| ᠠᠭᠤᠷ ᠠᠮᠢᠰᠬᠤᠯ ᠭᠡᠨᠡᠳᠲᠡ ᠬᠤᠪᠢᠷᠠᠬᠤ᠂ ᠬᠠᠲᠠᠭᠤ ᠰᠢᠷᠦᠭᠦᠨ ᠰᠢᠩᠭᠡᠭᠡᠬᠦ ᠳᠤ ᠬᠦᠴᠢᠷ ᠲᠡᠵᠢᠭᠡᠯ | ᠡᠪᠡᠰᠦ ᠢᠳᠡᠬᠦ᠂ ᠡᠪᠡᠰᠦ ᠪᠣᠷᠳᠤᠭ᠎ᠠ ᠭᠡᠨᠡᠳᠲᠡ ᠬᠤᠪᠢᠷᠠᠭᠠᠳ ᠬᠡᠲᠦᠷᠡᠲᠡᠯ᠎ᠡ ᠢᠳᠡᠬᠦ ᠪᠤᠶᠤ ᠤᠰᠤ ᠬᠦᠷᠦᠯᠴᠡᠬᠦ | ᠦᠭᠡᠢ ᠪᠣᠯᠬᠤ᠂ ᠳᠠᠪᠤᠰᠤ ᠬᠦᠷᠦᠯᠴᠡᠬᠦ ᠦᠭᠡᠢ ᠠᠴᠠ ᠪᠣᠯᠵᠤ ᠵᠣᠭᠰᠣᠬᠤ ᠳᠤ ᠬᠦᠴᠢᠷᠳᠡᠬᠦ᠂ ᠭᠡᠳᠡᠰᠦ ᠡᠪᠡᠳᠴᠤ | ᠪᠣᠰᠴᠤ ᠬᠡᠪᠲᠡᠬᠦ᠂ ᠠᠮᠠ ᠬᠠᠲᠠᠵᠤ ᠦᠮᠡᠬᠡᠶᠢᠷᠡᠬᠦ᠂ ᠭᠡᠳᠡᠰᠦᠨ ᠤ ᠳᠠᠭᠤᠨ ᠰᠤᠯᠠᠷᠠᠬᠤ᠂ ᠬᠡᠪᠡᠯᠢ ᠶᠡᠬᠡᠰᠬᠦ᠂ | ᠰᠢᠯᠤᠭᠤᠨ ᠭᠡᠳᠡᠰᠦᠨ ᠤ ᠪᠠᠶᠢᠴᠠᠭᠠᠯᠲᠠ ᠪᠠᠷ ᠳᠠᠮᠵᠢᠨ ᠭᠡᠳᠡᠰᠦᠨ ᠳᠤ ᠬᠤᠷᠭᠤᠰᠢᠭᠰᠠᠨ ᠬᠤᠮᠣᠣᠯ ᠲᠠᠢ ᠪᠣᠯᠬᠤ ᠶᠢ | ᠣᠯᠵᠤ ᠮᠡᠳᠡᠨ᠎ᠡ᠃ ᠡᠮᠨᠡᠨ ᠵᠠᠰᠠᠬᠤ᠄ ᠡᠩ ᠲᠡᠷᠢᠭᠦᠨ ᠳᠤ ᠡᠪᠡᠳᠬᠦ ᠶᠢ ᠵᠣᠭᠰᠤᠭᠠᠬᠤ ᠬᠡᠷᠡᠭᠲᠡᠢ᠃ 5% ᠶᠢᠨ | ᠤᠰᠤᠵᠢᠮᠠᠯ ᠾᠯᠣᠷᠲᠤ ᠠᠯᠳᠧᠭᠢᠳ᠋᠂ ᠰᠫᠢᠷᠲ ᠤᠨ ᠲᠠᠷᠢᠯᠭ᠎ᠠ ᠶᠢᠨ ᠰᠢᠩᠭᠡᠨ 100 ~ 200 ᠮᠢᠯᠢᠯᠧᠲᠷ᠂ | 30% ᠶᠢᠨ ᠠᠨ ᠨᠠᠢ ᠶᠢᠨ ᠲᠠᠷᠢᠯᠭ᠎ᠠ ᠶᠢᠨ ᠰᠢᠩᠭᠡᠨ 20 ~ 40 ᠮᠢᠯᠢᠯᠧᠲᠷ︔ ᠳᠠᠷᠠᠭ᠎ᠠ ᠨᠢ ᠹᠣᠰᠹᠣᠷ | ᠬᠦᠴᠢᠯ ᠤᠨ ᠳᠠᠪᠤᠰᠤᠨ ᠤ ᠨᠠᠮᠬᠠᠳᠬᠠᠬᠤ ᠡᠮ ᠢ ᠤᠤᠭᠤᠯᠭᠠᠬᠤ ᠪᠤᠶᠤ ᠼᠤᠤ ᠶᠢᠨ ᠬᠥᠷᠥᠩᠭᠡ 300 ~ 500 | ᠭᠷᠡᠮ᠂ ᠢᠰᠬᠡᠭᠦᠷ ᠤᠨ ᠨᠤᠨᠳᠠᠭ 500 ᠭᠷᠡᠮ᠂ ᠪᠦᠯᠢᠶᠡᠨ ᠤᠰᠤ 1000 ~ 2000 ᠮᠢᠯᠢᠯᠧᠲᠷ ᠤᠤᠭᠤᠯᠭᠠᠨ᠎ᠠ᠃ | ᠳᠠᠬᠢᠨ ᠰᠢᠩᠭᠡᠨ ᠨᠥᠬᠦᠪᠦᠷᠢᠯᠡᠵᠦ᠂ ᠵᠢᠷᠦᠬᠡ ᠶᠢ ᠴᠢᠩᠭᠠᠷᠠᠭᠤᠯᠤᠨ᠎ᠠ᠃ ᠾᠯᠣᠷᠲᠤ ᠨᠠᠳ᠋ᠷᠢ ᠶᠢᠨ ᠨᠡᠶᠢᠯᠡᠮᠡᠯ | ᠲᠠᠷᠢᠯᠭ᠎ᠠ ᠶᠢᠨ ᠰᠢᠩᠭᠡᠨ ᠬᠢᠭᠡᠳ 5% ᠶᠢᠨ ᠦᠵᠦᠮ ᠤᠨ ᠰᠢᠬᠢᠷ ᠤᠨ ᠲᠠᠷᠢᠯᠭ᠎ᠠ ᠶᠢᠨ ᠰᠢᠩᠭᠡᠨ᠂ 5% ᠶᠢᠨ | ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠨᠠᠳ᠋ᠷᠢ ᠶᠢᠨ ᠲᠠᠷᠢᠯᠭ᠎ᠠ ᠶᠢᠨ ᠰᠢᠩᠭᠡᠨ ᠢ ᠬᠡᠷᠡᠭᠯᠡᠵᠦ ᠪᠣᠯᠤᠨ᠎ᠠ᠃ |