| ᠭᠤᠷᠪᠠᠳᠤᠭᠠᠷ ᠲᠤ᠂ ᠦᠪᠤᠷ ᠮᠤᠩᠭᠤᠯ ᠤᠨ ᠲᠡᠤᠭᠡᠨ ᠬᠦᠭᠵᠢᠯᠳᠡ ᠳᠠᠬᠢ ᠠᠯᠤᠰ ᠬᠡᠳᠤ ᠶᠢᠨ ᠨᠦᠯᠦᠭᠡ ᠶᠢ | ᠬᠠᠷᠠᠭᠤᠯᠪᠠ᠃ ᠲᠤᠮᠳᠠᠳᠤ ᠤᠯᠤᠰ ᠤᠨ ᠡᠪ ᠬᠠᠮᠳᠤ ᠨᠠᠮ ᠤᠨ ᠦᠪᠤᠷ ᠮᠤᠩᠭᠤᠯ ᠳᠤ ᠪᠠᠶᠢᠭᠤᠯᠤᠭᠰᠠᠨ ︽ ᠲᠦᠷᠪᠡᠨ | ᠠᠵᠢᠯᠯᠠᠬᠤ ᠬᠤᠷᠢᠶ᠎ᠠ︾ ᠨᠢ ᠬᠠᠳᠠᠭᠤ ᠰᠢᠷᠤᠬᠦᠨ ᠲᠡᠮᠡᠴᠡᠯ ᠤᠨ ᠤᠷᠴᠢᠨ ᠲᠤᠭᠤᠷᠢᠨ ᠳᠤ ᠬᠢᠵᠠᠭᠠᠷᠯᠠᠭᠳᠠᠨ ᠲᠡᠮᠡᠢ ᠤᠷᠳᠤ | ᠬᠤᠭᠤᠴᠠᠭ᠎ᠠ ᠦᠷᠬᠦᠯᠵᠢᠯᠡᠭᠰᠡᠨ ᠦᠭᠡᠢ ᠪᠤᠯᠪᠠᠴᠤ ᠬᠤᠪᠢᠰᠬᠠᠯ ᠤᠨ ᠦᠵᠡᠯ ᠰᠠᠨᠠᠭ᠎ᠠ ᠶᠢ ᠤᠬᠠᠭᠤᠯᠤᠨ᠂ ᠤᠯᠠᠨ ᠲᠦᠮᠡᠨ ᠢ | ᠵᠤᠬᠢᠶᠠᠨ ᠪᠠᠶᠢᠭᠤᠯᠤᠨ ᠲᠠᠶᠢᠴᠢᠯᠡᠵᠤ᠂ ᠨᠠᠮ ᠡᠪᠯᠡᠯ ᠤᠨ ᠵᠤᠬᠢᠶᠠᠨ ᠪᠠᠶᠢᠭᠤᠯᠤᠯᠳᠠ ᠶᠢ ᠬᠦᠭᠵᠢᠬᠦᠯᠦᠭᠰᠡᠨ ᠤ ᠬᠠᠮᠳᠤ ᠪᠠᠰᠠ | ᠬᠡᠳᠤᠨ ᠤᠳᠠᠭ᠎ᠠ ᠶᠢᠨ ᠨᠡᠯᠢᠶᠡᠳ ᠶᠡᠭᠡ ᠬᠡᠪᠴᠢᠶᠡᠨ ᠤ ᠤᠯᠠᠨ ᠲᠦᠮᠡᠨᠴᠢ ᠬᠦᠳᠡᠯᠭᠡᠭᠡᠨ ᠢ ᠠᠮᠵᠢᠯᠳᠠ ᠲᠠᠢ ᠪᠠᠷ | ᠤᠳᠤᠷᠢᠳᠴᠤ᠂ ᠦᠪᠤᠷ ᠮᠤᠩᠭᠤᠯ ᠤᠨ ᠬᠤᠪᠢᠰᠬᠠᠯ ᠳᠤ ᠯᠤᠳᠤ ᠶᠡᠭᠡ ᠤᠶᠢᠯᠡᠳᠤᠯ ᠦᠵᠡᠬᠦᠯᠪᠡ᠃ ᠵᠢᠱᠢᠶᠡᠯᠡᠪᠡᠯ ᠿᠧᠾᠧ | ᠶᠢᠨ ᠠᠵᠢᠯᠯᠠᠬᠤ ᠬᠤᠷᠢᠶ᠎ᠠ ᠮᠢᠩᠭ᠎ᠠ ᠭᠠᠷᠤᠢ ᠪᠠᠭᠰᠢ ᠰᠤᠷᠤᠭᠴᠢᠳ ᠢ ᠵᠤᠬᠢᠶᠠᠨ ᠪᠠᠶᠢᠭᠤᠯᠵᠤ᠂ ᠲᠠᠪᠤᠨ ᠰᠠᠷ᠎ᠠ ᠶᠢᠨ | ᠲᠦᠷᠪᠡᠨ ᠤ ᠬᠦᠳᠡᠯᠭᠡᠭᠡᠨ ᠤ ᠵᠢᠷᠭᠤᠭᠠᠨ ᠵᠢᠯ ᠤᠨ ᠤᠢ ᠶᠢ ᠲᠤᠷᠠᠰᠬᠠᠬᠤ ᠶᠡᠭᠡ ᠬᠤᠷᠠᠯ ᠳᠤ ᠤᠷᠤᠯᠴᠠᠭᠤᠯᠤᠭᠰᠠᠨ᠂ | ᠲᠠᠪᠤᠨ ᠰᠠᠷ᠎ᠠ ᠶᠢᠨ ᠭᠤᠴᠢᠨ ᠤ ᠬᠦᠳᠡᠯᠭᠡᠭᠡᠨ ᠢ ᠲᠡᠮᠵᠢᠬᠦ ᠠᠵᠢᠯᠯᠠᠭ᠎ᠠ ᠶᠢ ᠦᠷᠨᠢᠬᠦᠯᠦᠭᠰᠡᠨ᠂ ᠰᠦᠨ ᠵᠦᠩ ᠱᠠᠨ ᠢ | ᠭᠠᠰᠢᠭᠤᠳᠠᠬᠤ ᠠᠵᠢᠯᠯᠠᠭ᠎ᠠ ᠠᠵᠢᠯᠯᠠᠭ᠎ᠠ ᠶᠢ ᠵᠤᠬᠢᠶᠠᠨ ᠪᠠᠶᠢᠭᠤᠯᠤᠭᠰᠠᠨ ᠵᠡᠷᠭᠡ︔ ᠴᠠᠬᠠᠷ ᠤᠨ ᠠᠵᠢᠯᠯᠠᠬᠤ ᠬᠤᠷᠢᠶ᠎ᠠ | ᠴᠢᠭᠤᠯᠤᠯᠳᠤ ᠬᠠᠭᠠᠯᠭ᠎ᠠ ︵ᠲᠤᠬᠠᠢ ᠶᠢᠨ ᠦᠶ᠎ᠡ ᠶᠢᠨ ᠨᠡᠷᠡᠶᠢᠳᠤᠯ ᠨᠢ ︽ ᠵᠠᠩ ᠶᠤᠸᠠᠨ︾ ᠭᠡᠳᠡᠭ︶ ᠵᠡᠷᠭᠡ ᠬᠤᠳᠠ | ᠪᠤᠯᠤᠨ ᠡᠷᠬᠢᠨ ᠲᠤᠭᠤᠷᠢᠨ ᠤ ᠴᠠᠬᠠᠷ᠂ ᠰᠢᠯᠢ ᠶᠢᠨ ᠭᠤᠤᠯ ᠤᠨ ᠮᠠᠯᠵᠢᠬᠤ ᠲᠠᠷᠢᠶᠠᠯᠠᠬᠤ ᠤᠷᠤᠨ ᠤ ᠤᠯᠠᠨ ᠲᠦᠮᠡᠨ ᠢ | ᠲᠠᠶᠢᠴᠢᠯᠡᠵᠠᠢ︔ ᠰᠤᠶᠢᠶᠤᠸᠠᠨ ᠤ ᠠᠵᠢᠯᠯᠠᠬᠤ ᠬᠤᠷᠢᠶ᠎ᠠ ᠰᠤᠶᠢᠶᠤᠸᠠᠨ ᠤ ᠤᠶᠢᠯᠡᠳᠪᠤᠷᠢ᠂ ᠰᠤᠷᠭᠠᠭᠤᠯᠢ ᠵᠢᠴᠢ ᠡᠷᠬᠢᠨ | ᠲᠤᠭᠤᠷᠢᠨ ᠤ ᠬᠤᠰᠢᠭᠤ ᠰᠢᠶᠠᠨ ᠤ ᠲᠤᠰᠬᠤᠨ ᠪᠠᠯᠭᠠᠰᠤᠨ ᠳᠤ ᠦᠷᠭᠡᠨ ᠢᠶᠠᠷ ᠠᠵᠢᠯᠯᠠᠭ᠎ᠠ ᠦᠷᠨᠢᠬᠦᠯᠵᠤ᠂ ᠬᠤᠪᠢᠰᠬᠠᠯ | ᠤᠨ ᠦᠵᠡᠯ ᠰᠠᠨᠠᠭ᠎ᠠ ᠶᠢ ᠤᠬᠠᠭᠤᠯᠤᠨ᠂ ᠨᠠᠮ ᠤᠨ ᠭᠡᠰᠢᠬᠦᠨ ᠡᠪᠯᠡᠯ ᠤᠨ ᠭᠡᠰᠢᠬᠦᠨ ᠡᠯᠰᠡᠵᠤ᠂ ᠤᠷᠢᠳ ᠬᠤᠵᠢᠳ ᠡᠷᠬᠢᠨ | ᠲᠤᠭᠤᠷᠢᠨ ᠳᠠᠭᠠᠨ ᠲᠠᠪᠤᠨ ᠰᠢᠶᠠᠨ ᠤ ᠱᠠᠳᠤᠨ ᠤ ᠠᠵᠢᠯᠯᠠᠬᠤ ᠬᠤᠷᠢᠶ᠎ᠠ ᠶᠢ ᠪᠠᠶᠢᠭᠤᠯᠵᠤ᠂ ᠲᠠᠷᠢᠶᠠᠴᠢᠨ ᠤ ᠡᠪᠯᠡᠯ ᠢ | ᠪᠠᠶᠢᠭᠤᠯᠤᠨ᠂ ᠰᠤᠶᠢᠶᠤᠸᠠᠨ ᠤ ᠲᠠᠷᠢᠶᠠᠴᠢᠨ ᠤ ᠨᠠᠷᠢᠨ ᠬᠡᠮᠵᠢᠯᠳᠡ ᠶᠢ ᠡᠰᠡᠷᠭᠦᠴᠡᠬᠦ ᠲᠡᠮᠡᠴᠡᠯ ᠢ ᠤᠳᠤᠷᠢᠳᠤᠨ ᠢᠠᠯᠯᠳᠠ | ᠤᠯᠪᠠ︔ ᠪᠤᠭᠤᠳᠤ ᠶᠢᠨ ᠠᠵᠢᠯᠯᠠᠬᠤ ᠬᠤᠷᠢᠶ᠎ᠠ ᠤᠶᠢᠯᠡᠳᠪᠤᠷᠢ᠂ ᠰᠤᠷᠭᠠᠭᠤᠯᠢ᠂ ᠴᠡᠷᠢᠭ ᠠᠩᠭᠢ᠂ ᠬᠤᠳᠠᠯᠳᠤᠭᠠᠨ ᠤ | ᠬᠢᠨ᠂ ᠮᠠᠯᠴᠢᠨ ᠲᠠᠷᠢᠶᠠᠴᠢᠨ ᠴᠢᠨᠠᠭᠰᠢᠯᠠᠪᠠᠯ ᠭᠧ ᠯᠤᠤ ᠬᠤᠢ ᠡᠪᠯᠡᠯ ᠤᠨ ᠤᠯᠠᠨ ᠲᠦᠮᠡᠨ ᠤ ᠲᠤᠮᠳᠠ ᠭᠦᠨᠵᠡᠬᠡᠶᠢᠷᠡᠨ | ᠠᠵᠢᠯ ᠦᠷᠨᠢᠬᠦᠯᠵᠤ᠂ ᠱᠢ ᠭᠤᠸᠠᠢ ᠭᠸᠤ ᠨᠡᠬᠦᠷᠡᠰᠤᠨ ᠠᠭᠤᠷᠬᠠᠢ ᠶᠢᠨ ᠠᠵᠢᠯᠴᠢᠨ ᠢ ᠤᠳᠤᠷᠢᠳᠤᠨ ᠠᠵᠢᠯ ᠬᠠᠶᠠᠯᠳᠠ ᠶᠢᠨ | ᠲᠡᠮᠡᠴᠡᠯ ᠤᠨ ᠢᠯᠠᠯᠳᠠ ᠶᠢ ᠤᠯᠵᠤ᠂ ᠮᠡᠷᠺᠰ ᠤᠨ ᠦᠵᠡᠯ ᠤᠨ ᠰᠤᠷᠤᠯᠴᠠᠬᠤ ᠲᠤᠭᠤᠶᠢᠯᠠᠩ ᠢ ᠵᠤᠬᠢᠶᠠᠨ ᠪᠠᠶᠢᠭᠤᠯᠵᠤ᠂ | 30 ᠭᠠᠷᠤᠢ ᠨᠠᠮ ᠤᠨ ᠭᠡᠰᠢᠬᠦᠨ ᠡᠪᠯᠡᠯ ᠤᠨ ᠭᠡᠰᠢᠬᠦᠨ ᠢ ᠡᠯᠰᠡᠵᠠᠢ᠃ ︽ ᠲᠦᠷᠪᠡᠨ ᠠᠵᠢᠯᠯᠠᠬᠤ ᠬᠤᠷᠢᠶ᠎ᠠ︾ ᠪᠠᠰᠠ ᠯᠢ | ᠳ᠋ᠠ ᠵᠤᠤ ᠶᠢᠨ ᠲᠤᠯᠤᠭᠠᠶᠢᠯᠠᠨ ᠪᠠᠶᠢᠭᠤᠯᠤᠭᠰᠠᠨ ︽ ᠦᠪᠤᠷ ᠮᠤᠩᠭᠤᠯ ᠤᠨ ᠠᠵᠢᠯᠴᠢᠨ ᠲᠠᠷᠢᠶᠠᠴᠢᠨ ᠴᠡᠷᠢᠭ ᠤᠨ ᠶᠡᠭᠡ | ᠬᠤᠯᠪᠤᠭ᠎ᠠ︾ ᠶᠢᠨ ᠠᠵᠢᠯ ᠳᠤ ᠢᠳᠡᠪᠬᠢᠳᠠᠢ ᠤᠷᠤᠯᠴᠠᠵᠤ᠂ ᠦᠪᠤᠷ ᠮᠤᠩᠭᠤᠯ ᠤᠨ ᠶᠡᠭᠡ ᠬᠤᠪᠢᠰᠬᠠᠯ ᠤᠨ ᠦᠷᠨᠢᠯᠳᠡ | ᠶᠢᠨ ᠬᠦᠷᠴᠤ ᠢᠷᠡᠬᠦ ᠶᠢ ᠠᠬᠢᠭᠤᠯᠪᠠ᠃ ︽ ᠲᠦᠷᠪᠡᠨ ᠠᠵᠢᠯᠯᠠᠬᠤ ᠬᠤᠷᠢᠶ᠎ᠠ︾ ᠶᠢᠨ ᠬᠤᠪᠢᠰᠬᠠᠯᠳᠤ ᠠᠵᠢᠯᠯᠠᠭ᠎ᠠ ᠨᠢ | ᠤᠯᠠᠨ ᠲᠦᠮᠡᠨ ᠢ ᠤᠬᠠᠭᠤᠯᠬᠤ᠂ ᠲᠠᠶᠢᠴᠢᠯᠠᠬᠤ᠂ ᠵᠤᠬᠢᠶᠠᠨ ᠪᠠᠶᠢᠭᠤᠯᠬᠤ ᠯᠤᠳᠤ ᠶᠡᠭᠡ ᠤᠶᠢᠯᠡᠳᠤᠯ ᠦᠵᠡᠬᠦᠯᠵᠤ᠂ | ᠲᠤᠮᠳᠠᠳᠤ ᠤᠯᠤᠰ ᠤᠨ ᠡᠪ ᠬᠠᠮᠳᠤ ᠨᠠᠮ ᠤᠨ ᠦᠪᠤᠷ ᠮᠤᠩᠭᠤᠯ ᠳᠠᠬᠢ ᠨᠦᠯᠦᠭᠡ ᠶᠢ ᠤᠯᠠᠮ ᠴᠢᠨᠠᠭᠰᠢᠳᠠ ᠦᠷᠭᠡᠳᠭᠡᠭᠰᠡᠨ | ᠶᠤᠮ᠃ ︽ᠲᠦᠷᠪᠡᠨ ᠠᠵᠢᠯᠯᠠᠬᠤ ᠬᠤᠷᠢᠶ᠎ᠠ︾ ᠶᠢ ᠪᠠᠶᠢᠭᠤᠯᠵᠤ ᠡᠬᠢᠯᠡᠬᠦᠯᠦᠭᠰᠡᠨ ᠤ ᠲᠠᠷᠠᠭ᠎ᠠ᠂ ᠦᠪᠤᠷ ᠮᠤᠩᠭᠤᠯ ᠤᠨ | ᠲᠤᠮᠳᠠᠳᠤ ᠤᠯᠤᠰ ᠤᠨ ᠡᠪ ᠬᠠᠮᠳᠤ ᠨᠠᠮ ᠤᠨ ᠵᠤᠬᠢᠶᠠᠨ ᠪᠠᠶᠢᠭᠤᠯᠤᠯᠳᠠ ᠦᠶ᠎ᠡ ᠤᠯᠠᠷᠢᠨ ᠤᠯᠠᠮᠵᠢᠯᠠᠭᠳᠠᠵᠤ᠂ ᠠᠵᠢᠯᠯᠠᠭ᠎ᠠ | ᠪᠠᠨ ᠶᠡᠷᠤ ᠵᠤᠭᠰᠤᠭᠠᠭᠰᠠᠨ ᠦᠭᠡᠢ᠃ ᠦᠪᠤᠷ ᠮᠤᠩᠭᠤᠯ ᠤᠨ ᠨᠠᠮ ᠤᠨ ᠵᠤᠬᠢᠶᠠᠨ ᠪᠠᠶᠢᠭᠤᠯᠤᠯᠳᠠ ᠨᠠᠮ ᠤᠨ ᠲᠦᠪ | ᠬᠤᠷᠢᠶ᠎ᠠ ᠶᠢᠨ ᠤᠳᠤᠷᠢᠳᠤᠯᠭ᠎ᠠ ᠲᠤᠤᠷ᠎ᠠ᠂ ᠶᠡᠭᠡ ᠬᠤᠪᠢᠰᠬᠠᠯ ᠤᠨ ᠦᠶ᠎ᠡ ᠳᠤ ᠦᠶᠤᠸᠠᠨ ᠳᠤ ᠲᠠᠩᠭᠠᠷᠢᠭᠯᠠᠵᠤ᠂ ᠶᠡᠭᠡ | ᠬᠤᠪᠢᠰᠬᠠᠯ ᠢᠯᠠᠭᠳᠠᠭᠰᠠᠨ ᠤ ᠲᠠᠷᠠᠭ᠎ᠠ ᠨᠤᠭᠤᠷᠠᠯ ᠪᠦᠳᠤᠷᠢᠯ ᠤᠨ ᠲᠤᠮᠳᠠ ᠠᠴᠠ ᠡᠷᠡᠯᠭᠡᠭᠯᠡᠨ ᠪᠤᠰᠴᠤ᠂ ᠭᠠᠵᠠᠷ ᠰᠢᠷᠤᠢ | ᠶᠢᠨ ᠬᠤᠪᠢᠰᠬᠠᠯᠳᠤ ᠲᠠᠶᠢᠨ ᠤ ᠦᠶ᠎ᠡ ᠳᠤ ᠴᠡᠷᠢᠭ ᠤᠨ ᠵᠦᠭᠡᠭᠡᠪᠤᠷᠢ ᠶᠢᠨ ᠠᠵᠢᠯ ᠢ ᠦᠷᠨᠢᠬᠦᠯᠦᠭᠰᠡᠨ ᠪᠠ ᠫᠠᠷᠲ᠋ᠢᠽᠠᠨ | ᠲᠠᠶᠢᠨ ᠢ ᠤᠳᠤᠷᠢᠳᠴᠤ᠂ ᠶᠠᠫᠤᠨ ᠢ ᠡᠰᠡᠷᠭᠦᠴᠡᠬᠦ ᠲᠠᠶᠢᠨ ᠤ ᠦᠶ᠎ᠡ ᠳᠤ ᠪᠠᠳᠤᠬᠠᠭᠠᠯᠭ᠎ᠠ ᠶᠢᠨ ᠪᠤᠰᠤᠯᠭ᠎ᠠ ᠶᠢ ᠤᠬᠠᠭᠠᠯᠠᠵᠤ | ᠂ ᠲᠠᠯᠠᠨ ᠬᠠᠷ᠎ᠠ ᠠᠭᠤᠯᠠ ᠶᠢᠨ ᠶᠠᠫᠤᠨ ᠢ ᠡᠰᠡᠷᠭᠦᠴᠡᠬᠦ ᠫᠠᠷᠲ᠋ᠢᠽᠠᠨ ᠤ ᠰᠠᠭᠤᠷᠢᠨ ᠭᠠᠵᠠᠷ ᠪᠠ ᠴᠧᠩ ᠫᠢᠩ ᠨᠢᠩ ᠵᠡᠷᠭᠡ | ᠫᠠᠷᠲ᠋ᠢᠽᠠᠨ ᠤᠷᠤᠨ ᠢ ᠪᠠᠶᠢᠭᠤᠯᠤᠨ᠂ ᠴᠢᠯᠦᠭᠡᠯᠡᠬᠦ ᠲᠠᠶᠢᠨ ᠤ ᠦᠶ᠎ᠡ ᠳᠤ ᠦᠪᠡᠷ ᠢ ᠪᠠᠨ ᠡᠷᠡᠰ ᠬᠠᠮᠠᠭᠠᠯᠠᠬᠤ ᠪᠠ ᠵᠦᠪ | ᠤᠨᠤᠪᠴᠢᠳᠠᠢ ᠦᠪᠡᠷᠳᠡᠭᠡᠨ ᠵᠠᠰᠠᠬᠤ ᠶᠢ ᠪᠠᠷᠢᠮᠳᠠᠯᠠᠵᠤ᠂ ᠨᠠᠮ ᠤᠨ ᠦᠨᠳᠤᠰᠤᠳᠡᠨ ᠤ ᠤᠷᠤᠨ ᠤ ᠦᠪᠡᠷᠳᠡᠭᠡᠨ ᠵᠠᠰᠠᠬᠤ | ᠲᠦᠷᠤ ᠶᠢᠨ ᠪᠤᠳᠤᠯᠭ᠎ᠠ ᠶᠢᠨ ᠲᠠᠯ᠎ᠠ ᠪᠠᠷ ᠤᠶᠢᠯᠡᠳᠤᠯᠭᠡ ᠶᠢᠨ ᠰᠦᠪᠡᠭᠴᠢᠯᠡᠯᠳᠡ ᠬᠢᠵᠤ᠂ ᠦᠪᠤᠷ ᠮᠤᠩᠭᠤᠯ ᠤᠨ | ᠦᠪᠡᠷᠳᠡᠭᠡᠨ ᠵᠠᠰᠠᠬᠤ ᠵᠠᠰᠠᠭ ᠤᠨ ᠤᠷᠳᠤᠨ ᠤ ᠬᠠᠷᠢᠶ᠎ᠠ ᠤᠷᠤᠨ ᠢ ᠨᠡᠯᠢᠶᠡᠳ ᠡᠷᠳᠡ ᠴᠢᠯᠦᠭᠡᠯᠡᠭᠰᠡᠨ᠂ ᠨᠡᠯᠢᠶᠡᠳ ᠰᠠᠶᠢᠨ | ᠠᠵᠢᠯᠯᠠᠭᠰᠠᠨ᠂ ᠨᠡᠯᠢᠶᠡᠳ ᠲᠦᠷᠭᠡᠨ ᠬᠦᠭᠵᠢᠭᠰᠡᠨ᠂ ᠨᠡᠯᠢᠶᠡᠳ ᠶᠡᠭᠡ ᠬᠤᠪᠢ ᠨᠡᠮᠡᠷᠢ ᠦᠵᠡᠬᠦᠯᠦᠭᠰᠡᠨ ᠴᠢᠯᠦᠭᠡᠯᠡᠭᠳᠡᠭᠰᠡᠨ | ᠤᠷᠤᠨ ᠪᠤᠯᠭᠠᠵᠤ᠂ ᠲᠡᠭᠡᠷ᠎ᠡ ᠵᠠᠭᠤᠨ ᠤ ᠲᠠᠪᠢᠭᠠᠳ ᠤᠨ ᠠᠴᠠ ᠨᠠᠭᠠᠰᠢ ᠵᠢᠱᠢᠶᠡᠴᠢ ᠦᠪᠡᠷᠳᠡᠭᠡᠨ ᠵᠠᠰᠠᠬᠤ ᠤᠷᠤᠨ ᠤ | ᠡᠷᠬᠢᠮ ᠲᠡᠭᠡᠳᠤ ᠢᠷᠠᠭᠤ ᠠᠯᠳᠠᠷ ᠢ ᠬᠦᠷᠳᠡᠵᠤ ᠬᠠᠮᠠᠭᠠᠯᠠᠭᠰᠠᠨ ᠪᠠᠶᠢᠨ᠎ᠠ᠃ ᠡᠳᠤᠭᠡ ᠦᠪᠤᠷ ᠮᠤᠩᠭᠤᠯ ᠤᠨ 8.6 ᠲᠦᠮᠡᠨ | ᠨᠠᠮ ᠤᠨ ᠵᠤᠬᠢᠶᠠᠨ ᠪᠠᠶᠢᠭᠤᠯᠤᠯᠳᠠ ᠪᠠ 175 ᠲᠦᠮᠡᠨ ᠨᠠᠮ ᠤᠨ ᠭᠡᠰᠢᠬᠦᠨ ᠪᠦᠬᠦ ᠤᠷᠤᠨ ᠤ ᠦᠨᠳᠤᠰᠤᠳᠡᠨ ᠨᠦᠭᠦᠳ ᠤᠨ | ᠠᠷᠠᠳ ᠲᠦᠮᠡᠨ ᠢ ᠪᠦᠯᠬᠦᠮᠳᠡᠬᠦᠯᠤᠨ ᠲᠠᠭᠠᠭᠤᠯᠵᠤ᠂ ᠲᠤᠮᠳᠠᠳᠤ ᠤᠯᠤᠰ ᠤᠨ ᠮᠠᠶ᠋ᠢᠭ ᠤᠨ ᠤᠳᠤᠬᠢᠴᠢᠯᠠᠭᠰᠠᠨ ᠦᠪᠤᠷ | ᠮᠤᠩᠭᠤᠯ ᠤᠨ ᠬᠠᠭᠤᠳᠠᠰᠤ ᠶᠢ ᠴᠢᠷᠮᠠᠶᠢᠨ ᠪᠢᠴᠢᠭᠯᠡᠵᠤ ᠪᠤᠢ᠃ | ᠲᠡᠤᠭᠡ ᠶᠢᠨ ᠬᠡᠷᠡᠭ ᠶᠠᠪᠤᠳᠠᠯ ᠢ ᠵᠠᠪᠠᠯ ᠠᠤᠭ᠎ᠠ ᠶᠡᠭᠡ ᠲᠡᠤᠭᠡᠨ ᠠᠬᠤᠢ ᠪᠠᠶᠢᠳᠠᠯ ᠤᠨ ᠲᠤᠮᠳᠠ ᠲᠠᠯᠪᠢᠵᠤ | ᠪᠤᠳᠤᠯᠬᠢᠯᠠᠬᠤ ᠬᠡᠷᠡᠭᠳᠡᠢ᠂ ᠢᠩᠬᠢᠪᠠᠯ ᠰᠠᠶ᠋ᠢ ᠲᠡᠭᠦᠨ ᠤ ᠠᠯᠤᠰ ᠬᠡᠳᠤ ᠶᠢᠨ ᠠᠴᠢ ᠬᠤᠯᠪᠤᠭᠳᠠᠯ ᠢ ᠢᠯᠡᠷᠡᠬᠦᠯᠵᠤ ᠴᠢᠳᠠᠨ᠎ᠠ᠃ | ᠦᠪᠤᠷ ᠮᠤᠩᠭᠤᠯ ᠨᠠᠮ ᠤᠨ ᠬᠠᠮᠤᠭ ᠤᠨ ᠡᠷᠳᠡ ᠵᠤᠬᠢᠶᠠᠨ ᠪᠠᠶᠢᠭᠤᠯᠤᠯᠳᠠ ᠪᠠᠶᠢᠭᠤᠯᠤᠭᠰᠠᠨ ᠦᠨᠳᠤᠰᠤᠳᠡᠨ ᠤ ᠤᠷᠤᠨ | ᠪᠤᠯᠤᠭᠰᠠᠨ ᠨᠢ ᠨᠠᠮ ᠤᠨ ᠲᠡᠷᠢᠭᠦᠨ ᠤ ᠦᠵᠡᠯ ᠰᠠᠨᠠᠭ᠎ᠠ᠂ ᠵᠦᠪ ᠤᠨᠤᠪᠴᠢᠳᠠᠢ ᠱᠤᠭᠤᠮ ᠢ ᠪᠤᠳᠠᠳᠠᠢ ᠳᠤ | ᠨᠠᠶᠢᠳᠠᠪᠤᠷᠢᠵᠢᠭᠤᠯᠬᠤ ᠠᠯᠪᠠᠨ ᠶᠤᠰᠤᠨ ᠤ ᠠᠷᠭ᠎ᠠ ᠵᠠᠮ ᠲᠠᠢ ᠪᠤᠯᠤᠭᠰᠠᠨ ᠢ ᠬᠠᠷᠠᠭᠤᠯᠵᠤ ᠪᠠᠶᠢᠬᠤ ᠪᠠᠷ ᠪᠠᠷᠠᠬᠤ ᠦᠭᠡᠢ ᠨᠠᠮ | ᠠᠴᠠ ᠤᠯᠠᠨ ᠲᠦᠮᠡᠨ ᠢ ᠲᠠᠶᠢᠴᠢᠯᠠᠬᠤ ᠪᠠ ᠴᠢᠳᠠᠪᠤᠷᠢᠳᠠᠨ ᠢ ᠤᠷᠢᠵᠤ ᠠᠪᠴᠢᠷᠠᠬᠤ ᠳᠤ ᠪᠠᠳᠤ ᠴᠢᠩᠭ᠎ᠠ ᠨᠠᠶᠢᠳᠠᠪᠤᠷᠢᠳᠠᠢ | ᠵᠤᠬᠢᠶᠠᠨ ᠪᠠᠶᠢᠭᠤᠯᠤᠯᠳᠠ ᠶᠢᠨ ᠲᠦᠰᠢᠭ ᠲᠤᠯᠭᠠᠭᠤᠷᠢ ᠲᠠᠢ ᠪᠤᠯᠤᠭᠰᠠᠨ ᠢ ᠬᠠᠷᠠᠭᠤᠯᠵᠤ᠂ ᠪᠠᠰᠠ ᠨᠠᠮ ᠤᠨ ᠦᠪᠤᠷ | ᠮᠤᠩᠭᠤᠯ ᠳᠤ ᠲᠦᠷᠤ ᠪᠠᠷᠢᠵᠤ ᠵᠠᠰᠠᠭ ᠶᠠᠪᠤᠭᠤᠯᠬᠤ ᠳᠤ ᠨᠢᠭᠳᠠ ᠴᠢᠩᠭ᠎ᠠ ᠦᠨᠳᠤᠷ ᠪᠦᠳᠤᠮᠵᠢᠳᠠᠢ ᠵᠤᠬᠢᠶᠠᠨ ᠪᠠᠶᠢᠭᠤᠯᠤᠯᠳᠠ | ᠶᠢᠨ ᠪᠠᠳᠤᠯᠠᠭ᠎ᠠ ᠲᠠᠢ ᠪᠤᠯᠤᠭᠰᠠᠨ ᠢ ᠬᠠᠷᠠᠭᠤᠯᠵᠤ ᠪᠤᠢ᠃ ᠨᠡᠩ ᠵᠠᠩᠬᠢᠯᠠᠭ᠎ᠠ ᠨᠢ ᠨᠠᠮ ᠤᠨ ᠵᠤᠬᠢᠶᠠᠨ ᠪᠠᠶᠢᠭᠤᠯᠤᠯᠳᠠ ᠶᠢᠨ | ᠤᠳᠤᠷᠢᠳᠤᠯᠭ᠎ᠠ ᠪᠠ ᠠᠬᠢᠭᠤᠯᠤᠯ ᠲᠤᠤᠷ᠎ᠠ ᠦᠪᠤᠷ ᠮᠤᠩᠭᠤᠯ ᠤᠨ ᠦᠨᠳᠤᠰᠤᠳᠡᠨ ᠨᠦᠭᠦᠳ ᠤᠨ ᠠᠷᠠᠳ ᠲᠦᠮᠡᠨ ᠪᠦᠬᠦ | ᠶᠠᠪᠤᠴᠠ ᠪᠠᠷ ᠰᠢᠨ᠎ᠠ ᠠᠷᠠᠳᠴᠢᠯᠠᠭᠰᠠᠨ ᠬᠤᠪᠢᠰᠬᠠᠯ ᠤᠨ ᠲᠠᠪᠳᠠᠯᠳᠠ ᠶᠢ ᠦᠩᠭᠡᠷᠡᠭᠡᠵᠤ᠂ ᠦᠪᠤᠷ ᠮᠤᠩᠭᠤᠯ ᠤᠨ ᠠᠵᠤ | ᠠᠬᠤᠢ ᠨᠡᠶᠢᠭᠡᠮ ᠤᠨ ᠪᠦᠳᠤᠴᠡ ᠪᠦᠬᠦ ᠲᠠᠯ᠎ᠠ ᠶᠢᠨ ᠰᠢᠨ᠎ᠠ ᠠᠷᠠᠳᠴᠢᠯᠠᠭᠰᠠᠨ ᠬᠤᠪᠢᠰᠬᠠᠯ ᠤᠨ ᠲᠡᠪᠳᠡᠯᠳᠡ ᠶᠢ ᠦᠩᠭᠡᠷᠡᠭᠡᠨ | ᠂ ︽ ᠲᠡᠭᠷᠢ ᠭᠠᠵᠠᠷ ᠢ ᠲᠤᠩᠰᠤᠯᠭᠠᠮ᠎ᠠ᠂ ᠰᠡᠳᠭᠢᠯ ᠬᠦᠳᠡᠯᠭᠡᠮ᠎ᠠ ᠪᠦᠭᠡᠳ ᠪᠠᠶᠠᠨ ᠴᠢᠨᠡᠭᠡᠯᠢᠭ︾ ᠬᠠᠭᠤᠴᠢᠨ ᠢ | ᠠᠷᠢᠯᠭᠠᠵᠤ ᠰᠢᠨ᠎ᠠ ᠶᠢ ᠲᠡᠯᠭᠡᠷᠡᠬᠦᠯᠬᠦ ᠶᠢ ᠦᠨᠡᠨ ᠬᠦ ᠪᠡᠶᠡᠯᠡᠬᠦᠯᠵᠤ᠂ ᠦᠪᠤᠷ ᠮᠤᠩᠭᠤᠯ ᠤᠨ ᠤᠷᠳᠤ ᠬᠤᠭᠤᠴᠠᠭᠠᠨ ᠤ | ᠪᠦᠳᠤᠭᠡᠨ ᠪᠠᠶᠢᠭᠤᠯᠤᠯᠳᠠ᠂ ᠦᠭᠡᠷᠡᠴᠢᠯᠡᠯᠳᠡ᠂ ᠬᠦᠭᠵᠢᠯᠳᠡ ᠳᠤ ᠰᠠᠶᠢᠨ ᠰᠠᠶᠢᠬᠠᠨ ᠨᠡᠶᠢᠭᠡᠮ ᠤᠨ ᠨᠦᠬᠦᠴᠡᠯ ᠢ | ᠡᠭᠦᠳᠴᠤ᠂ ᠵᠢᠱᠢᠶᠡᠴᠢ ᠦᠪᠡᠷᠳᠡᠭᠡᠨ ᠵᠠᠰᠠᠬᠤ ᠤᠷᠤᠨ ᠪᠤᠯᠬᠤ ᠳᠤ ᠪᠠᠳᠤ ᠪᠠᠬᠢ ᠪᠠᠶᠢᠭᠤᠯᠤᠯ ᠤᠨ ᠰᠠᠭᠤᠷᠢ ᠶᠢ ᠲᠠᠯᠪᠢᠵᠤ | ᠦᠭᠪᠡ᠃ ᠠᠳᠠᠯᠢᠬᠠᠨ ᠵᠠᠩᠬᠢᠯᠠᠭ᠎ᠠ ᠶᠢᠨ ᠵᠤᠶᠢᠯ ᠪᠤᠯ᠂ ᠨᠠᠮ ᠠᠴᠠ ᠦᠪᠤᠷ ᠮᠤᠩᠭᠤᠯ ᠳᠤ ᠵᠤᠬᠢᠶᠠᠨ ᠪᠠᠶᠢᠭᠤᠯᠤᠯᠳᠠ | ᠪᠠᠶᠢᠭᠤᠯᠵᠤ ᠬᠤᠪᠢᠰᠬᠠᠯ ᠤᠨ ᠤᠶᠢᠯᠡᠰ ᠢ ᠠᠬᠢᠭᠤᠯᠤᠭᠰᠠᠨ ᠠᠴᠠ ᠨᠠᠭᠠᠰᠢ ᠦᠪᠤᠷ ᠮᠤᠩᠭᠤᠯ ᠲᠠᠷᠤᠢ ᠨᠠᠮ ᠤᠨ ᠠᠴᠢ ᠳᠤ | ᠲᠠᠯᠠᠷᠬᠠᠵᠤ ᠨᠠᠮ ᠤᠨ ᠦᠭᠡ ᠶᠢ ᠰᠤᠨᠤᠰᠴᠤ ᠨᠠᠮ ᠢᠶᠠᠨ ᠲᠠᠭᠠᠬᠤ ᠰᠢᠯᠢᠳᠡᠭ ᠤᠯᠠᠮᠵᠢᠯᠠᠯ ᠢ ᠪᠦᠷᠢᠯᠳᠦᠬᠦᠯᠦᠭᠰᠡᠨ ᠶᠤᠮ᠃ | ᠡᠨᠡ ᠨᠢ ᠮᠦᠨ ᠴᠤ ᠦᠪᠤᠷ ᠮᠤᠩᠭᠤᠯ ᠤᠨ ᠦᠨᠳᠤᠰᠤᠳᠡᠨ ᠨᠦᠭᠦᠳ ᠤᠨ ᠠᠷᠠᠳ ᠲᠦᠮᠡᠨ ᠤ ᠰᠢᠨ᠎ᠠ ᠠᠶᠠᠨ ᠵᠠᠮ ᠳᠤ | ᠡᠷᠡᠯᠬᠡᠭᠯᠡᠨ ᠤᠷᠤᠭᠰᠢᠯᠠᠬᠤ᠂ ᠰᠢᠨ᠎ᠠ ᠴᠠᠭ ᠦᠶ᠎ᠡ ᠳᠤ ᠭᠠᠪᠢᠶ᠎ᠠ ᠪᠠᠶᠢᠭᠤᠯᠬᠤ᠂ ᠤᠯᠤᠰ ᠢᠶᠠᠨ ᠬᠦᠴᠤᠷᠭᠡᠭᠵᠢᠬᠦᠯᠬᠦ | ᠪᠦᠳᠤᠭᠡᠨ ᠪᠠᠶᠢᠭᠤᠯᠤᠯᠳᠠ ᠪᠤᠯᠤᠨ ᠦᠨᠳᠤᠰᠤᠳᠡᠨ ᠤ ᠰᠡᠷᠭᠦᠨ ᠮᠠᠨᠳᠤᠯᠳᠠ ᠶᠢᠨ ᠶᠡᠭᠡ ᠤᠶᠢᠯᠡᠰ ᠲᠤ ᠰᠢᠨ᠎ᠡ ᠬᠤᠪᠢ ᠨᠡᠮᠡᠷᠢ | ᠦᠵᠡᠬᠦᠯᠬᠦ ᠶᠢᠨ ᠢᠳᠡ ᠬᠦᠴᠤᠨ ᠪᠠ ᠲᠤᠯᠭᠠᠭᠤᠷᠢᠯᠠᠯ ᠪᠤᠯᠤᠨ᠎ᠠ᠃ ︵ ᠠᠯᠳᠠᠨᠬᠤᠸᠠᠷ ᠤᠷᠴᠢᠭᠤᠯᠪᠠ︶ |