ᠬᠤᠪᠢᠰᠬᠠᠯᠳᠤ ᠤᠷᠤᠨ ᠤ ᠵᠤᠭᠠᠴᠠᠯ  — ᠤᠯᠠᠭᠠᠨᠬᠤᠳᠠ ᠶᠢᠨ ᠰᠤᠶᠤᠯ ᠤᠨ ᠬᠠᠭᠤᠴᠢᠳ
ᠨᠡᠶᠢᠲᠡᠯᠡᠭᠰᠡᠨ ᠴᠠᠭ᠄
2024/4/9
     ︵ᠨᠢᠭᠡ︶  ᠬᠠᠳᠠᠨ ᠠᠷᠤ ᠶᠢᠨ ᠠᠷᠪᠠᠨ ᠭᠤᠷᠪᠠᠨ ᠤᠪᠤᠭ᠎ᠠ    ᠤᠯᠠᠭᠠᠨᠬᠤᠳᠠ ᠬᠤᠳᠠ ᠶᠢᠨ ᠭᠡᠭᠡᠨᠰᠦ᠋ᠮ᠎ᠠ ᠪᠠᠯᠭᠠᠰᠤ ᠶᠢᠨ ᠵᠡᠬᠦᠨ ᠬᠤᠸᠠ ᠠᠭᠤᠯᠠᠨ ᠲᠡᠭᠡᠷ᠎ᠡ ᠪᠤᠰᠬᠠᠭᠳᠠᠭᠰᠠᠨ ᠦᠨᠢ ᠡᠷᠳᠡᠨ ᠤ ᠠᠷᠪᠠᠨ ᠭᠤᠷᠪᠠᠨ ᠤᠪᠤᠭ᠎ᠠ ᠪᠤᠯᠤᠨ᠎ᠠ᠃    ︵ᠬᠤᠶᠠᠷ︶  ᠶᠠᠩ ᠯᠠ ᠠᠶᠢᠯ ᠤᠨ ᠸᠠᠩ ᠤᠨ ᠬᠠᠭᠤᠴᠢᠳ    ᠤᠳᠤ ᠶᠢᠨ ᠤᠯᠠᠭᠠᠨᠬᠤᠳᠠ ᠬᠤᠳᠠ ᠵᠨ ᠸᠧᠢ ᠳ᠋ᠦᠩ ᠪᠠᠯᠭᠠᠰᠤᠨ ᠤ ᠬᠠᠷᠢᠶ᠎ᠠ ᠳᠤ ᠪᠠᠭᠤᠷᠢ ᠨᠢ ᠪᠠᠶᠢᠳᠠᠭ᠃  ᠤᠤᠯ  ᠤᠨ ᠵᠠᠰᠠᠭᠳᠤ ᠬᠤᠰᠢᠭᠤ ᠶᠢᠨ ᠰᠡᠬᠦᠯᠴᠢ ᠶᠢᠨ ᠦᠶ᠎ᠡ ᠶᠢᠨ ︽ ᠸᠠᠩ ᠤᠨ ᠤᠷᠳᠤᠨ︾ ᠡ᠊ᠨᠳᠡ ᠰᠠᠭᠤᠷᠢᠰᠢᠵᠤ ᠪᠠᠶᠢᠪᠠ᠃   ︵ᠭᠤᠷᠪᠠ︶  ᠭᠡᠭᠡᠨ ᠷᠠᠰᠢᠶᠠᠨ    ᠭᠡᠭᠡᠨᠰᠦ᠋ᠮ᠎ᠠ ᠪᠠᠯᠭᠠᠰᠤ ᠶᠢᠨ ᠪᠠᠶᠠᠨᠬᠤᠸᠠ ᠭᠠᠴᠠᠭ᠎ᠠ ᠶᠢᠨ ᠵᠡᠬᠦᠨ ᠲᠠᠯ᠎ᠠ ᠳᠤ ᠤᠷᠤᠰᠢᠨ᠎ᠠ᠃  ᠲᠤᠰ ᠷᠠᠰᠢᠶᠠᠨ ᠪᠤᠯ ︽ ᠬᠤᠷᠴᠢᠨ ᠨᠤᠶᠠᠨ ᠬᠤᠳᠤᠭᠳᠤ ᠭᠡᠭᠡᠨ ᠰᠦᠮ᠎ᠡ︾ ᠶᠢᠨ ᠭᠡᠭᠡᠨ ᠤ ᠤᠤᠭᠤᠵᠤ ᠪᠠᠶᠢᠭᠰᠠᠨ ᠷᠠᠰᠢᠶᠠᠨ ᠪᠤᠯᠠᠭ ᠪᠤᠯᠤᠨ᠎ᠠ᠃  ᠤᠳᠤ ᠳᠤ ᠷᠠᠰᠢᠶᠠᠨ ᠪᠤᠯᠠᠭ ᠤᠨ ᠲᠤᠭᠤᠷᠢᠨ ᠳᠤ ᠯᠤᠤᠰ ᠤᠨ ᠰᠦᠮ᠎ᠡ ᠶᠢ ᠪᠠᠶᠢᠭᠤᠯᠤᠭᠰᠠᠨ ᠪᠠᠶᠢᠨ᠎ᠠ᠃    ︵ᠲᠦᠷᠪᠡ︶  ᠮᠦᠩᠬᠡᠰᠢ ᠬᠠᠳᠠ     ᠤᠳᠤ ᠶᠢᠨ ᠤᠯᠠᠭᠠᠨᠬᠤᠳᠠ ᠬᠤᠳᠠ ᠶᠢᠨ ᠭᠡᠭᠡᠨᠰᠦ᠋ᠮ᠎ᠠ ᠪᠠᠯᠭᠠᠰᠤ ᠶᠢᠨ ᠰᠠᠭᠤᠭ᠎ᠠ ᠭᠠᠵᠠᠷ ᠠᠴᠠ ᠡᠮᠤᠨᠡᠰᠢ ᠰᠦᠨᠳᠡᠷᠯᠡᠨ ᠬᠠᠷᠠᠭᠳᠠᠬᠤ ᠠᠭᠤᠯᠠ ᠪᠤᠯᠤᠨ᠎ᠠ᠃  ᠲᠤᠰ ᠪᠤᠰᠤᠭ᠎ᠠ ᠬᠠᠳᠠ ᠶᠢᠨ ᠠᠷᠤ ᠨᠢᠭᠤᠷ ᠤᠨ ᠲᠤᠮᠳᠡ ᠬᠡᠰᠡᠭ ᠲᠤ ᠡᠷᠳᠡᠨ ᠤ ᠪᠠᠶᠢᠭᠠᠯᠢᠯᠢᠭ ᠠᠭᠤᠢ ᠪᠠᠶᠢᠳᠠᠭ ᠪᠦᠭᠡᠳ ᠲᠡᠭᠦᠨ ᠤ ᠲᠤᠬᠠᠢ ᠲᠤᠮᠤᠭ ᠤᠯᠠᠨ ᠪᠠᠶᠢᠳᠠᠭ᠃  
 
ᠢᠷᠡᠯᠲᠡ᠄ ᠲᠠᠪᠤᠨ ᠭᠤᠤᠯ ᠤᠨ ᠰᠤᠶᠤᠯ ᠵᠦᠢ ᠶᠢᠨ ᠪᠠᠶᠢᠴᠠᠭᠠᠯᠳᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号