ᠡᠨᠧᠷᠭᠢ ᠶᠢᠨ ᠤᠮᠳᠠᠭᠠᠨ ᠵᠠᠯᠠᠭᠤᠴᠤᠳ ᠤᠨ ᠨᠦᠢᠷ ᠢ ᠬᠠᠷᠰᠢᠯᠠᠨ᠎ᠠ
ᠨᠡᠶᠢᠲᠡᠯᠡᠭᠰᠡᠨ ᠴᠠᠭ᠄
2024/4/2
     ᠭᠠᠳᠠᠭᠠᠳᠦ ᠶᠢᠨ ᠨᠢᠭᠡᠨ ᠰᠡᠳᠬᠦᠯ ᠤᠨ ᠣᠶᠢᠷ᠎ᠠ ᠳᠤ ᠨᠡᠶᠢᠲᠡᠯᠡᠭᠰᠡᠨ ᠨᠢᠭᠡᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠡᠨᠧᠷᠭᠢ ᠶᠢᠨ ᠤᠮᠳᠠᠭᠠᠨ ᠤᠤᠭᠤᠬᠤ ᠨᠢ ᠵᠠᠯᠠᠭᠤᠴᠤᠳ ᠤᠨ ᠨᠦᠢᠷ ᠮᠠᠭᠤᠲᠠᠬᠤ ᠲᠠᠢ ᠬᠤᠯᠪᠣᠭ᠎ᠠ ᠲᠠᠢ᠃ ᠡᠶᠢᠮᠦ ᠤᠮᠳᠠᠭᠠᠨ ᠢ ᠬᠡᠳᠦ ᠤᠯᠠᠨ ᠤᠤᠭᠤᠪᠠᠯ ᠵᠠᠯᠠᠭᠤᠴᠤᠳ ᠤᠨ ᠤᠨᠲᠠᠬᠤ ᠴᠠᠭ ᠨᠢ ᠲᠡᠳᠦᠶ ᠪᠠᠭ᠎ᠠ ᠪᠤᠯᠵᠤ᠂ ᠰᠠᠷ᠎ᠠ ᠳᠤ 1 — 3 ᠤᠳᠠᠭ᠎ᠠ ᠯᠡ ᠤᠤᠭᠤᠭᠰᠠᠨ ᠴᠦ ᠨᠦᠢᠷ ᠢ ᠬᠠᠷᠰᠢᠯᠠᠬᠤ ᠲᠦᠭᠰᠢᠭᠦᠷᠢ ᠲᠠᠢ ᠭᠡᠵᠡᠢ᠃      ᠡᠨᠧᠷᠭᠢ ᠶᠢᠨ ᠤᠮᠳᠠᠭᠠᠨ ᠤ ᠳᠤᠮᠳᠠᠴᠢ ᠺᠤᠹᠧᠶ᠋ᠢᠨ ᠤ ᠠᠭᠤᠯᠤᠭᠳᠠᠴᠠ ᠨᠢ ᠯᠢᠲᠷ ᠪᠦᠷᠢ ᠳᠤ 150 ᠮᠢᠯᠢᠭᠷᠡᠮ ᠪᠠᠶᠢᠵᠤ᠂ ᠪᠠᠰᠠ ᠰᠢᠬᠢᠷ᠂ ᠸᠢᠲ᠋ᠠᠮᠢᠨ᠂ ᠡᠷᠦᠳᠡᠰᠦ ᠪᠠ ᠰᠢᠪᠲᠦᠷᠲᠦ ᠬᠦᠴᠢᠯ ᠵᠡᠷᠭᠡ ᠶᠢ ᠠᠭᠤᠯᠳᠠᠭ᠃ ᠬᠦᠴᠦ ᠲᠠᠮᠢᠷ ᠰᠡᠯᠪᠢᠵᠤ᠂ ᠴᠤᠭ ᠵᠢᠪᠬᠤᠭ᠎ᠠ ᠶᠢ ᠰᠡᠷᠭᠦᠭᠡᠬᠦ ᠡᠮ ᠪᠣᠯᠤᠭᠰᠠᠨ ᠤ ᠬᠤᠪᠢ ᠳᠤ᠂ ᠡᠨᠧᠷᠭᠢ ᠶᠢᠨ ᠤᠮᠳᠠᠭᠠᠨ ᠨᠢ ᠵᠠᠯᠠᠭᠤᠴᠤᠳ ᠤᠨ ᠪᠠᠭ᠋ᠠᠷᠬᠠᠯ ᠢ ᠶᠡᠬᠡᠳᠡ ᠲᠠᠲᠠᠳᠠᠭ᠃      ᠰᠤᠳᠤᠯᠭᠠᠨ ᠤ ᠠᠵᠢᠯᠲᠠᠨ 18 — 35 ᠨᠠᠰᠤᠨ ᠤ 53266 ᠤᠷᠤᠯᠴᠠᠭᠰᠠᠳ ᠤᠨ ᠲᠤᠭ᠎ᠠ ᠪᠠᠷᠢᠮᠳᠠ ᠶᠢ ᠠᠰᠢᠬᠯᠠᠵᠠᠢ᠃ ᠤᠷᠤᠯᠴᠠᠭᠰᠠᠳ ᠡᠨᠧᠷᠭᠢ ᠶᠢᠨ ᠤᠮᠳᠠᠭᠠᠨ ᠤᠤᠭᠤᠬᠤ ᠳᠠᠪᠲᠠᠮᠵᠢ ᠵᠢᠴᠢ ᠤᠨᠲᠠᠬᠤ ᠵᠠᠭᠪᠤᠷ ᠤᠨ ᠲᠤᠬᠠᠶ ᠨᠠᠷᠢᠨ ᠲᠣᠳᠣᠷᠬᠠᠶ ᠠᠰᠠᠭᠤᠯᠲᠠ ᠳᠤ ᠬᠠᠨᠳᠤᠵᠦ᠂ ᠰᠥᠨᠢ ᠪᠦᠷᠢ ᠶᠢᠨ ᠶᠡᠷᠦᠩᠬᠡᠶ ᠤᠨᠲᠠᠬᠤ ᠴᠠᠭ ᠪᠣᠯᠤᠨ ᠬᠡᠪᠲᠡᠬᠦ ᠴᠠᠭ ᠢ ᠦᠨᠳᠦᠰᠦᠯᠡᠨ ᠤᠨᠲᠠᠬᠤ ᠨᠣᠷᠮ᠎ᠠ ᠶᠢ ᠪᠤᠳᠤᠨ᠎ᠠ᠃ ᠨᠢᠭᠡ ᠭᠠᠷᠠᠭ ᠲᠤ ᠠᠳᠠᠭ ᠪᠠᠭ᠎ᠠ ᠳᠠᠭᠠᠨ 3 ᠰᠥᠨᠢ ᠤᠨᠲᠠᠵᠤ ᠣᠷᠣᠬᠤ ᠦᠭᠡᠢ ᠪᠤᠶᠤ ᠡᠷᠲᠡ ᠪᠣᠰᠬᠤ᠂ ᠨᠢᠭᠡ ᠭᠠᠷᠠᠭ ᠲᠤ ᠠᠳᠠᠭ ᠪᠠᠭ᠎ᠠ ᠳᠠᠭᠠᠨ 3 ᠡᠳᠦᠷ ᠨᠢ ᠮᠠᠩᠰᠢᠭᠤᠷᠠᠬᠤ ᠪᠠ ᠶᠠᠳᠠᠷᠠᠵᠤ ᠴᠢᠯᠡᠭᠡᠷᠬᠡᠬᠦ᠂ ᠡᠨᠡ ᠮᠡᠲᠦ ᠪᠠᠷ ᠨᠠᠭᠠᠳᠤ ᠵᠠᠬ᠎ᠠ ᠳᠠᠭᠠᠨ 3 ᠰᠠᠷ᠎ᠠ ᠦᠷᠭᠦᠯᠵᠢᠯᠡᠪᠡᠯ ᠨᠦᠢᠷ ᠬᠤᠯᠵᠢᠭᠰᠠᠨ ᠳᠤ ᠲᠤᠭᠠᠴᠢᠪᠠ᠃      ᠪᠠᠶᠢᠴᠠᠭᠠᠯᠲᠠ ᠪᠠᠷ ᠢᠯᠡᠷᠡᠭᠦᠯᠦᠭᠰᠡᠨ ᠨᠢ᠂ ᠡᠨᠧᠷᠭᠢ ᠶᠢᠨ ᠤᠮᠳᠠᠭᠠᠨ ᠤ ᠬᠡᠷᠡᠭᠯᠡᠭᠡ ᠳᠤ ᠬᠦᠢᠰᠦ ᠢᠯᠭᠠᠯ ᠤᠨ ᠢᠯᠡᠷᠬᠡᠶ ᠵᠥᠷᠢᠶ᠎ᠡ ᠣᠷᠣᠰᠢᠵᠤ ᠵᠢᠱᠢᠶᠡᠯᠡᠪᠡᠯ᠂ ᠡᠮᠡᠭᠲᠡᠶᠢᠴᠤᠳ ᠡᠷᠡᠭᠲᠡᠶᠢᠴᠤᠳ ᠠᠴᠠ ᠨᠠᠩ ᠴᠥᠭᠡᠨ ᠪᠤᠶᠤ ᠶᠡᠷᠦ ᠠᠴᠠ ᠡᠨᠧᠷᠭᠢ ᠶᠢᠨ ᠤᠮᠳᠠᠭᠠᠨ ᠢ ᠤᠤᠭᠤᠳᠠᠭ ᠥᠬᠡᠶ᠃ ᠡᠳᠡᠭᠡᠷ ᠤᠮᠳᠠᠭᠠᠨ ᠢ ᠦᠨᠡᠬᠡᠷ ᠤᠤᠭᠤᠵᠤ ᠥᠩᠭᠡᠷᠡᠭᠰᠡᠨ ᠭᠡᠵᠦ ᠬᠠᠷᠢᠭᠤᠯᠤᠭᠰᠠᠨ ᠬᠥᠮᠦᠰ ᠤᠨ ᠳᠣᠲᠣᠷ᠎ᠠ᠂ 5.5% ᠶᠢᠨ ᠡᠮᠡᠭᠲᠡᠶᠢᠴᠦᠳ ᠭᠠᠷᠠᠭ ᠪᠦᠷᠢ 4 — 6 ᠤᠳᠠᠭ᠎ᠠ ᠤᠤᠭᠤᠵᠦ᠂ 3% ᠠᠴᠠ ᠢᠯᠡᠭᠦᠦ ᠡᠮᠡᠭᠲᠡᠶᠢᠴᠦᠳ ᠡᠳᠦᠷ ᠪᠦᠷᠢ ᠡᠶᠢᠮᠦ ᠤᠮᠳᠠᠭᠠᠨ ᠤᠤᠭᠤᠳᠠᠭ ᠭᠡᠵᠡᠢ︔ ᠡᠷᠡᠭᠲᠡᠶᠢᠴᠦᠳ ᠤᠨ ᠬᠠᠷᠢᠴᠠᠯ ᠲᠤᠭ᠎ᠠ ᠨᠢ ᠲᠤᠰᠪᠦᠷᠢ 8% ᠪᠠ 5% ᠪᠣᠯᠤᠨ᠎ᠠ᠃      ᠡᠨᠧᠷᠭᠢ ᠶᠢᠨ ᠤᠮᠳᠠᠭᠠᠨ ᠤ ᠬᠡᠷᠡᠭᠯᠡᠭᠡ ᠬᠢᠭᠡᠳ ᠤᠨᠲᠠᠬᠤ ᠴᠠᠭ ᠪᠠᠭᠠᠰᠬᠤ ᠶᠢᠨ ᠬᠤᠭᠤᠷᠣᠨᠳᠣ ᠢᠯᠡᠷᠬᠡᠶ ᠲᠤᠰᠬᠠᠯ ᠤᠨ ᠬᠠᠷᠢᠴᠠᠭ᠎ᠠ ᠲᠠᠢ ᠪᠠᠶᠢᠳᠠᠭ᠄ ᠡᠳᠦᠷ ᠪᠦᠷᠢ ᠤᠤᠭᠤᠳᠠᠭ ᠭᠡᠵᠦ ᠮᠡᠳᠡᠭᠦᠯᠦᠭᠰᠡᠨ ᠡᠷᠡᠭᠲᠡᠶ ᠡᠮᠡᠭᠲᠡᠶ ᠨᠢ ᠴᠥᠮ ᠬᠠᠶᠠ ᠵᠠᠷᠢᠮ ᠳᠠᠭᠠᠨ ᠤᠤᠭᠤᠳᠠᠭ ᠪᠤᠶᠤ ᠶᠡᠷᠦ ᠠᠴᠠ ᠤᠤᠭᠤᠳᠠᠭ ᠦᠭᠡᠢ ᠭᠡᠵᠦ ᠮᠡᠳᠡᠭᠦᠯᠦᠭᠰᠡᠨ ᠡᠷᠡᠭᠲᠡᠶ ᠡᠮᠡᠭᠲᠡᠶ ᠠᠴᠠ ᠬᠠᠭᠠᠰ ᠴᠠᠭ ᠣᠷᠴᠢᠮ ᠳᠤᠲᠠᠭᠤ ᠤᠨᠲᠠᠳᠠᠭ︔ ᠡᠨᠧᠷᠭᠢ ᠶᠢᠨ ᠤᠮᠳᠠᠭᠠᠨ ᠤ ᠬᠡᠷᠡᠭᠯᠡᠭᠡ ᠶᠢᠨ ᠨᠡᠮᠡᠭᠳᠡᠯ ᠨᠢ ᠨᠦᠢᠷ ᠮᠠᠭᠤᠲᠠᠬᠤ ᠲᠠᠢ ᠰᠢᠭᠤᠳ ᠬᠤᠯᠪᠣᠭ᠎ᠠ ᠲᠠᠢ ᠪᠠᠶᠢᠵᠦ᠂ ᠰᠥᠨᠢ ᠰᠡᠷᠢᠬᠦ ᠳᠠᠪᠲᠠᠮᠵᠢ ᠪᠠ ᠤᠨᠲᠠᠬᠤ ᠳᠤ ᠬᠡᠷᠡᠭᠰᠡᠬᠦ ᠴᠠᠭ ᠨᠢ ᠬᠠᠷᠢᠴᠠᠩᠭᠤᠶ ᠪᠠᠷ ᠨᠡᠮᠡᠭᠳᠡᠳᠡᠭ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号