ᠬᠠᠯᠠᠭᠤᠨ ᠳᠤᠳᠤᠨᠤ ᠦᠢᠯᠡᠴᠢᠯᠡᠭᠡ ᠪᠠᠷ ᠨᠡᠰᠤᠳᠠᠶᠢᠴᠤᠳ ᠤᠨ ᠵᠤᠯ ᠵᠢᠷᠭᠠᠯᠳᠤ ᠲᠦᠷᠦᠭᠳᠡᠯ ᠢ ᠨᠡᠮᠡᠭᠳᠡᠭᠦᠯᠵᠦ ᠪᠠᠶᠢᠭ᠎ᠠ ᠤᠯᠠᠭᠠᠨᠬᠤᠳᠠ
ᠨᠡᠶᠢᠲᠡᠯᠡᠭᠰᠡᠨ ᠴᠠᠭ᠄
2024/2/21
        ᠤᠯᠠᠭᠠᠨᠬᠤᠲᠠ ᠣᠶᠢᠷ᠎ᠠ ᠶᠢᠨ ᠵᠢᠯ ᠤᠳ ᠲᠤ᠂ ᠨᠠᠰᠤᠲᠠᠶᠢᠴᠤᠳ ᠤᠨ ᠨᠠᠰᠤᠵᠢᠯ ᠤᠨ ᠠᠰᠠᠷᠠᠮᠵᠢ ᠶᠢᠨ ᠬᠡᠷᠡᠭᠴᠡᠭᠡ ᠱᠠᠭᠠᠷᠳᠠᠯᠭ᠎ᠠ ᠶᠢᠨ ᠲᠣᠭᠤᠷᠢᠨ ᠳᠤ᠂ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠰᠢᠨ᠎ᠡ ᠵᠠᠭᠪᠤᠷ ᠢ ᠢᠳᠡᠪᠬᠢᠲᠡᠢ ᠰᠦᠪᠡᠭᠴᠢᠯᠡᠵᠦ᠂ ᠦᠢᠯᠡᠴᠢᠯᠡᠭᠡᠨ ᠤ ᠡᠬᠢ ᠪᠠᠶᠠᠯᠢᠭ ᠢ ᠡᠮᠬᠢᠯᠡᠨ ᠨᠡᠶᠢᠳᠭᠡᠵᠦ᠂ ᠦᠢᠯᠡᠴᠢᠯᠡᠭᠡᠨ ᠤ ᠠᠭᠤᠯᠭ᠎ᠠ ᠪᠠᠨ ᠥᠷᠭᠡᠳᠬᠡᠨ᠂ ᠦᠢᠯᠡᠴᠢᠯᠡᠭᠡᠨ ᠤ ᠬᠠᠩᠭᠠᠯᠭ᠎ᠠ ᠶᠢ ᠰᠢᠯᠢᠳᠡᠭᠵᠢᠭᠦᠯᠵᠦ᠂ ᠨᠠᠰᠤᠲᠠᠶᠢᠴᠤᠳ ᠲᠤ ᠨᠠᠩ ᠥᠨᠳᠥᠷ ᠪᠠᠷᠢᠮᠵᠢᠶ᠎ᠠ ᠲᠠᠢ᠂ ᠨᠠᠩ ᠳᠣᠲᠣᠨᠣ ᠰᠢᠯᠢᠳᠡᠭ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡ ᠶᠢ ᠦᠷᠭᠦᠯᠵᠢᠯᠡᠨ ᠬᠠᠩᠭᠠᠭᠠᠳ ᠨᠠᠰᠤᠲᠠᠶᠢᠴᠤᠳ ᠲᠤ ᠵᠣᠯ ᠵᠢᠷᠭᠠᠯ ᠡᠳ᠋ᠯᠡᠭᠦᠯᠵᠤ ᠪᠤᠢ᠃         ᠰᠤᠷᠪᠤᠯᠵᠢᠯᠠᠭᠴᠢ ᠤᠶᠢᠷ᠎ᠠ ᠳᠤ ᠤᠯᠠᠭᠠᠨᠬᠤᠲᠠ ᠶᠢᠨ ᠰᠢᠨ᠎ᠡ ᠬᠤᠳᠠ ᠵᠡᠭᠡᠯᠢ ᠶᠢᠨ ᠶᠡᠷᠦᠩᠬᠡᠶᠢᠯᠡᠭᠰᠡᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠲᠥᠪ ᠢᠶᠠᠷ ᠬᠦᠷᠬᠦ ᠳᠤ᠂ ᠴᠢᠴᠢᠭᠦᠷ ᠪᠥᠮᠪᠦᠭᠡ᠂ ᠰᠢᠲᠠᠷ᠎ᠠ ᠶᠢᠨ ᠰᠢᠷᠡᠭᠡ ᠵᠡᠷᠭᠡ ᠨᠠᠰᠤᠲᠠᠶᠢᠴᠤᠳ ᠤᠨ ᠵᠤᠭ᠎ᠠ ᠴᠡᠩᠭᠡᠯ ᠤᠨ ᠠᠵᠢᠯᠯᠠᠭ᠎ᠠ ᠶᠢᠨ ᠲᠥᠬᠦᠭᠡᠷᠦᠮᠵᠢ ᠪᠦᠷᠢᠨ ᠭᠦᠢᠴᠡᠳ ᠪᠠᠶᠢᠵᠤ᠂ ᠬᠠᠷᠢᠶ᠎ᠠ ᠣᠷᠣᠨ ᠤ ᠨᠠᠰᠤᠲᠠᠶᠢᠴᠤᠳ ᠠᠯᠢ ᠡᠷᠲᠡ ᠡ᠊ᠨᠳᠡ ᠢᠷᠡᠵᠦ ᠴᠢᠴᠢᠭᠦᠷ ᠪᠥᠮᠪᠦᠭᠡ ᠨᠠᠭᠠᠳᠴᠤ᠂ ᠰᠢᠲᠠᠷ᠎ᠠ ᠶᠢᠨ ᠫᠠᠢ ᠲᠠᠯᠪᠢᠨ᠂ ᠡᠳᠦᠷ ᠪᠦᠷᠢ ᠵᠤᠯ ᠵᠢᠷᠭᠠᠯ ᠲᠠᠢ ᠪᠠᠶᠠᠷ ᠬᠦᠷ ᠲᠠᠢ ᠠᠮᠢᠳᠤᠷᠠᠵᠤ ᠪᠤᠢ᠃
       ︽ᠮᠠᠨ ᠤ ᠡᠳᠡᠭᠡᠷ ᠨᠠᠰᠤᠲᠠᠶᠢᠴᠤᠳ ᠡ᠊ᠨᠳᠡ ᠪᠡᠶ᠎ᠡ ᠮᠠᠬᠠᠪᠤᠳ ᠢᠶᠠᠨ ᠳᠠᠪᠲᠠᠨ ᠪᠣᠯᠪᠠᠰᠤᠷᠠᠭᠤᠯᠬᠤ ᠪᠠᠷ ᠪᠠᠷᠠᠬᠤ ᠦᠭᠡᠢ ᠪᠠᠰᠠ ᠪᠤᠰᠤᠳ ᠨᠠᠶᠢᠵᠠ ᠨᠠᠷ ᠲᠠᠢ ᠲᠠᠨᠢᠯᠴᠠᠬᠤ ᠲᠤᠯᠠ ᠥᠲᠡᠯᠦᠭᠡ ᠨᠠᠰᠤᠨ ᠤ ᠠᠮᠢᠳᠤᠷᠠᠯ ᠢᠶᠠᠨ ᠪᠠᠶᠠᠷ ᠬᠥᠷ ᠲᠠᠢ ᠦᠩᠭᠡᠷᠡᠬᠦᠯᠵᠤ ᠪᠠᠶᠢᠨ᠎ᠠ︾ ᠭᠡᠵᠦ ᠰᠢᠨ ᠴᠧᠩ ᠵᠡᠭᠡᠯᠢ ᠶᠢᠨ ᠬᠡᠷᠡᠭ ᠡᠷᠬᠢᠯᠡᠬᠦ ᠭᠠᠵᠠᠷ ᠤᠨ ᠮᠠᠨᠳᠠ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠸᠠᠩ ᠭᠤᠸᠠᠩ ᡁᠢ ᠰᠤᠷᠪᠤᠯᠵᠢᠯᠠᠭᠴᠢ ᠳᠤ ᠬᠡᠯᠡᠪᠡ᠃        ᠨᠠᠰᠤᠲᠠᠶᠢᠴᠤᠳ ᠤᠨ ︽ᠬᠤᠭᠤᠯᠠ ᠤᠮᠳᠠ ᠶᠢ ᠲᠤᠰᠠᠯᠠᠬᠤ︾ ᠠᠰᠠᠭᠤᠳᠠᠯ ᠳᠤ ᠴᠢᠭᠯᠡᠭᠦᠯᠦᠨ᠂ ᠤᠯᠠᠭᠠᠨᠬᠤᠲᠠ ᠪᠣᠳᠠᠲᠠᠢ ᠳᠤ ᠰᠠᠭᠤᠷᠢᠯᠠᠨ᠂ ᠨᠠᠰᠤᠲᠠᠶᠢᠴᠤᠳ ᠢ ᠲᠤᠰᠠᠯᠠᠬᠤ ᠬᠤᠭᠤᠯᠠᠨ ᠭᠡᠷ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠵᠦ᠂ ᠨᠠᠰᠤᠲᠠᠶᠢᠴᠤᠳ ᠲᠤ ᠠᠰᠢᠭ ᠬᠦᠷᠲᠡᠭᠡᠵᠤ ᠪᠤᠢ᠃ ︽ᠡᠨᠡ ᠬᠤᠭᠤᠯᠠᠨ ᠭᠡᠷ ᠡᠭᠦᠳᠡ ᠪᠠᠨ ᠨᠡᠭᠡᠭᠡᠬᠦ ᠦᠶ᠎ᠡ ᠳᠤ ᠪᠢ ᠢᠷᠡᠭᠡᠳ  ᠡ᠊ᠨᠳᠡ ᠬᠤᠭᠤᠯᠠ ᠢᠳᠡᠵᠠᠢ᠂  ᠡ᠊ᠨᠳᠡᠬᠢ ᠬᠤᠭᠤᠯᠠ ᠨᠤᠭᠤᠭ᠎ᠠ ᠨᠢ ᠬᠢᠮᠳᠠ ᠮᠦᠷᠳᠡᠭᠡᠨ ᠨᠠᠰᠤᠲᠠᠶᠢᠴᠤᠳ ᠤᠨ ᠳᠤᠷᠠᠰᠢᠯ ᠳᠤ ᠮᠠᠰᠢ ᠲᠣᠬᠢᠷᠠᠵᠠᠢ᠂ ᠡᠳᠦᠷ ᠪᠣᠯᠭᠠᠨ ᠰᠢᠨ᠎ᠡ ᠮᠠᠶ᠋ᠢᠭ ᠤᠨ ᠨᠣᠭᠤᠭ᠎ᠠ ᠲᠠᠢ᠂ ᠠᠵᠢᠯᠲᠠᠳ ᠨᠠᠷᠢᠨ ᠨᠢᠮᠪᠠᠢ ᠪᠥᠭᠡᠳ ᠬᠠᠯᠠᠭᠤᠮᠰᠤᠭ ᠲᠤᠳᠤᠨᠤ᠂ ᠡᠨᠡ ᠬᠤᠭᠤᠯᠠᠨ ᠭᠡᠷ ᠢ ᠲᠤᠩ ᠰᠠᠶᠢᠨ ᠡᠷᠬᠢᠯᠡᠵᠤ ᠪᠠᠶᠢᠨ᠎ᠠ︾ ᠭᠡᠵᠤ ᠤᠯᠠᠭᠠᠨᠬᠤᠲᠠ ᠶᠢᠨ ᠾᠧ ᠫᠢᠩ ᠵᠡᠭᠡᠯᠢ ᠶᠢᠨ ᠬᠡᠷᠡᠭ ᠡᠷᠬᠢᠯᠡᠬᠦ ᠭᠠᠵᠠᠷ ᠤᠨ ᠬᠤᠩ ᠲᠦᠩ ᠨᠡᠶᠢᠭᠡᠮ ᠲᠣᠭᠤᠷᠢᠭ ᠤᠨ ᠰᠢᠩ ᠹᠦ᠋ ᠬᠤᠭᠤᠯᠠᠨ ᠭᠡᠷ ᠲᠤ᠂ ᠨᠠᠶᠢᠵᠠ ᠨᠠᠷ ᠲᠠᠢ ᠪᠠᠨ ᠠᠮᠲᠠᠲᠤ ᠬᠤᠭᠤᠯᠠ ᠢᠳᠡᠵᠦ ᠪᠠᠶᠢᠭᠰᠠᠨ ᠲᠦᠩ ᠢᠦᠢ ᠵᠢᠶᠧ ᠥᠪᠡᠷ ᠤᠨ ᠨᠠᠰᠤᠵᠢᠯ ᠤᠨ ᠠᠰᠠᠷᠠᠮᠵᠢ ᠶᠢᠨ ︽ᠵᠣᠯ ᠵᠢᠷᠭᠠᠯ ᠤᠨ ᠳᠠᠩᠰᠠ︾ ᠪᠠᠨ ᠪᠤᠳᠤᠵᠤ ᠡᠬᠢᠯᠡᠪᠡ᠃
     ᠣᠲᠣ ᠪᠣᠯᠲᠠᠯ᠎ᠠ᠂ ᠤᠯᠠᠭᠠᠨᠬᠤᠲᠠ ᠨᠢᠭᠡᠨᠲᠡ 11 ᠵᠡᠭᠡᠯᠢ ᠶᠢᠨ ᠶᠡᠷᠦᠩᠬᠡᠶᠢᠯᠡᠭᠰᠡᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠲᠥᠪ ᠪᠠ ᠨᠡᠶᠢᠭᠡᠮ ᠲᠣᠭᠤᠷᠢᠭ ᠤᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠥᠷᠲᠡᠭᠡ ᠶᠢ 9ᠪᠠᠶᠢᠭᠤᠯᠵᠤ᠂ ︽ᠵᠢᠷᠭᠤᠭ᠎ᠠ ᠶᠢ ᠲᠤᠰᠠᠯᠠᠬᠤ + N︾ ︽ᠭᠤᠷᠪᠠ ᠶᠢ ᠲᠤᠰᠠᠯᠠᠬᠤ + N︾ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠰᠢᠰᠲ᠋ᠧᠮ ᠢ ᠲᠠᠰᠤᠷᠠᠯᠲᠠ ᠦᠭᠡᠢ ᠲᠡᠭᠦᠯᠳᠡᠷᠵᠢᠭᠦᠯᠵᠦ᠂ ᠨᠠᠰᠤᠲᠠᠶᠢᠴᠤᠳ ᠲᠤ ᠨᠡᠶᠢᠲᠡ 4 ᠲᠦᠮᠡ ᠰᠢᠬᠠᠮ ᠬᠥᠮᠥᠨ ᠤᠳᠠᠭ᠎ᠠ ᠦᠢᠯᠡᠴᠢᠯᠡᠪᠡ᠃ ᠨᠡᠶᠢᠭᠡᠮ ᠲᠣᠭᠤᠷᠢᠭ ᠤᠨ ᠵᠣᠯ ᠵᠢᠷᠭᠠᠯᠲᠤ ᠬᠤᠭᠤᠯᠠᠨ ᠭᠡᠷ ᠢ 16 ᠪᠠᠶᠢᠭᠤᠯᠵᠤ᠂ ᠨᠡᠶᠢᠳᠡ 16 ᠲᠦᠮᠡ ᠰᠢᠬᠠᠮ ᠬᠥᠮᠥᠨ ︵ᠤᠳᠠᠭ᠎ᠠ︶ ᠳᠤ ᠦᠢᠯᠡᠴᠢᠯᠡᠵᠦ᠂ ᠨᠠᠰᠤᠲᠠᠶᠢᠴᠤᠳ ᠤᠨ ᠬᠠᠷᠠᠭᠠᠯᠵᠠᠯ ᠳᠤᠲᠠᠭᠳᠠᠬᠤ᠂ ᠨᠡᠶᠢᠭᠡᠮ ᠳᠤ ᠠᠭᠤᠰᠤᠯᠴᠠᠬᠤ ᠵᠡᠷᠭᠡ ᠠᠰᠠᠭᠤᠳᠠᠯ ᠢ ᠪᠦᠲᠦᠮᠵᠢᠲᠡᠢ ᠰᠢᠢᠳᠪᠦᠷᠢᠯᠡᠵᠦ᠂ ᠨᠠᠰᠤᠲᠠᠶᠢᠴᠤᠳ ᠲᠤ ᠨᠡᠩ ᠰᠠᠶᠢᠳᠤᠷ ᠤᠶᠢᠯᠡᠴᠢᠯᠡᠵᠤ᠂  ᠨᠠᠰᠤᠳᠠᠶᠢᠴᠤᠳ ᠢ ᠨᠡᠩ ᠰᠠᠨᠠᠭ᠎ᠠ ᠠᠮᠤᠷ᠂ ᠨᠡᠩ ᠲᠠᠭᠠᠯᠠᠮᠵᠢᠲᠠᠢ ᠠᠮᠢᠳᠤᠷᠠᠭᠤᠯᠵᠤ ᠪᠤᠢ᠃
 
ᠢᠷᠡᠯᠲᠡ᠄ ᠤᠯᠠᠭᠠᠨᠬᠤᠲᠠ ᠶᠢᠨ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号