠᠭᠤᠯᠳᠠ ᠶᠢ ᠬᠠᠷᠢᠭᠤᠯᠵᠦ᠂ ᠦᠷᠬᠦᠯᠵᠢ ᠲᠤᠬᠢᠶᠠᠯᠳᠤᠬᠤ ᠡᠪᠡᠳᠴᠢᠨ᠂ ᠤᠯᠠᠨ ᠡᠬᠦᠰᠬᠦ ᠡᠪᠡᠳᠴᠢᠨ ᠢ ᠤᠷᠢᠳᠴᠢᠯᠠᠨ ᠰᠡᠷᠬᠡᠶᠢᠯᠡᠵᠦ ᠤᠨᠤᠰᠢᠯᠠᠨ ᠵᠠᠰᠠᠬᠤ᠂ ᠠᠮᠢᠳᠦᠷᠠᠯ ᠤᠨ ᠵᠠᠩ ᠲᠠᠳᠬᠠᠯ᠂ ᠡᠮ ᠬᠡᠷᠡᠭᠯᠡᠬᠦ ᠵᠡᠷᠭᠡ ᠲᠠᠯ᠎ᠠ ᠪᠠᠷ ᠡᠷᠡᠬᠦᠯ ᠮᠡᠨᠳᠤ ᠶᠢᠨ ᠵᠢᠯᠤᠭᠤᠳᠤᠯᠭ᠎ᠠ ᠬᠠᠨᠭ᠍ᠭᠠᠵᠠᠢ᠃     ᠲᠤᠰ ᠤᠳᠠᠭᠠᠨ ᠤ ᠪᠡᠶ᠎ᠡ ᠶᠢᠨ ᠪᠠᠶᠢᠴᠠᠭᠠᠯᠳᠠ ᠨᠢ ᠨᠠᠰᠦᠳᠠᠶᠢᠴᠤᠳ ᠤᠨ ᠡᠷᠡᠬᠦᠯ ᠮᠡᠨᠳᠤ ᠶᠢᠨ ᠱᠠᠭᠠᠷᠳᠠᠯᠭ᠎ᠠ ᠶᠢ ᠬᠠᠨᠭ᠍ᠭᠠᠵᠦ᠂ ᠦᠨᠳᠦᠰᠦᠨ ᠱᠠᠳᠦᠨ ᠤ ᠨᠡᠶᠢᠳᠡ ᠶᠢᠨ ᠡᠷᠡᠬᠦᠯ ᠬᠠᠮᠠᠭᠠᠯᠠᠯ ᠤᠨ ᠦᠢᠯᠡᠴᠢᠯᠡᠭᠡ ᠶᠢ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠲᠤ ᠬᠦᠷᠳᠡᠬᠡᠵᠡᠢ᠃ ᠤᠳᠤᠬᠠᠨ ᠪᠤᠯᠳᠠᠯ᠎ᠠ᠂ ᠬᠤᠳᠠ ᠶᠢᠨ ᠲᠡᠬᠦᠷᠭᠡ ᠨᠡᠶᠢᠬᠡᠮ ᠲᠤᠭᠤᠷᠢᠭ ᠤᠨ ᠬᠤᠪᠢᠶᠠᠷᠢ ᠡᠮᠨᠡᠯᠬᠡ ᠶᠢᠨ ᠬᠤᠷᠢᠶ᠎ᠠ ᠬᠡᠷ ᠪᠦᠯᠢ ᠶᠢᠨ ᠡᠮᠴᠢ ᠶᠢᠨ ᠪᠦᠯᠬᠦᠮ ᠢ ᠨᠡᠶᠢᠳᠡ 6 ᠪᠠᠶᠢᠭᠤᠯᠵᠦ ᠂ 17 ᠲᠤᠤᠷᠵᠢᠭᠤᠯᠤᠬᠴᠢ ᠬᠤᠪᠢᠶᠠᠷᠢᠯᠠᠨ᠂ ᠬᠤᠳᠠ ᠶᠢᠨ ᠲᠡᠬᠦᠷᠭᠡ ᠵᠢᠴᠢ ᠲᠢᠶᠠᠨ ᠵᠢᠶᠤᠤ ᠵᠡᠭᠡᠯᠢ ᠶᠢᠨ 9 ᠨᠡᠶᠢᠬᠡᠮ ᠲᠤᠭᠤᠷᠢᠭ ᠤᠨ 34879 ᠰᠠᠭᠤᠭᠠᠯᠢ ᠠᠷᠠᠳ ᠲᠤ ᠡᠷᠡᠬᠦᠯ ᠮᠡᠨᠳᠤ ᠶᠢᠨ ᠲᠠᠩᠰᠠ ᠪᠠᠶᠢᠭᠤᠯᠵᠦ᠂ ᠲᠡᠳᠡᠨ ᠳᠤ ᠨᠡᠶᠢᠳᠡ ᠶᠢᠨ ᠡᠷᠡᠬᠦᠯ ᠬᠠᠮᠠᠭᠠᠯᠠᠯ ᠤᠨ ᠦᠨᠳᠦᠰᠦᠨ ᠦᠢᠯᠡᠴᠢᠯᠡᠭᠡ ᠬᠠᠨᠭ᠍ᠭᠠᠵᠠᠢ᠃ ᠲᠡᠳᠡ ᠪᠠᠰᠠ ᠬᠦᠳᠡᠯᠵᠦ ᠪᠠᠷᠢᠬᠤ ᠳᠤ ᠲᠦᠬᠦᠮ ᠦᠬᠡᠢ 65 ᠨᠠᠰᠦᠨ ᠠᠴᠠ ᠲᠡᠭᠡᠭᠰᠢᠬᠢ 355 ᠨᠠᠰᠤᠳᠡᠨ ᠳᠤ ᠦᠨ᠎ᠡ ᠲᠦᠯᠦᠪᠦᠷᠢ ᠦᠬᠡᠢ ᠪᠠᠶ᠎ᠡ ᠶᠢᠨ ᠪᠠᠶᠢᠴᠠᠭᠠᠯᠳᠠ ᠬᠢᠵᠦ ᠦᠭᠬᠦᠨ᠂ ᠰᠠᠭᠤᠭᠠᠯᠢ ᠠᠷᠠᠳ ᠤᠨ ᠡᠷᠡᠬᠦᠯ ᠮᠡᠨᠳᠤ ᠶᠢ ᠦᠨᠡᠨᠬᠦ ᠬᠠᠮᠠᠭᠠᠯᠠᠵᠠᠢ᠃    ︵ᠬᠠᠨ᠎ᠠ︶
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号