ᠤᠯᠠᠭᠠᠨᠬᠤᠲᠠ ᠬᠤᠶᠠᠳᠤᠭᠠᠷ ᠳᠤᠮᠳᠠᠳᠤ ᠰᠤᠷᠭᠠᠭᠤᠯᠢ ᠭᠠᠯ ᠢ ᠰᠡᠷᠭᠡᠶᠢᠯᠡᠬᠦ ᠰᠤᠷᠢᠯᠲᠠ ᠬᠢᠭᠰᠡᠨ ᠪᠠᠶᠢᠨ᠎ᠠ
ᠨᠡᠶᠢᠲᠡᠯᠡᠭᠰᠡᠨ ᠴᠠᠭ᠄
2024/11/19
    ᠪᠠᠭᠰᠢ ᠰᠤᠷᠤᠭᠴᠢᠳ ᠤᠨ ᠭᠠᠯ ᠢ ᠰᠡᠷᠭᠡᠶᠢᠯᠡᠬᠦ ᠤᠬᠠᠮᠰᠠᠷ ᠪᠤᠯᠤᠨ ᠦᠪᠡᠷ ᠢ ᠪᠠᠨ ᠠᠪᠤᠷᠠᠬᠤ ᠴᠢᠳᠠᠪᠤᠷᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠭᠠᠯ ᠢ ᠰᠡᠷᠭᠡᠶᠢᠯᠡᠵᠦ᠂ ᠠᠮᠤᠷ ᠲᠦᠪᠰᠢᠨ ᠰᠤᠷᠭᠠᠭᠤᠯᠢ ᠶᠢᠨ ᠬᠦᠷᠢᠶ᠎ᠡ ᠶᠢ ᠪᠠᠶᠢᠭᠤᠯᠬᠤ ᠪᠠᠷ 11 ᠰᠠᠷ᠎ᠠ ᠶᠢᠨ 8 ᠤ ᠡᠳᠦᠷ᠂ ᠤᠯᠠᠭᠠᠨᠬᠤᠲᠠ ᠬᠤᠶᠠᠳᠤᠭᠠᠷ ᠳᠤᠮᠳᠠᠲᠦ ᠰᠤᠷᠭᠠᠭᠤᠯᠢ ᠭᠠᠯ ᠢ ᠰᠡᠷᠭᠡᠶᠢᠯᠡᠬᠦ ᠰᠤᠷᠢᠯᠲᠠ ᠬᠢᠵᠠᠢ᠃     ᠶᠠᠭᠤᠨ ᠤ ᠡᠮᠦᠨ᠎ᠠ ᠭᠠᠯ ᠰᠡᠷᠭᠡᠶᠢᠯᠡᠵᠦ ᠤᠨᠳᠠᠷᠠᠭᠠᠬᠤ ᠰᠤᠷᠢᠯᠲᠠ ᠶᠢᠨ ᠠᠵᠢᠯᠯᠠᠭᠠᠨ ᠤ ᠤᠬᠠᠭᠤᠯᠤᠭᠴᠢ ᠭᠡᠨᠡᠳᠲᠡ ᠶᠢᠨ ᠠᠶᠤᠯ ᠢ ᠠᠷᠭᠠᠴᠠᠭᠠᠬᠤ ᠲᠤᠬᠠᠢ ᠬᠠᠮᠢᠶ᠎ᠠ ᠪᠦᠬᠦᠢ ᠮᠡᠳᠡᠯᠭᠡ ᠪᠤᠯᠤᠨ ᠠᠩᠬᠠᠷᠬᠤ ᠵᠦᠢᠯ ᠢ ᠲᠠᠶᠢᠯᠪᠤᠷᠢᠯᠠᠵᠠᠢ᠃ ᠲᠠᠷᠠᠭ᠎ᠠ ᠳᠤᠨᠢ ᠰᠡᠷᠡᠮᠵᠢ ᠶᠢᠨ ᠬᠤᠨᠭ᠍ᠬᠤ ᠶᠢ ᠲᠤᠤᠭᠠᠷᠭᠠᠵᠦ ᠬᠢᠴᠢᠶᠡᠯᠯᠡᠵᠦ ᠪᠠᠶᠢᠭᠰᠠᠨ ᠪᠠᠭᠰᠢ ᠰᠤᠷᠤᠭᠴᠢᠳ ᠢ ᠡᠮᠬᠢ ᠴᠡᠭᠴᠡᠲᠡᠢ  ᠠᠮᠤᠷ ᠲᠦᠪᠰᠢᠨ ᠢᠶᠠᠷ ᠲᠤᠬᠳᠠᠬᠰᠠᠨ ᠭᠠᠵᠠᠷ ᠲᠤ ᠴᠤᠬᠯᠠᠷᠠᠭᠤᠯᠤᠨ ᠰᠤᠷᠢᠯᠲᠠ ᠪᠠᠨ ᠠᠯᠬᠤᠮ ᠲᠠᠷᠠᠭ᠎ᠠ ᠲᠠᠢ ᠶᠠᠪᠤᠬᠳᠠᠭᠤᠯᠵᠠᠢ᠃     ᠰᠤᠷᠢᠯᠲᠠ ᠶᠢᠨ ᠳᠠᠷᠠᠭ᠎ᠠ ᠰᠤᠷᠭᠠᠭᠤᠯᠢ ᠶᠢᠨ ᠭᠠᠯ ᠰᠡᠷᠭᠡᠶᠢᠯᠡᠵᠦ ᠤᠨᠲᠠᠷᠠᠭᠠᠬᠤ ᠰᠤᠷᠢᠯᠲᠠ ᠶᠢᠨ ᠠᠵᠢᠯᠯᠠᠭᠠᠨ ᠤ ᠶᠡᠷᠦᠩᠬᠡᠢ ᠬᠠᠮᠢᠶᠠᠷᠤᠭᠴᠢ ᠭᠠᠯ ᠢ ᠰᠡᠷᠭᠡᠶᠢᠯᠡᠵᠦ ᠠᠮᠤᠷ ᠲᠦᠪᠰᠢᠨ ᠢ ᠪᠠᠳᠤᠯᠠᠬᠤ ᠲᠤᠬᠠᠢ ᠪᠠᠭᠰᠢ ᠰᠤᠷᠤᠭᠴᠢᠳ ᠲᠤ ᠬᠢᠴᠢᠶᠡᠯ ᠣᠷᠤᠵᠤ᠂ ᠭᠠᠯ ᠤᠨ ᠠᠶᠤᠯ ᠠᠴᠠ ᠵᠢᠭᠤᠳᠠᠬᠤ ᠤᠷ᠎ᠠ ᠮᠡᠷᠭᠡᠵᠢᠯ ᠤᠯᠠᠮᠵᠢᠯᠠᠵᠠᠢ᠃ ᠪᠠᠰᠠ ᠦᠪᠡᠷ ᠢ ᠪᠠᠨ ᠬᠡᠷᠬᠢᠨ ᠠᠪᠤᠷᠠᠬᠤ᠂ ᠭᠠᠯ ᠰᠡᠷᠭᠡᠶᠢᠯᠡᠵᠤ ᠤᠨᠲᠠᠷᠠᠭᠠᠬᠤ ᠲᠤᠨᠤᠬ ᠲᠥᠭᠦᠬᠡᠷᠤᠮᠵᠢ ᠶᠢ ᠬᠡᠷᠬᠢᠨ ᠬᠡᠷᠡᠭᠯᠡᠬᠦ᠂ ᠭᠠᠯ ᠤᠨ ᠠᠶᠤᠯ ᠠᠴᠠ ᠬᠡᠷᠬᠢᠨ ᠠᠮᠤᠷ ᠲᠦᠪᠰᠢᠨ ᠢᠶᠠᠷ ᠵᠠᠶᠢᠯᠠᠬᠤ ᠲᠤᠬᠠᠢ ᠨᠠᠷᠢᠨ ᠲᠤᠳᠤᠷᠬᠠᠢ ᠲᠠᠶᠢᠯᠪᠤᠷᠢᠯᠠᠵᠤ᠂ ᠪᠠᠭᠰᠢ ᠰᠤᠷᠤᠭᠴᠢᠳ ᠤᠨ ᠭᠠᠯ ᠢ ᠰᠡᠷᠭᠡᠶᠢᠯᠡᠬᠦ ᠦᠵᠡᠯ ᠤᠬᠠᠮᠰᠠᠷ ᠪᠠ ᠪᠠᠴᠢᠮ ᠪᠠᠶᠢᠳᠡᠯ ᠢ ᠠᠷᠭᠠᠴᠠᠭᠠᠬᠤ ᠴᠢᠳᠠᠪᠤᠷᠢ ᠶᠢ ᠦᠨᠡᠨᠬᠦ ᠳᠡᠭᠡᠭᠰᠢᠯᠡᠬᠦᠯᠵᠠᠢ᠃  ᠹᠦ᠋ ᠹᠦ᠋ ᠮᠡᠳᠡᠭᠡᠯᠡᠪᠠ
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号