| | ᠳᠤᠮᠳᠠᠳᠤ ᠤᠯᠤᠰ ᠤᠨ ᠬᠡᠷᠡᠭᠯᠡᠭᠴᠢᠳ ᠤᠨ ᠨᠡᠶᠢᠭᠡᠮᠯᠢᠭ ᠠᠴᠠ ᠣᠶᠢᠯᠠᠭᠠᠭᠰᠠᠨ ᠢᠶᠠᠷ᠂ 2024 ᠣᠨ ᠤ | ᠳᠣᠣᠷ᠎ᠠ ᠬᠠᠭᠠᠰ ᠵᠢᠯ ᠳᠤ ᠳᠤᠮᠳᠠᠳᠤ ᠤᠯᠤᠰ ᠤᠨ ᠬᠡᠷᠡᠭᠯᠡᠭᠴᠢᠳ ᠤᠨ ᠨᠡᠶᠢᠭᠡᠮᠯᠢᠭ ᠠᠴᠠ ᠵᠠᠬ᠎ᠠ ᠳᠡᠯᠭᠡᠭᠦᠷ ᠳᠡᠭᠡᠷ᠎ᠡ | ᠦᠷᠭᠦᠯᠵᠢ ᠬᠠᠷᠠᠭᠳᠠᠳᠠᠭ 25 ᠵᠦᠢᠯ ᠤᠨ ᠬᠡᠦᠬᠡᠳ ᠤᠨ ᠰᠢᠲᠦᠨ ᠤ ᠬᠠᠨᠳᠠ ᠶᠢᠨ ᠪᠦᠲᠦᠭᠡᠭᠳᠡᠬᠦᠨ ᠳᠤ ᠲᠤᠷᠰᠢᠯᠲᠠ | ᠬᠢᠬᠦ ᠪᠠᠷ ᠦᠯᠢᠭᠡᠷ ᠡᠳ᠋ ᠢ ᠲᠤᠰ ᠲᠤᠰ ᠪᠤᠳᠠᠳᠤ ᠠᠬᠤᠢ ᠪᠤᠯᠤᠨ ᠰᠦᠯᠵᠢᠶᠡᠨ ᠳᠡᠭᠡᠷ᠎ᠡ ᠣᠯᠠᠨ ᠠᠷᠭ᠎ᠠ ᠵᠠᠮ ᠢᠶᠠᠷ | ᠬᠤᠳᠠᠯᠳᠤᠨ ᠠᠪᠴᠠᠢ᠃ ᠲᠣᠰ ᠤᠳᠠᠭᠠᠨ ᠤ ᠲᠤᠷᠰᠢᠯᠲᠠ ᠶᠢ ᠳᠤᠮᠳᠠᠳᠤ ᠤᠯᠤᠰ ᠤᠨ ᠰᠢᠯᠭᠠᠨ ᠪᠠᠶᠢᠴᠠᠭᠠᠬᠤ ᠬᠢᠵᠢᠭ | ᠪᠠᠶᠢᠴᠠᠭᠠᠬᠤ ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ ᠤᠨ ᠵᠠᠰᠠᠯ ᠴᠢᠮᠡᠭᠯᠡᠯ ᠤᠨ ᠡᠳ᠋ ᠤᠨ ᠮᠡᠷᠭᠡᠵᠢᠯ ᠤᠨ | ᠲᠥᠪ ᠲᠤ ᠨᠠᠶᠢᠳᠠᠵᠤ᠂ ᠥᠯᠢᠭᠡᠷ ᠡᠳ᠋ ᠤᠨ ᠳᠣᠲᠣᠷᠠᠬᠢ ᠹᠯᠣᠷ ᠤᠨ ᠠᠭᠤᠯᠤᠭᠳᠠᠴᠠ᠂ ᠬᠤᠤᠷᠳᠦ ᠡᠳ᠋᠂ | ᠬᠥᠭᠡᠰᠦᠷᠡᠭᠦᠯᠦᠭᠴᠢ ᠡᠳ᠋᠂ ᠦᠯᠦ ᠢᠯᠵᠢᠷᠠᠬᠦᠯᠬᠦ ᠡᠳ᠋ ᠲᠤ ᠰᠢᠯᠭᠠᠨ ᠪᠠᠶᠢᠴᠠᠭᠠᠯᠲᠠ ᠬᠢᠪᠠ᠃ ᠶᠡᠷᠦᠩᠬᠡᠶᠢᠯᠡᠭᠰᠡᠨ | ᠲᠤᠷᠰᠢᠯᠲᠠ ᠶᠢᠨ ᠦᠷ᠎ᠡ ᠳ᠋ᠦᠩ ᠳᠤ᠂ ᠬᠡᠣᠬᠡᠳ ᠤᠨ ᠰᠢᠲᠦᠨ ᠤ ᠬᠠᠨᠳᠠ ᠶᠢᠨ ᠪᠦᠳᠤᠬᠡᠭᠳᠡᠬᠦᠨ ᠪᠤᠯᠭᠠᠨ ᠨᠢ | ᠲᠣᠷᠰᠢᠯᠳᠠ ᠪᠠᠷ ᠲᠠᠮᠵᠢᠨ ᠬᠤᠣᠷᠳᠣ ᠪᠦᠷᠢᠯᠳᠦᠭᠦᠨ ᠪᠣᠯᠣᠨ ᠦᠯᠤ ᠢᠯᠵᠢᠷᠡᠬᠦᠯᠬᠦ ᠡᠳ᠋ ᠵᠡᠷᠭᠡ ᠶᠢ ᠪᠠᠶᠢᠴᠠᠭᠠᠨ | ᠤᠯᠤᠭᠰᠠᠠ ᠦᠬᠡᠢ᠃ ᠡᠨᠡ ᠬᠦ ᠲᠤᠷᠰᠢᠯᠳᠠ ᠨᠢ ᠹᠯᠣᠷ ᠤᠨ ᠠᠭᠤᠯᠣᠭᠳᠠᠴᠨ᠂ ᠬᠥᠭᠡᠰᠦᠷᠡᠭᠦᠯᠦᠭᠴᠢ ᠡᠳ᠋ ᠤᠨ | ᠬᠡᠮᠵᠢᠶ᠎ᠠ ᠨᠢ ᠴᠦ ᠣᠯᠣᠰ ᠤᠨ ᠪᠠᠷᠢᠮᠵᠢᠶ᠎ᠠ ᠶᠢᠨ ᠬᠢᠵᠠᠭᠠᠷᠯᠠᠭᠰᠠᠠ ᠳᠤᠭ᠎ᠠ ᠠᠴᠠ ᠬᠡᠳᠤᠷᠡᠭᠰᠡᠡ ᠦᠬᠡᠢ᠂ ᠪᠦᠷ | ᠤᠯᠤᠰ ᠤᠨ ᠪᠠᠷᠢᠮᠵᠢᠶ᠎ᠠ ᠳᠤ ᠨᠡᠶᠢᠴᠡᠪᠡ᠃ | ᠲᠣᠰ ᠤᠳᠠᠭᠠᠨ ᠤ ᠲᠤᠷᠰᠢᠯᠲᠠ ᠬᠢᠭᠰᠡᠨ 25 ᠵᠦᠢᠯ ᠤᠨ ᠬᠡᠦᠬᠡᠳ ᠤᠨ ᠰᠢᠲᠦᠨ ᠤ ᠬᠠᠨᠳᠠ ᠶᠢᠨ | ᠪᠦᠲᠦᠭᠡᠭᠳᠡᠬᠦᠨ ᠨᠢ ᠴᠥᠮ ᠠᠮᠤᠷ ᠲᠦᠪᠰᠢᠨ ᠴᠢᠨᠠᠷ ᠢᠶᠠᠷ ᠰᠠᠶᠢᠨ ᠪᠠᠶᠢᠳᠠᠯ ᠪᠠᠶᠢᠬᠤ ᠪᠤᠯᠪᠠᠴᠤ ᠰᠣᠩᠭᠤᠨ | ᠬᠤᠳᠠᠯᠳᠤᠨ ᠠᠪᠬᠤ ᠪᠠ ᠡᠳᠦᠷ ᠲᠤᠲᠤᠮ ᠤᠨ ᠪᠣᠳᠠᠲᠠᠶ ᠬᠡᠷᠡᠭᠯᠡᠬᠡᠨ ᠤ ᠳᠤᠮᠳᠠ ᠳᠤᠮᠳᠠᠳᠤ ᠤᠯᠤᠰ ᠤᠨ | ᠬᠡᠷᠡᠭᠯᠡᠭᠴᠢᠳ ᠤᠨ ᠨᠡᠶᠢᠭᠡᠮᠯᠢᠭ ᠠᠴᠠ ᠥᠷᠭᠡᠨ ᠣᠯᠠᠨ ᠭᠡᠷ ᠤᠨ ᠠᠬᠠᠮᠠᠳ ᠲᠤ ᠳᠣᠣᠷᠠᠬᠢ ᠬᠡᠳᠦᠨ ᠲᠠᠯ᠎ᠠ ᠶᠢ | ᠠᠩᠬᠠᠷᠬᠤ ᠶᠢ ᠰᠠᠨᠠᠭᠤᠯᠪᠠ᠄ | 1. ᠵᠦᠪ ᠠᠷᠭ᠎ᠠ ᠵᠠᠮ ᠢ ᠰᠤᠩᠭᠤᠵᠤ ᠪᠦᠳᠤᠬᠡᠭᠳᠡᠬᠦᠨ ᠢᠶᠠᠨ ᠬᠤᠳᠠᠯᠳᠤᠨ ᠠᠪᠤᠪᠡᠯ ᠵᠤᠬᠢᠨ᠎ᠠ᠃ ᠭᠡᠷ ᠤᠨ | ᠠᠬᠠᠮᠠᠳ ᠨᠠᠷ ᠦᠨᠡᠨᠴᠢ ᠢᠳᠡᠬᠡᠮᠵᠢᠳᠡᠢ ᠪᠣᠷᠣᠯᠠᠭᠤᠯᠬᠤ ᠲᠣᠤᠷ ᠴᠡᠭ᠂ ᠬᠤᠳᠠᠯᠳᠤᠭᠠᠨ ᠤ ᠬᠡᠲᠦ ᠳᠡᠯᠭᠡᠭᠦᠷ ᠢ | ᠰᠣᠩᠭᠤᠨ ᠪᠣᠭᠤᠳᠠᠯ ᠪᠠᠭᠯᠠᠭ᠎ᠠ ᠨᠢ ᠪᠦᠬᠦᠯᠢ ᠪᠦᠳᠤᠨ᠂ ᠲᠠᠸᠠᠷ ᠤᠨ ᠲᠡᠮᠳᠡᠭ ᠨᠢ ᠪᠦᠷᠢᠨ ᠲᠣᠳᠣᠷᠬᠠᠶ | ᠪᠦᠳᠤᠬᠡᠭᠳᠡᠬᠦᠨ ᠢ ᠰᠣᠩᠭᠤᠨ ᠠᠪᠴᠤ᠂ ᠬᠠᠭᠤᠷᠮᠠᠭ ᠮᠠᠭᠤ ᠪᠦᠳᠤᠬᠡᠭᠳᠡᠬᠦᠨ ᠬᠤᠳᠠᠯᠳᠤᠨ ᠠᠪᠬᠤ ᠠᠴᠠ | ᠰᠡᠷᠭᠡᠶᠢᠯᠡᠬᠦ ᠶᠢ ᠰᠠᠨᠠᠭᠤᠯᠪᠠ᠃ ︽ᠰᠢᠲᠦᠨ ᠤ ᠬᠠᠨᠳᠠ ᠶᠢᠨ ᠪᠦᠳᠤᠬᠡᠭᠳᠡᠬᠦᠨ ᠢ ᠬᠢᠨᠠᠠ ᠬᠠᠮᠢᠶᠠᠷᠬᠤ ᠠᠷᠭ᠎ᠠ︾ ᠶᠢ | ᠦᠨᠳᠦᠰᠦᠯᠡᠪᠡᠯ᠂ ᠰᠢᠲᠦᠨ ᠤ ᠬᠠᠨᠳᠠ ᠶᠢᠨ ᠪᠦᠳᠤᠬᠡᠭᠳᠡᠬᠦᠨ ᠢ ᠭᠤᠶᠣᠯᠠᠯ ᠤᠨ ᠡᠳ᠋ ᠤᠨ ᠦᠢᠯᠡᠳᠪᠦᠷᠢᠯᠡᠯ ᠤᠨ ᠴᠢᠨᠠᠷ | ᠴᠢᠨᠰᠠᠭ᠎ᠠ ᠶᠢᠨ ᠬᠠᠮᠢᠶᠠᠷᠤᠯᠲᠠ ᠶᠢᠨ ᠱᠠᠭᠠᠷᠳᠠᠯᠭ᠎ᠠ ᠶᠣᠰᠣᠭᠠᠷ ᠦᠢᠯᠡᠳᠪᠦᠷᠢᠯᠡᠵᠤ᠂ ᠬᠡᠷᠡᠭᠯᠡᠭᠴᠢᠳ ᠭᠠᠳᠠᠷ | ᠪᠤᠭᠤᠳᠠᠯ ᠳᠤᠨᠢ ︽ᠵᠢᠵᠢᠭ ᠳᠤᠭᠤᠯᠠᠭ᠎ᠠ︾ ᠶᠢᠨ ᠲᠡᠮᠳᠡᠭ ᠪᠠᠶᠢᠬᠤ ᠡᠰᠡᠬᠦ ᠶᠢ ᠣᠨᠴᠠᠭᠠᠶᠢᠯᠠᠨ ᠠᠩᠬᠠᠷᠬᠤ ᠬᠡᠷᠡᠭᠲᠡᠢ᠃ | 2. ᠪᠦᠳᠤᠬᠡᠭᠳᠡᠬᠦᠨ ᠤ ᠱᠣᠰᠢᠭ᠎ᠠ ᠲᠡᠮᠳᠡᠭ ᠢ ᠠᠩᠬᠠᠷᠪᠡᠯ ᠵᠤᠬᠢᠨ᠎ᠠ᠃ ᠭᠡᠷ ᠤᠨ ᠠᠬᠠᠮᠠᠳ ᠰᠢᠳᠤᠨ ᠤ | ᠬᠠᠨᠳᠠ ᠶᠢᠨ ᠪᠦᠳᠤᠬᠡᠭᠳᠡᠬᠦᠨ ᠢ ᠰᠣᠩᠭᠤᠨ ᠬᠤᠳᠠᠯᠳᠤᠨ ᠠᠪᠬᠤ ᠳᠠᠭᠠᠨ ᠡᠩ ᠲᠡᠷᠢᠭᠦᠨ ᠳᠤ ᠪᠦᠳᠤᠬᠡᠭᠳᠡᠬᠦᠨ ᠤ | ᠭᠠᠳᠠᠷ ᠪᠣᠭᠤᠳᠠᠯ ᠤᠨ ᠱᠣᠰᠢᠭ᠎ᠠ ᠲᠡᠮᠳᠡᠭ ᠨᠢ ᠪᠦᠷᠢᠨ ᠭᠦᠢᠴᠡᠳ ᠪᠠᠶᠢᠬᠤ ᠡᠰᠡᠬᠦ ᠶᠢ ᠪᠠᠶᠢᠴᠠᠭᠠᠨ ᠦᠵᠡᠬᠦ ᠬᠡᠷᠡᠭᠲᠡᠶ᠂ | ᠢᠯᠠᠩᠭᠤᠶ᠎ᠠ ᠭᠠᠳᠠᠭᠠᠳᠤ ᠠᠴᠠ ᠣᠷᠣᠭᠤᠯᠤᠭᠰᠠᠨ ᠰᠢᠳᠦᠨ ᠤ ᠬᠠᠨᠳᠠ ᠶᠢᠨ ᠪᠦᠳᠤᠬᠡᠭᠳᠡᠬᠦᠨ ᠨᠢ ᠡᠷᠬᠡᠪᠰᠢ | ᠵᠢᠷᠤᠮᠵᠢᠭᠰᠠᠨ ᠬᠢᠲᠠᠳ ᠦᠰᠦᠭ ᠪᠤᠯᠤᠨ ᠱᠤᠰᠢᠭ᠎ᠠ ᠲᠡᠮᠳᠡᠭ ᠪᠠᠶᠢᠬᠤ ᠬᠡᠷᠡᠭᠲᠡᠶ᠃ ᠳᠠᠷᠠᠭᠠᠯᠠᠪᠠᠯ ᠬᠡᠤᠬᠡᠳ ᠲᠤ | ᠳᠤᠬᠢᠷᠠᠬᠤ ᠨᠠᠰᠤᠨ ᠤ ᠪᠦᠳᠤᠬᠡᠭᠳᠡᠬᠦᠨ᠂ ᠤᠬᠠᠭᠤᠯᠭ᠎ᠠ ᠶᠢᠨ ᠦᠷ᠎ᠠ ᠠᠰᠢᠬ᠂ ᠪᠦᠷᠢᠯᠳᠦᠬᠦᠨ ᠵᠡᠷᠭᠡ ᠵᠦᠢᠯ ᠤᠳ ᠢ | ᠭᠤᠣᠯᠳᠠᠯᠭ᠎ᠠ ᠲᠠᠢ ᠠᠩᠬᠠᠷᠴᠤ᠂ ᠰᠡᠳᠦᠯᠲᠡ ᠶᠢᠨ ᠴᠢᠨᠠᠷ ᠢᠶᠠᠷ ᠪᠠᠭ᠎ᠠ᠂ ᠬᠥᠭᠡᠰᠦᠷᠡᠬᠦ ᠬᠡᠮᠵᠢᠶ᠎ᠡ ᠪᠠᠷ ᠪᠠᠭ᠎ᠠ᠂ | ᠬᠡᠦᠬᠡᠳ ᠤᠨ ᠨᠠᠰᠤ ᠵᠢᠯ ᠳᠤ ᠲᠣᠬᠢᠷᠠᠭᠰᠠᠨ ᠪᠦᠲᠦᠭᠡᠭᠳᠡᠬᠦᠨ ᠢ ᠬᠤᠳᠠᠯᠳᠤᠨ ᠠᠪᠬᠤ ᠶᠢ ᠰᠠᠨᠠᠭᠤᠯᠪᠠ᠃ 3 | ᠨᠠᠰᠤᠨ ᠠᠴᠠ ᠳᠣᠷᠣᠭᠰᠢᠬᠢ ᠬᠡᠦᠬᠡᠳ ᠠᠯᠢ ᠴᠢᠳᠠᠬᠤ ᠪᠠᠷ ᠹᠯᠣᠷ ᠠᠭᠤᠯᠤᠭᠰᠠᠠ ᠦᠭᠡᠶ ᠪᠦᠳᠤᠬᠡᠭᠳᠡᠬᠦᠨ ᠢ | ᠰᠣᠩᠭᠤᠨ᠎ᠠ᠂ ᠬᠡᠷᠪᠡ ᠹᠯᠣᠷ ᠠᠭᠤᠯᠤᠭᠰᠠᠨ ᠪᠦᠳᠤᠬᠡᠭᠳᠡᠬᠦᠨ ᠢ ᠰᠣᠩᠭᠤᠬᠤ ᠳᠤ ᠬᠦᠷᠪᠡᠯ᠂ ᠤᠳᠠᠭ᠎ᠠ ᠪᠦᠷᠢ ᠶᠢᠨ | ᠬᠡᠷᠡᠭᠯᠡᠬᠦ ᠬᠡᠮᠵᠢᠶ᠎ᠡ ᠶᠢ ᠸᠠᠨᠳ᠋ᠸᠤ ᠶᠢᠨ ᠵᠡᠷᠬᠡ ᠬᠡᠷᠡᠭᠯᠡᠵᠤ᠂ ᠰᠢᠳᠦᠨ ᠤ ᠬᠠᠨᠳᠠ ᠶᠢ ᠵᠠᠯᠭᠢᠬᠤ ᠠᠴᠠ ᠵᠠᠶᠢᠯᠠᠰᠭᠢᠬᠦ | ᠬᠡᠷᠡᠭᠲᠡᠶ᠃ | 3. ᠪᠦᠳᠤᠬᠡᠭᠳᠡᠬᠦᠨ ᠤ ᠤᠬᠠᠭᠤᠯᠭ᠎ᠠ ᠶᠢᠨ ᠦᠷ᠎ᠠ ᠠᠰᠢᠬ ᠢ ᠪᠠᠶᠢᠴᠠᠭᠠᠨ ᠦᠵᠡᠬᠦ ᠴᠢᠬᠤᠯᠠᠳᠠᠢ᠃ ︽ | ᠰᠢᠳᠦᠨ ᠤ ᠬᠠᠨᠳᠠ ᠶᠢᠨ ᠪᠦᠳᠤᠬᠡᠭᠳᠡᠬᠦᠨ ᠢ ᠳᠠᠩᠰᠠᠯᠠᠭᠤᠯᠬᠤ ᠮᠠᠲ᠋ᠧᠷᠢᠶᠠᠯ ᠤᠨ ᠬᠠᠮᠢᠶᠠᠷᠤᠯᠲᠠ ᠶᠢᠨ ᠲᠣᠭᠲᠠᠭᠠᠯ︾ | ᠶᠣᠰᠣᠭᠠᠷ ᠬᠡᠦᠬᠡᠳ ᠤᠨ ᠰᠢᠳᠦᠨ ᠤ ᠬᠠᠨᠳᠠ ᠶᠢᠨ ᠪᠦᠳᠤᠬᠡᠭᠳᠡᠬᠦᠨ ᠨᠢ ᠵᠥᠪᠬᠡᠨ ᠠᠷᠢᠭᠤᠨ ᠴᠡᠪᠡᠷ᠂ | ᠬᠤᠷᠣᠬᠠᠶᠢᠲᠤᠬᠤ ᠠᠴᠠ ᠰᠡᠷᠭᠡᠶᠢᠯᠡᠬᠦ ᠤᠶᠢᠯᠠᠳᠤᠯ ᠲᠠᠢ᠃ ᠡᠭᠦᠨ ᠤ ᠬᠠᠮᠲᠤ ︽ᠪᠦᠬᠦ ᠬᠥᠮᠦᠰ ᠲᠤ ᠲᠣᠬᠢᠷᠠᠬᠤ︾᠂ | ︽ᠬᠡᠷ ᠪᠦᠯᠢ ᠶᠢᠨ ᠬᠦᠮᠤᠰ ᠪᠦᠷ ᠬᠡᠷᠡᠭᠯᠡᠵᠤ ᠪᠤᠯᠬᠤ︾ ᠵᠡᠷᠭᠡ ᠦᠭᠡ ᠦᠬᠦᠯᠠᠪᠤᠷᠢ ᠪᠤᠶᠤ ᠲᠠᠸᠠᠷ ᠤᠨ ᠲᠡᠮᠳᠡᠭ᠂ | ᠵᠢᠷᠤᠭ ᠳᠦᠷᠰᠦ᠂ ᠴᠠᠭᠠᠨ ᠲᠣᠯᠣᠭᠠᠢ᠂ ᠲᠤᠭ᠎ᠠ ᠲᠡᠮᠳᠡᠭ᠂ ᠪᠣᠭᠤᠳᠠᠯ ᠪᠠᠭᠯᠠᠭ᠎ᠠ ᠵᠡᠷᠭᠡ ᠶᠢ ᠠᠰᠢᠭᠯᠠᠨ᠂ | ᠪᠦᠳᠤᠬᠡᠭᠳᠡᠬᠦᠨ ᠤ ᠳᠤᠳᠤᠷ᠎ᠠ ᠬᠡᠤᠬᠡᠳ ᠤᠨ ᠪᠦᠳᠤᠬᠡᠭᠳᠡᠬᠦᠨ ᠢ ᠪᠠᠭᠳᠠᠭᠠᠭᠰᠠᠠ ᠪᠠᠶᠢᠪᠠᠯ ᠬᠡᠦᠬᠡᠳ ᠤᠨ ᠰᠢᠲᠦᠨ ᠤ | ᠬᠠᠨᠳᠠ ᠶᠢᠨ ᠪᠦᠳᠤᠬᠡᠭᠳᠡᠬᠦᠨ ᠢ ᠬᠢᠨᠡᠨ ᠬᠠᠮᠢᠶᠠᠷᠬᠤ ᠠᠷᠭ᠎ᠠ ᠪᠠᠷ ᠬᠠᠮᠢᠶᠠᠷᠤᠨ᠎ᠠ᠃ ᠡᠶᠢᠮᠤ ᠪᠠᠷ ᠢᠶᠠᠨ ᠬᠡᠷᠡᠭᠯᠡᠭᠴᠢᠳ | ᠪᠦᠳᠤᠬᠡᠭᠳᠡᠬᠦᠨ ᠢ ᠰᠣᠩᠭᠤᠵᠤ ᠬᠤᠳᠠᠯᠳᠤᠨ ᠠᠪᠬᠤ ᠳᠠᠭᠠᠨ ᠡᠷᠬᠡᠪᠰᠢ ᠨᠠᠷᠢᠨ ᠠᠵᠢᠭᠯᠠᠵᠤ ᠬᠢᠨᠠᠮᠠᠭᠠᠢ ᠦᠵᠡᠬᠦ | ᠬᠡᠷᠡᠭᠲᠡᠢ᠃ | 4. ᠰᠢᠳᠦᠨ ᠤ ᠬᠠᠨᠳᠠ ᠶᠢᠨ ᠪᠦᠳᠤᠬᠡᠭᠳᠡᠬᠦᠨ ᠤ ᠬᠤᠭᠤᠴᠠᠭ᠎ᠠ ᠶᠢ ᠨᠢ ᠠᠩᠬᠠᠷᠬᠤ ᠬᠡᠷᠡᠭᠲᠡᠢ᠃ ᠰᠢᠳᠦᠨ ᠤ | ᠬᠠᠨᠳᠠ ᠶᠢᠨ ᠪᠦᠳᠤᠬᠡᠭᠳᠡᠬᠦᠨ ᠢ ᠬᠤᠳᠠᠯᠳᠤᠨ ᠠᠪᠬᠤ ᠳᠤ ᠰᠢᠳᠦᠨ ᠤ ᠬᠠᠨᠳᠠ ᠶᠢᠨ ᠬᠠᠶᠢᠷᠴᠠᠭ ᠪᠤᠶᠤ ᠰᠢᠳᠦᠨ ᠤ | ᠬᠠᠨᠳᠠ ᠶᠢᠨ ᠬᠤᠭᠤᠴᠠᠭ᠎ᠠ ᠶᠢ ᠠᠩᠬᠠᠷᠴᠤ᠂ ᠬᠡᠷᠡᠭᠯᠡᠬᠦ ᠬᠤᠭᠤᠴᠠᠭ᠎ᠠ ᠨᠢ ᠥᠩᠭᠡᠷᠡᠭᠰᠡᠨ ᠪᠤᠶᠤ ᠬᠤᠭᠤᠴᠠᠭ᠎ᠠ ᠠᠴᠠ | ᠬᠡᠲᠦᠷᠡᠭᠰᠡᠨ ᠰᠢᠳᠦᠨ ᠤ ᠬᠠᠨᠳᠠ ᠶᠢᠨ ᠪᠦᠳᠤᠬᠡᠭᠳᠡᠬᠦᠨ ᠢ ᠬᠤᠳᠠᠯᠳᠤᠨ ᠠᠪᠴᠤ ᠪᠣᠯᠬᠤ ᠦᠭᠡᠢ᠃ ᠡᠭᠦᠨ ᠠᠴᠠ | ᠭᠠᠳᠠᠨ᠎ᠠ᠂ ᠨᠢᠭᠡᠨᠲᠡ ᠵᠠᠳᠠᠯᠤᠭᠰᠠᠨ ᠰᠢᠳᠦᠨ ᠤ ᠬᠠᠨᠳᠠ ᠶᠢᠨ ᠪᠦᠳᠤᠬᠡᠭᠳᠡᠬᠦᠨ ᠢ ᠨᠢᠭᠡ ᠬᠤᠶᠠᠷ ᠰᠠᠷ᠎ᠠ ᠶᠢᠨ ᠳᠣᠲᠣᠷ᠎ᠠ | ᠬᠡᠷᠡᠭᠯᠡᠵᠦ ᠳᠠᠭᠤᠰᠬᠤ ᠦᠬᠡᠢ ᠶᠤᠮ ᠪᠤᠯ ᠰᠢᠳᠤᠨ ᠤ ᠬᠠᠨᠳᠠ ᠶᠢᠨ ᠪᠦᠳᠤᠬᠡᠭᠳᠡᠬᠦᠨ ᠠᠮᠠᠷᠬᠠᠨ ᠴᠢᠨᠠᠷ ᠨᠢ ᠬᠤᠪᠢᠷᠠᠵᠤ | ᠮᠡᠳᠡᠨ᠎ᠠ᠃ | |