ᠦᠢᠯᠡᠰ ᠢᠳᠡᠬᠡᠮᠵᠢ ᠦᠬᠡᠢ ᠪᠤᠯ ᠬᠦᠭᠵᠢᠯᠳᠡ ᠦᠬᠡᠢ
ᠨᠡᠶᠢᠲᠡᠯᠡᠭᠰᠡᠨ ᠴᠠᠭ᠄
2024/4/8
     ᠬᠢᠩᠭᠠᠨ ᠠᠶᠢᠮᠠᠭ ᠤᠨ ᠤᠯᠠᠭᠠᠨᠬᠤᠳᠠ ᠶᠢᠨ ︽5.1︾ ᠵᠡᠬᠡᠯᠢ ᠶᠢᠨ ᠺᠠᠩ ᠵᠢᠥᠢ ᠵᠢᠶᠠ ᠶᠤᠸᠠᠨ ᠪᠠᠭ᠎ᠠ ᠲᠤᠭᠤᠷᠢᠭ ᠤᠨ ᠲᠠᠪᠤᠳᠤᠭᠠᠷ ᠠᠰᠠᠷ ᠤᠨ ᠲᠡᠯᠭᠡᠬᠦᠷ ᠤᠨ ᠭᠠᠳᠠᠷ ᠡᠬᠦᠳᠡᠨ ᠤ ᠲᠡᠬᠡᠷ᠎ᠡ ᠲᠠᠯ᠎ᠠ ᠳᠤ ᠡᠯᠬᠦᠵᠦ ᠪᠠᠶᠢᠭ᠎ᠠ ︽ᠪᠡᠶ᠎ᠡ ᠲᠠᠮᠢᠷ ᠤᠨ ᠱᠠᠩᠨᠠᠯᠳᠤ ᠰᠤᠭᠤᠯᠤᠭ᠎ᠠ ᠶᠢᠨ ᠦᠷᠳᠡᠭᠡ︾ ᠬᠡᠬᠦ ᠬᠡᠳᠦᠨ ᠲᠤᠮᠤ ᠦᠰᠦᠭ ᠲᠠᠢ ᠫᠠᠶᠢᠰᠠ ᠢᠯᠡᠷᠬᠡᠶᠢᠯᠡᠯ ᠨᠢ ᠨᠠᠭᠠᠰᠢ ᠴᠠᠭᠠᠰᠢ ᠶᠠᠪᠤᠬᠤ ᠬᠦᠮᠦᠰ ᠤᠨ ᠠᠩᠬᠠᠷᠤᠯ ᠢ ᠦᠪᠡᠷ ᠤᠨ ᠡᠷᠬᠡ ᠦᠬᠡᠢ ᠲᠠᠳᠠᠨ᠎ᠠ᠃      ᠲᠤᠰ ᠦᠷᠳᠡᠭᠡ ᠶᠢᠨ ᠶᠡᠷᠦᠩᠬᠡᠢ ᠲᠠᠭᠠᠭᠠᠮᠠᠯ ᠸᠠᠩ ᠡᠾᠦ᠋ᠩ ᠰᠢᠶᠠ᠄ ︽2002 ᠤᠨ ᠳᠤ ᠪᠠᠶᠢᠭᠤᠯᠤᠭᠳᠠᠭᠰᠠᠨ ᠲᠤᠰ ᠲᠡᠯᠭᠡᠬᠦᠷ ᠢ ᠪᠤᠯ ᠤᠯᠠᠭᠠᠨᠬᠤᠳᠠ ᠶᠢᠨ ᠪᠡᠶ᠎ᠡ ᠲᠠᠮᠢᠷ ᠤᠨ ᠱᠠᠩᠨᠠᠯᠳᠤ ᠰᠤᠭᠤᠯᠤᠭ᠎ᠠ ᠶᠢᠨ 61145 ᠨᠤᠮᠧᠷᠳᠤ ᠲᠤᠤᠷ ᠴᠡᠭ ᠬᠡᠵᠦ ᠨᠡᠷᠡᠯᠡᠳᠡᠭ ᠶᠤᠮ᠂ ᠬᠦᠮᠦᠰ ᠲᠦᠬᠦᠮᠴᠢᠯᠡᠬᠡᠳ ᠱᠠᠩᠨᠠᠯᠳᠤ ᠰᠤᠭᠤᠯᠤᠭ᠎ᠠ ᠶᠢᠨ ᠦᠷᠳᠡᠭᠡ ᠬᠡᠵᠦ ᠨᠡᠷᠡᠯᠡᠬᠡᠳ ᠲᠠᠳᠤᠭᠰᠠᠨ ᠲᠡᠳᠦᠢ᠃ ᠱᠠᠩᠨᠠᠯᠳᠤ ᠰᠤᠭᠤᠯᠤᠭ᠎ᠠ ᠬᠤᠳᠠᠯᠳᠤᠬᠤ ᠪᠠᠷ ᠲᠠᠮᠵᠢᠨ ᠵᠤᠯ ᠵᠢᠷᠭᠠᠯ ᠢ ᠰᠠᠴᠤᠨ ᠲᠠᠮᠵᠢᠭᠤᠯᠵᠤ᠂ ᠬᠠᠶᠢᠷ᠎ᠠ ᠰᠡᠳᠬᠢᠯ ᠢᠶᠠᠨ ᠬᠠᠨᠳᠢᠪᠯᠠᠬᠤ ᠪᠤᠯ ᠮᠢᠨᠤ ᠬᠤᠷᠢ ᠭᠠᠷᠤᠢ ᠵᠢᠯ ᠪᠡᠶ᠎ᠡ ᠲᠠᠮᠢᠷ ᠤᠨ ᠱᠠᠩᠨᠠᠯᠳᠤ ᠰᠤᠭᠤᠯᠤᠭ᠎ᠠ ᠳᠤ ᠤᠷᠤᠯᠴᠠᠭᠠᠳ ᠤᠯᠤᠭᠰᠠᠨ ᠬᠠᠮᠤᠭ ᠤᠨ ᠬᠦᠨ ᠲᠦᠷᠦᠭᠳᠡᠯ ᠪᠤᠯᠤᠨ᠎ᠠ︾ ᠬᠡᠵᠦ ᠰᠤᠷᠪᠤᠯᠵᠢᠯᠠᠭᠴᠢ ᠳᠤ ᠲᠠᠨᠢᠯᠴᠠᠭᠤᠯᠤᠨ ᠶᠠᠷᠢᠨ᠎ᠡ᠃      2011 ᠤᠨ ᠤ 8 ᠰᠠᠷ᠎ᠠ ᠳᠤ ᠲᠤᠰ ᠪᠡᠶ᠎ᠡ ᠲᠠᠮᠢᠷ ᠤᠨ ᠱᠠᠩᠨᠠᠯᠳᠤ ᠰᠤᠭᠤᠯᠤᠭ᠎ᠠ ᠶᠢᠨ ᠦᠷᠳᠡᠭᠡ ᠳᠤ 5 ᠲᠦᠬᠦᠷᠢᠭ ᠤᠨ ᠱᠠᠩᠨᠠᠯᠳᠤ ᠰᠤᠭᠤᠯᠤᠭ᠎ᠠ ᠨᠢᠬᠡ ᠬᠡᠷ ᠪᠦᠯᠢ ᠶᠢ ᠲᠡᠩᠬᠡᠷᠡᠬᠦᠯᠦᠭᠰᠡᠨ ᠦᠯᠢᠬᠡᠷ ᠡᠬᠦᠰᠴᠢ᠃ ᠲᠤᠬᠠᠢ ᠶᠢᠨ ᠦᠶ᠎ᠡ ᠳᠤ ᠦᠨ᠎ᠡ ᠬᠠᠩᠰᠢ ᠨᠢ ᠬᠠᠭᠤᠳᠠᠰᠦ ᠪᠦᠷᠢ ᠳᠡᠭᠡᠨ 5 ᠲᠦᠬᠦᠷᠢᠭ ᠪᠦᠬᠦᠢ ︽ᠰᠤᠨᠢᠨ ᠭᠠᠶᠢᠬᠠᠮᠰᠢᠭᠳᠤ 5︾ ᠬᠡᠬᠦ ᠪᠡᠶ᠎ᠡ ᠲᠠᠮᠢᠷ ᠤᠨ ᠱᠠᠩᠨᠠᠯᠳᠣ ᠰᠤᠭᠤᠯᠤᠭ᠎ᠠ ᠶᠢᠨ ᠨᠢᠬᠡᠳᠦᠬᠡᠷ ᠲᠡᠰ ᠤᠨ ᠱᠠᠩᠨᠠᠯ ᠨᠢ 10 ᠲᠦᠮᠡᠨ ᠲᠦᠬᠦᠷᠢᠭ ᠤᠨ ᠱᠠᠩᠨᠠᠯ ᠤᠨ ᠮᠦᠩᠬᠦ ᠲᠠᠢ ᠪᠠᠶᠢᠪᠠ᠃ ᠨᠢᠬᠡ ᠰᠤᠭᠤᠯᠤᠭ᠎ᠠ ᠬᠤᠳᠠᠯᠳᠤᠨ ᠠᠪᠤᠭᠴᠢ ᠠᠴᠠ ᠲᠤᠰ ᠰᠤᠭᠤᠯᠤᠭ᠎ᠠ ᠶᠢᠨ ᠦᠷᠳᠡᠭᠡ ᠪᠠᠷ ᠦᠩᠭᠡᠷᠡᠬᠦ ᠳᠡᠭᠡᠨ ᠲᠤᠷᠰᠢᠵᠦ ᠦᠵᠡᠬᠦ ᠰᠡᠳᠬᠢᠯᠬᠡ ᠶᠢ ᠡᠪᠤᠷᠯᠡᠵᠦ᠂ ᠨᠢᠬᠡ ᠬᠠᠭᠤᠳᠠᠰᠦ ︽ᠰᠤᠨᠢᠨ ᠭᠠᠶᠢᠬᠠᠮᠰᠢᠭᠳᠤ 5︾ ᠶᠢ ᠬᠤᠳᠠᠯᠳᠤᠨ ᠠᠪᠤᠭᠠᠳ 10 ᠲᠦᠮᠡᠨ ᠲᠦᠬᠦᠷᠢᠭ ᠤᠨ ᠱᠠᠩᠨᠠᠯ ᠤᠯᠤᠭᠰᠠᠨ ᠪᠠᠶᠢᠨ᠎ᠠ᠃ ᠲᠤᠬᠠᠢ ᠶᠢᠨ ᠦᠶ᠎ᠡ ᠳᠤ ᠲᠤᠰ ᠬᠡᠷᠡᠭᠯᠡᠭᠴᠢ ᠨᠢ ᠰᠡᠳᠬᠢᠯ ᠤᠨ ᠲᠠᠷᠤᠭᠠᠰᠤ ᠬᠦᠨᠳᠦ ᠪᠠᠶᠢᠭᠰᠡᠨ ᠤ ᠲᠡᠬᠡᠷ᠎ᠡ ᠶᠠᠭᠠᠷᠠᠤ ᠰᠠᠨᠳᠤᠷᠠᠤ ᠶᠠᠪᠤᠵᠦ ᠪᠠᠶᠢᠭᠰᠠᠨ ᠤᠴᠢᠷ ᠠᠴᠠ 10 ᠲᠦᠮᠡᠨ ᠲᠦᠬᠦᠷᠢᠭ ᠤᠨ ᠱᠠᠩᠨᠠᠯ ᠤᠨ ᠮᠦᠩᠬᠦ ᠶᠢ 1 ᠲᠦᠮᠡᠨ ᠲᠦᠬᠦᠷᠢᠭ ᠤᠨ ᠱᠠᠩᠨᠠᠯ ᠤᠨ ᠮᠦᠩᠬᠦ ᠬᠡᠵᠦ ᠡ᠊ᠨᠳᠡᠬᠦᠤ ᠦᠵᠡᠭᠡᠳ᠂ 1 ᠲᠦᠮᠡᠨ ᠲᠦᠬᠦᠷᠢᠭ ᠤᠨ ᠪᠡᠯᠡᠨ ᠱᠠᠩᠨᠠᠯ ᠤᠨ ᠮᠦᠩᠬᠦ ᠰᠤᠯᠢᠵᠦ ᠠᠪᠬᠤ ᠬᠡᠵᠡᠢ᠃ ᠦᠨᠡᠨ ᠳᠡᠭᠡᠨ 1 ᠲᠦᠮᠡᠨ ᠲᠦᠬᠦᠷᠢᠭ ᠤᠨ ᠲᠤᠳᠤᠷᠠᠬᠢ ᠱᠠᠩᠨᠠᠯ ᠤᠨ ᠮᠦᠩᠬᠦ ᠶᠢ ᠪᠤᠯ ᠰᠤᠭᠤᠯᠤᠭ᠎ᠠ ᠶᠢᠨ ᠦᠷᠳᠡᠭᠡ ᠠᠴᠠ ᠰᠢᠭᠤᠳ ᠪᠡᠯᠡᠨ ᠮᠦᠩᠬᠦ ᠰᠤᠯᠢᠵᠦ ᠦᠭᠬᠦ ᠡᠷᠬᠡ ᠲᠠᠢ ᠶᠤᠮ᠃ ᠬᠡᠪᠡᠴᠦ ᠰᠦᠨ ᠴᠤᠤ᠂ ᠨᠠᠷᠢᠪᠴᠢᠯᠡᠨ ᠦᠵᠡᠭᠰᠡᠨ ᠤ ᠳ᠋ᠦᠩ ᠳᠤ ᠬᠡᠷᠡᠭᠯᠡᠭᠴᠢ ᠶᠢᠨ ᠠᠪᠤᠭᠰᠠᠨ ᠰᠤᠭᠤᠯᠤᠭ᠎ᠠ ᠨᠢ 10 ᠲᠦᠮᠡᠨ ᠲᠦᠬᠦᠷᠢᠭ ᠤᠨ ᠱᠠᠩᠨᠠᠯ ᠤᠨ ᠮᠦᠩᠬᠦ ᠰᠤᠯᠢᠵᠦ ᠠᠪᠤᠪᠠᠯ ᠰᠠᠶ᠋ᠢ ᠲᠠᠭᠠᠷᠠᠨ᠎ᠠ᠂ ᠬᠠᠷᠢᠨ 1 ᠲᠦᠮᠡᠨ ᠲᠦᠬᠦᠷᠢᠭ ᠤᠨ ᠪᠡᠯᠡᠨ ᠱᠠᠩᠨᠠᠯ ᠤᠨ ᠮᠦᠩᠬᠦ ᠰᠤᠯᠢᠵᠦ ᠠᠪᠤᠪᠠᠯ ᠬᠡᠷᠡᠭ ᠲᠡᠬᠡᠷ᠎ᠡ ᠪᠠᠨ ᠰᠤᠭᠤᠯᠤᠭ᠎ᠠ ᠶᠢᠨ ᠦᠷᠳᠡᠭᠡ ᠨᠢ ᠬᠡᠷᠡᠭᠯᠡᠭᠴᠢ ᠶᠢ ᠮᠡᠬᠡᠯᠡᠵᠦ ᠪᠠᠶᠢᠭ᠎ᠠ ᠤᠴᠢᠷ ᠪᠤᠯᠤᠨ᠎ᠠ᠃ ᠲᠡᠬᠡᠬᠡᠳ ᠲᠡᠷᠡ ᠬᠡᠷᠡᠭᠯᠡᠭᠴᠢ ᠶᠢ ᠬᠠᠪᠰᠤᠷᠤᠨ ᠬᠢᠩᠭᠠᠨ ᠠᠶᠢᠮᠠᠭ ᠤᠨ ᠪᠡᠶ᠎ᠡ ᠲᠠᠮᠢᠷ ᠤᠨ ᠰᠤᠭᠤᠯᠤᠭ᠎ᠠ ᠶᠢᠨ ᠬᠠᠮᠢᠶᠠᠷᠤᠯᠳᠠ ᠶᠢᠨ ᠲᠦᠪ ᠲᠠᠢ ᠬᠠᠷᠢᠯᠴᠠᠵᠦ ᠪᠠᠶᠢᠭᠠᠳ 10 ᠲᠦᠮᠡᠨ ᠲᠦᠬᠦᠷᠢᠭ ᠤᠨ ᠱᠠᠩᠨᠠᠯ ᠤᠨ ᠮᠦᠩᠬᠦ ᠶᠢ ᠲᠤᠰ ᠬᠡᠷᠡᠭᠯᠡᠭᠴᠢ ᠳᠤ ᠭᠠᠷᠳᠠᠭᠤᠯᠤᠭᠰᠠᠨ ᠪᠠᠶᠢᠨ᠎ᠠ᠃ ᠤᠤᠯ ᠨᠢ᠂ ᠲᠤᠰ ᠬᠡᠷᠡᠭᠯᠡᠭᠴᠢ ᠨᠢ ᠬᠦᠳᠡᠭᠡ ᠠᠴᠠ ᠢᠷᠡᠭᠰᠡᠨ ᠨᠢᠬᠡᠨ ᠡᠪᠡᠳᠴᠢᠳᠡᠨ ᠤ ᠬᠡᠷ ᠪᠦᠯᠢ ᠶᠢᠨ ᠬᠢᠨ ᠪᠠᠶᠢᠵᠦ᠂ ᠲᠡᠬᠦᠨ ᠤ ᠡᠬᠡᠨᠡᠷ ᠨᠢ ᠲᠡᠷᠬᠡ ᠶᠢᠨ ᠡ᠊ᠨᠳᠡᠯ ᠠᠴᠠ ᠪᠤᠯᠵᠦ ᠡᠮᠨᠡᠯᠬᠡ ᠳᠤ ᠰᠠᠭᠤᠭᠠᠳ ᠬᠡᠳᠦᠨ ᠰᠠᠷ᠎ᠠ ᠪᠤᠯᠵᠤ ᠪᠠᠶᠢᠭᠰᠠᠨ ᠪᠦᠭᠡᠳ ᠡᠬᠡᠨᠡᠷ ᠤᠨ ᠢᠶᠠᠨ ᠡᠪᠡᠳᠴᠢᠨ ᠢ ᠦᠵᠡᠬᠦᠯᠬᠦ ᠶᠢᠨ ᠲᠦᠯᠦᠬᠡ ᠪᠤᠰᠤᠳ ᠠᠴᠠ 10 ᠭᠠᠷᠤᠢ ᠲᠦᠮᠡᠨ ᠲᠦᠬᠦᠷᠢᠭ ᠤᠨ ᠵᠢᠬᠡᠯᠡᠯᠬᠡ ᠵᠢᠬᠡᠯᠡᠬᠡᠳ ᠪᠠᠶᠢᠵᠠᠢ᠃ ᠲᠡᠬᠡᠬᠡᠳ᠂ ᠲᠤᠰ ᠰᠤᠭᠤᠯᠤᠭ᠎ᠠ ᠶᠢᠨ ᠦᠷᠳᠡᠭᠡ ᠨᠢ ᠦᠨᠡᠨᠴᠢ ᠢᠳᠡᠭᠡᠮᠵᠢᠳᠠᠢ ᠦᠢᠯᠠ ᠠᠵᠢᠯᠯᠠᠭ᠎ᠠ ᠪᠠᠷ ᠨᠢᠬᠡ ᠬᠡᠷ ᠪᠦᠯᠢ ᠶᠢ ᠲᠡᠩᠬᠡᠷᠡᠬᠦᠯᠵᠦ ᠠᠪᠤᠭᠰᠠᠨ ᠨᠢ ᠡ᠊ᠨᠡ ᠪᠠᠶᠢᠵᠠᠢ᠃    ︵ᠤᠷᠤᠭᠰᠢᠯᠠᠯᠳᠠ︶
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号