ᠨᠠᠶᠢᠷᠠᠮᠳᠠᠯ᠂ ᠨᠡᠭᠡᠭᠡᠯᠲᠡ᠂ ᠡᠭᠦᠳᠦᠯᠲᠡ — ᠰᠢ ᠶᠢᠨ ᠫᠢᠩ ᠲᠡᠷᠢᠭᠦᠯᠡᠭᠴᠢ ᠪᠦᠬᠦ ᠪᠥᠮᠪᠥᠷᠴᠡᠭ ᠤᠨ ᠬᠥᠭᠵᠢᠯᠲᠡ ᠶᠢᠨ ᠳᠤᠮᠳᠠᠳᠤ ᠤᠯᠤᠰ ᠤᠨ ᠲᠥᠰᠦᠯ ᠢ ᠲᠣᠳᠣᠷᠬᠠᠶᠢᠯᠠᠨ ᠥᠭᠦᠯᠡᠪᠡ
ᠨᠡᠶᠢᠲᠡᠯᠡᠭᠰᠡᠨ ᠴᠠᠭ᠄
2024/6/20
     ᠨᠠᠶᠢᠷᠠᠮᠳᠠᠯ᠂ ᠨᠡᠭᠡᠭᠡᠯᠲᠡ᠂ ᠡᠭᠦᠳᠦᠯᠲᠡ — ᠰᠢ ᠶᠢᠨ ᠫᠢᠩ ᠲᠡᠷᠢᠭᠦᠯᠡᠭᠴᠢ ᠪᠦᠬᠦ ᠪᠥᠮᠪᠥᠷᠴᠡᠭ ᠤᠨ ᠬᠥᠭᠵᠢᠯᠲᠡ ᠶᠢᠨ ᠳᠤᠮᠳᠠᠳᠤ ᠤᠯᠤᠰ ᠤᠨ ᠲᠥᠰᠦᠯ ᠢ ᠲᠣᠳᠣᠷᠬᠠᠶᠢᠯᠠᠨ ᠥᠭᠦᠯᠡᠪᠡᠪᠡᠭᠡᠵᠢᠩ ᠤᠨ ᠴᠠᠭ ᠢᠶᠠᠷ 6 ᠳ᠋ᠤᠭᠠᠷ ᠰᠠᠷ᠎ᠠ ᠶᠢᠨ 12 ᠤᠨ ᠤᠷᠤᠢ᠂ ᠤᠯᠤᠰ ᠤᠨ ᠲᠡᠷᠢᠭᠦᠯᠡᠭᠴᠢ ᠰᠢ ᠶᠢᠨ ᠫᠢᠩ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠠᠷᠠᠯᠵᠢᠶ᠎ᠠ ᠪᠠ ᠬᠦᠭᠵᠢᠯᠳᠡ ᠶᠢᠨ ᠬᠤᠷᠠᠯ ᠪᠠᠶᠢᠭᠤᠯᠤᠭᠳᠠᠭᠰᠠᠨ 60 ᠵᠢᠯ ᠤᠨ ᠤᠢ ᠶᠢ ᠪᠡᠯᠭᠡᠯᠡᠬᠦ ᠠᠵᠢᠯᠯᠠᠭ᠎ᠠ ᠶᠢᠨ ᠡᠬᠢᠯᠡᠯᠲᠡ ᠶᠢᠨ ᠶᠣᠰᠣᠯᠠᠯ ᠳᠤ ᠸᠢᠳᠢᠣ᠋ ᠪᠠᠷ ᠪᠠᠶᠠᠷ ᠤᠨ ᠦᠭᠡ ᠬᠡᠯᠡᠪᠡ᠃      ᠰᠸᠢᠰ ᠤᠨ ᠵᠧᠨ᠋ᠸᠧᠠ ᠳᠤ ᠶᠠᠪᠤᠭᠳᠠᠭᠰᠠᠨ ᠡᠨᠡ ᠬᠦ ᠡᠬᠢᠯᠡᠯᠲᠡ ᠶᠢᠨ ᠶᠣᠰᠣᠯᠠᠯ ᠳᠡᠭᠡᠷ᠎ᠡ᠂ ᠣᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠨᠠᠷᠢᠨ ᠪᠢᠴᠢᠭ ᠤᠨ ᠳᠠᠷᠤᠭ᠎ᠠ ᠭᠤᠳᠧᠷᠷᠧᠱᠢ᠂ ᠠᠷᠠᠯᠵᠢᠶ᠎ᠠ ᠬᠥᠭᠵᠢᠯᠲᠡ ᠶᠢᠨ ᠬᠤᠷᠠᠯ ᠤᠨ ᠨᠠᠷᠢᠨ ᠪᠢᠴᠢᠭ ᠤᠨ ᠳᠠᠷᠤᠭ᠎ᠠ ᠭᠧᠷᠢᠰᠫᠠᠨ᠂ ᠺᠣᠮᠣᠷᠤ᠋ ᠶᠢᠨ ᠶᠡᠷᠦᠩᠬᠡᠶᠢᠯᠡᠭᠴᠢ ᠠᠽᠯᠢ᠂ ᠮᠠᠳᠠᠭᠠᠰᠺᠠᠷ ᠤᠨ ᠶᠡᠷᠦᠩᠬᠡᠶᠢᠯᠡᠭᠴᠢ ᠷᠠᠵᠤᠸ᠋ᠯᠢᠨᠠ᠂ ᠵᠡᠭᠦᠨ ᠲᠢᠮᠦᠷ ᠤᠨ ᠶᠡᠷᠦᠩᠬᠡᠶ ᠰᠠᠶᠢᠳ ᠰᠢᠶᠠᠨᠠᠨᠠ ᠵᠡᠷᠭᠡ ᠣᠯᠠᠨ ᠤᠯᠤᠰ ᠤᠨ ᠵᠣᠬᠢᠶᠠᠨ ᠪᠠᠶᠢᠭᠤᠯᠤᠯᠲᠠ ᠶᠢᠨ ᠤᠳᠤᠷᠢᠳᠤᠭᠴᠢᠳ᠂ ᠭᠠᠳᠠᠭᠠᠳᠤ ᠶᠢᠨ ᠤᠯᠤᠰ ᠲᠥᠷᠥ ᠶᠢᠨ ᠬᠥᠮᠦᠰ ᠬᠢᠭᠡᠳ ᠲᠤᠰᠬᠠᠶ ᠮᠡᠷᠭᠡᠵᠢᠯᠲᠡᠳ ᠡᠷᠳᠡᠮᠲᠡᠳ ᠴᠤᠭᠯᠠᠷᠠᠨ᠂ ᠪᠦᠬᠦ ᠪᠥᠮᠪᠥᠷᠴᠡᠭ ᠤᠨ ᠠᠷᠠᠯᠵᠢᠶ᠎ᠠ ᠪᠠ ᠬᠥᠭᠵᠢᠯᠲᠡ ᠳᠤ ᠲᠤᠯᠭᠠᠷᠠᠵᠤ ᠪᠠᠶᠢᠭ᠎ᠠ ᠥᠷᠢᠰᠦᠯᠳᠦᠭᠡᠨ ᠢ ᠠᠷᠭᠠᠴᠠᠭᠠᠬᠤ ᠪᠠᠷ ᠰᠤᠳᠤᠯᠤᠨ ᠶᠠᠷᠢᠯᠴᠠᠵᠠᠶ᠃      ︽ᠬᠤᠪᠢᠷᠠᠯᠲᠠ ᠳᠤᠮᠳᠠᠬᠢ ᠳᠡᠯᠡᠬᠡᠢ ᠳᠤ ᠬᠥᠭᠵᠢᠯᠲᠡ ᠶᠢᠨ ᠰᠢᠨ᠎ᠡ ᠱᠤᠭᠤᠮ ᠢ ᠵᠢᠷᠤᠭᠯᠠᠬᠤ︾ ᠪᠣᠯ ᠡᠨᠡ ᠬᠦ ︽ᠪᠦᠬᠦ ᠪᠥᠮᠪᠥᠷᠴᠡᠭ ᠤᠨ ᠤᠳᠤᠷᠢᠳᠬᠤ ᠬᠦᠮᠦᠰ ᠤᠨ ᠶᠠᠷᠢᠶᠠᠨ ᠤ ᠲᠠᠪᠴᠠᠩ︾ ᠤᠨ ᠭᠤᠣᠯ ᠰᠡᠳᠦᠪ ᠪᠣᠯᠤᠨ᠎ᠠ᠃      ᠣᠳᠣᠬᠠᠨ ᠳᠤ᠂ ᠳᠡᠯᠡᠬᠡᠢ ᠳ᠋ᠠᠬᠢᠨ ᠤ ᠵᠠᠭᠤᠨ ᠵᠢᠯ ᠤᠨ ᠬᠤᠪᠢᠰᠤᠯᠲᠠ ᠲᠦᠷᠭᠡᠰᠴᠦ᠂ ᠬᠥᠮᠦᠨ ᠲᠥᠷᠥᠯᠬᠢᠲᠡᠨ ᠤ ᠨᠠᠶᠢᠷᠠᠮᠳᠠᠯ ᠪᠠ ᠬᠥᠭᠵᠢᠯᠲᠡ ᠶᠢᠨ ᠦᠢᠯᠡᠰ ᠲᠤ ᠰᠢᠨ᠎ᠡ ᠬᠦᠨᠳᠦ ᠬᠡᠴᠡᠭᠦᠦ ᠥᠷᠢᠰᠥᠯᠳᠦᠭᠡᠨ ᠲᠤᠯᠭᠠᠷᠠᠵᠤ ᠪᠠᠶᠢᠨ᠎ᠠ᠃ ᠳᠠᠪᠬᠤᠷ ᠳᠠᠪᠬᠤᠷ ᠬᠦᠴᠢᠷ ᠪᠡᠷᠬᠡᠰᠢᠶᠡᠯ ᠢ ᠬᠡᠷᠬᠢᠨ ᠢᠯᠠᠨ ᠳᠠᠪᠠᠭ᠋ᠤ᠂ ᠬᠠᠮᠲᠤ ᠶᠢᠨ ᠬᠥᠭᠵᠢᠯᠲᠡ ᠶᠢ ᠪᠡᠶᠡᠯᠡᠭᠦᠯᠬᠦ ᠲᠠᠯ᠎ᠠ ᠪᠠᠷ ᠪᠦᠬᠦ ᠪᠥᠮᠪᠥᠷᠴᠡᠭ ᠤᠨ ᠬᠠᠮᠤᠭ ᠤᠨ ᠶᠡᠭᠡ ᠬᠥᠭᠵᠢᠵᠦ ᠪᠠᠶᠢᠭ᠎ᠠ ᠤᠯᠤᠰ ᠤᠨ ᠤᠳᠤᠷᠢᠳᠤᠭᠴᠢ ᠪᠣᠯᠤᠭᠰᠠᠨ ᠤ ᠬᠤᠪᠢ ᠳᠤ᠂ ᠲᠡᠷᠢᠭᠦᠯᠡᠭᠴᠢ ᠰᠢ ᠶᠢᠨ ᠫᠢᠩ ᠪᠠᠶᠠᠷ ᠤᠨ ᠦᠭᠡᠨ ᠳᠤ ᠪᠠᠨ ᠲᠡᠦᠬᠡ ᠪᠠᠨ ᠡᠷᠭᠢᠴᠡᠭᠦᠯᠵᠦ᠂ ᠤᠷᠢᠶᠠᠯᠠᠭ᠎ᠠ ᠭᠠᠷᠭᠠᠨ᠂ ᠢᠷᠡᠭᠡᠳᠦᠢ ᠪᠠᠨ ᠲᠦᠯᠦᠪᠯᠡᠵᠦ᠂ ᠡᠯ᠎ᠡ ᠲᠠᠯ᠎ᠠ ᠶᠢᠨ ᠬᠢᠨ ᠳᠤ ᠤᠷᠪᠠᠭᠠᠨ ᠬᠥᠷᠪᠡᠭᠡᠨ ᠲᠠᠢ ᠳᠡᠯᠡᠬᠡᠢ ᠳ᠋ᠠᠬᠢᠨ ᠤ ᠪᠦᠬᠦ ᠪᠥᠮᠪᠥᠷᠴᠡᠭ ᠤᠨ ᠬᠥᠭᠵᠢᠯᠲᠡ ᠶᠢᠨ ᠦᠢᠯᠡᠰ ᠢ ᠠᠬᠢᠭᠤᠯᠬᠤ ᠳᠤ ᠳᠤᠮᠳᠠᠳᠤ ᠤᠯᠤᠰ ᠤᠨ ᠲᠥᠰᠥᠯ ᠢ ᠬᠠᠷᠠᠭᠤᠯᠪᠠ —      ᠨᠢᠭᠡᠳᠦᠭᠡᠷ ᠲᠤ᠂ ᠨᠠᠶᠢᠷᠠᠮᠳᠠᠯᠲᠤ ᠳᠡᠯᠡᠬᠡᠢ ᠶᠢᠨ ᠣᠷᠴᠢᠨ ᠢ ᠪᠤᠢ ᠪᠣᠯᠭᠠᠬᠤ ᠬᠡᠷᠡᠭᠲᠡᠢ᠃ᠨᠠᠶᠢᠷᠠᠮᠳᠠᠯ ᠪᠣᠯ ᠬᠥᠭᠵᠢᠯᠲᠡ ᠶᠢᠨ ᠤᠷᠢᠲᠠᠯ ᠪᠠ ᠰᠠᠭᠤᠷᠢ ᠮᠥᠨ ᠭᠡᠳᠡᠭ ᠢ ᠲᠡᠦᠬᠡ ᠳᠠᠬᠢᠨ ᠳᠠᠪᠲᠠᠨ ᠲᠣᠳᠣᠷᠬᠠᠶᠢᠯᠠᠪᠠ᠃ ᠭᠠᠭᠴᠠ ᠬᠦ ᠣᠯᠠᠨ ᠢᠶᠠᠷ ᠢᠶᠠᠨ ᠨᠠᠶᠢᠷᠠᠮᠳᠠᠯ ᠢᠶᠠᠨ ᠬᠠᠮᠠᠭᠠᠯᠠᠵᠤ᠂ ᠨᠠᠶᠢᠷᠠᠮᠲᠠᠯ ᠢᠶᠠᠷ ᠬᠥᠭᠵᠢᠬᠦ ᠵᠠᠮ ᠢᠶᠠᠷ ᠬᠠᠮᠲᠤ ᠪᠠᠷ ᠵᠠᠮᠨᠠᠪᠠᠯ ᠰᠠᠶ᠋ᠢ ᠨᠠᠶᠢᠷᠠᠮᠳᠠᠯᠲᠤ ᠣᠷᠴᠢᠠ ᠲᠤᠭᠤᠷᠢᠨ ᠢᠶᠠᠨ ᠪᠠᠲᠤᠯᠠᠵᠤ᠂ ᠲᠠᠯᠠᠭᠡᠢ ᠨᠠᠶᠢᠲᠠ ᠪᠠᠷ ᠢᠶᠠᠨ ᠬᠥᠭᠵᠢᠯᠲᠡ ᠶᠢᠨ ᠰᠠᠲᠣᠪ ᠲᠤ ᠠᠩᠬᠠᠷᠣᠯ ᠢᠶᠠᠨ ᠳᠦᠪᠯᠠᠷᠠᠭᠦᠯᠵᠤ ᠴᠢᠲᠠᠨ᠎ᠠ᠃ᠣᠶᠢᠷ᠎ᠠ ᠶᠢᠨ ᠵᠢᠯ ᠤᠳ ᠲᠤ᠂ ᠣᠨᠴᠠ ᠵᠠᠷᠢᠮ ᠤᠯᠤᠰ ᠨᠢ ᠤᠯᠤᠰ ᠲᠥᠷᠥ ᠶᠢᠨ ᠥᠷᠢᠰᠦᠯᠳᠦᠭᠡᠨ ᠢ ᠡᠷᠢᠯᠬᠢᠯᠡᠨ᠂ ᠠᠷᠠᠯᠵᠢᠶᠠᠨ ᠤ ᠬᠤᠷᠢᠭ᠎ᠠ ᠰᠠᠭᠠᠳ ᠢ ᠬᠤᠷᠴᠠᠳᠬᠠᠵᠤ᠂ ᠬᠥᠭᠵᠢᠵᠦ ᠪᠠᠶᠢᠭ᠎ᠠ ᠤᠯᠤᠰ ᠤᠳ ᠤᠨ ᠠᠰᠢᠭ ᠲᠤᠰᠠ ᠶᠢ ᠬᠦᠨᠳᠦ ᠨᠣᠴᠢᠲᠠᠶ ᠬᠤᠬᠢᠷᠠᠭᠤᠯᠪᠠ᠃ ᠳᠡᠯᠡᠬᠡᠢ ᠶᠢᠷᠲᠢᠨᠴᠦ ᠬᠠᠭᠠᠴᠠᠯ ᠡᠰᠡᠷᠭᠦᠴᠡᠯᠳᠦᠯ ᠢ ᠳᠠᠭᠠᠭᠠᠵᠤ ᠳᠡᠶᠢᠯᠬᠦ ᠦᠭᠡᠢ ᠶᠤᠮ᠂ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ 2030 ᠣᠨ ᠤ ᠦᠷᠭᠦᠯᠵᠢᠯᠡᠬᠦ᠋ᠢᠴᠡ ᠬᠥᠭᠵᠢᠯᠲᠡ ᠶᠢᠨ ᠬᠠᠷᠠᠯᠲᠠ ᠶᠢ ᠭᠠᠭᠴᠠ ᠬᠦ ᠡᠶ᠎ᠡ ᠨᠠᠶᠢᠷᠠᠮᠳᠠᠯᠲᠤ ᠠᠮᠤᠷ ᠲᠦᠪᠰᠢᠨ ᠣᠷᠴᠢᠨ ᠲᠣᠭᠤᠷᠢᠨ ᠳᠤ ᠰᠠᠶ᠋ᠢ ᠪᠦᠲᠦᠮᠵᠢᠲᠡᠢ ᠨᠠᠶᠢᠳᠠᠪᠤᠷᠢᠵᠢᠭᠤᠯᠵᠤ ᠴᠢᠳᠠᠨ᠎ᠠ᠃      ︽ᠵᠢᠩᠬᠢᠨᠢ ᠤᠯᠠᠨ ᠲᠠᠯᠠᠲᠤ ᠦᠵᠡᠯ ᠢ ᠦᠢᠯᠡᠳᠦᠯᠭᠡᠵᠢᠭᠦᠯᠬᠦ︾ ︽ᠡᠷᠬᠡ ᠲᠡᠭᠰᠢ ᠡᠮᠬᠢ ᠵᠢᠷᠤᠮ ᠲᠠᠢ ᠳᠡᠯᠡᠬᠡᠢ ᠶᠢᠨ ᠤᠯᠠᠨ ᠲᠦᠢᠯᠵᠢᠯ ᠢ ᠰᠠᠨᠠᠭᠠᠴᠢᠯᠠᠬᠤ︾ ︽ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠦᠨᠳᠦᠰᠦᠨ ᠳᠦᠷᠢᠮ ᠤᠨ ᠵᠣᠷᠢᠯᠲᠠ ᠪᠠ ᠵᠠᠷᠴᠢᠮ ᠢ ᠬᠢᠴᠢᠶᠡᠩᠭᠦ᠋ᠢᠯᠡᠨ ᠵᠢᠷᠤᠮᠯᠠᠬᠤ︾ ︽ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠠᠷᠠᠯᠵᠢᠶ᠎ᠠ ᠪᠠ ᠬᠥᠭᠵᠢᠯᠲᠡ ᠶᠢ ᠳᠡᠮᠵᠢᠬᠦ ᠬᠤᠷᠠᠯ ᠵᠡᠷᠭᠡ ᠤᠯᠠᠨ ᠲᠠᠯᠠᠲᠤ ᠪᠠᠶᠢᠭᠤᠯᠤᠮᠵᠢ ᠨᠤᠭᠤᠳ ᠤᠨ ᠦᠢᠯᠡᠳᠦᠯ ᠢᠶᠠᠨ ᠨᠡᠩ ᠰᠠᠶᠢᠲᠤᠷ ᠪᠠᠳᠠᠷᠠᠭᠤᠯᠬᠤ ᠶᠢ ᠳᠡᠮᠵᠢᠬᠦ︾ ᠁ ᠲᠡᠷᠢᠭᠦᠯᠡᠭᠴᠢ ᠰᠢ ᠶᠢᠨ ᠫᠢᠩ ᠤᠨ ᠪᠠᠶᠠᠷ ᠤᠨ ᠦᠭᠡ ᠨᠢ ᠥᠷᠭᠡᠨ ᠤᠯᠠᠨ ᠬᠥᠭᠵᠢᠵᠦ ᠪᠠᠶᠢᠭ᠎ᠠ ᠤᠯᠤᠰ ᠤᠳ ᠤᠨ ᠬᠠᠮᠲᠤ ᠶᠢᠨ ᠰᠡᠳᠬᠢᠯ ᠤᠨ ᠳᠠᠭᠤᠨ ᠢ ᠲᠤᠰᠬᠠᠵᠤ᠂ ᠳᠤᠮᠳᠠᠳᠤ ᠤᠯᠤᠰ ᠡᠷᠡᠰ ᠪᠠᠲᠤ ᠪᠠᠷ ᠳᠡᠯᠡᠬᠡᠢ ᠶᠢᠨ ᠲᠥᠪ ᠭᠤᠣᠯᠴᠢ ᠰᠢᠳᠤᠷᠭᠤ ᠶᠣᠰᠣᠨ ᠤ ᠲᠠᠯ᠎ᠠ ᠳᠤ ᠵᠣᠭᠰᠣᠵᠤ᠂ ᠲᠡᠦᠬᠡᠨ ᠵᠥᠪ ᠲᠠᠯ᠎ᠠ ᠳᠤ ᠪᠠᠶᠢᠬᠤ ᠶᠢ ᠲᠣᠳᠣᠷᠬᠠᠢ ᠬᠠᠷᠠᠭᠤᠯᠵᠤ ᠪᠠᠶᠢᠨ᠎ᠠ᠃      ᠬᠤᠶᠠᠳᠤᠭᠠᠷ ᠲᠤ᠂ ᠨᠡᠬᠡᠬᠡᠯᠲᠡᠲᠦ ᠬᠥᠭᠵᠢᠯᠲᠡ ᠶᠢᠨ ᠴᠠᠭ ᠦᠶ᠎ᠡ ᠶᠢᠨ ᠤᠷᠤᠰᠬᠠᠯ ᠢ ᠳᠠᠭᠠᠬᠤ ᠬᠡᠷᠡᠭᠲᠡᠢ᠃      ᠲᠡᠷᠢᠭᠦᠯᠡᠭᠴᠢ ᠰᠢ ᠶᠢᠨ ᠫᠢᠩ ᠥᠩᠭᠡᠷᠡᠭᠰᠡᠨ ᠳᠤ ︽ᠨᠡᠭᠡᠭᠡᠯᠲᠡ ᠨᠢ ᠳᠠᠪᠰᠢᠯᠲᠠ ᠶᠢ ᠠᠪᠴᠢᠷᠠᠵᠤ᠂ ᠪᠢᠲᠡᠭᠦᠮᠵᠢᠯᠡᠯ ᠨᠢ ᠵᠠᠶᠢᠯᠠᠰᠢ ᠦᠭᠡᠢ ᠬᠤᠴᠤᠷᠤᠭᠤᠯᠤᠨ᠎ᠠ︾ ︽ᠠᠵᠤ ᠠᠬᠤᠶ ᠶᠢᠨ ᠳᠡᠯᠡᠬᠡᠶᠢᠵᠢᠯᠲᠡ ᠪᠣᠯ ᠴᠠᠭ ᠦᠶ᠎ᠡ ᠶᠢᠨ ᠤᠷᠤᠰᠬᠠᠯ ᠮᠥᠨ᠃ ᠶᠡᠭᠡ ᠮᠥᠷᠡᠨ ᠲᠠᠩᠭᠢᠰ ᠢ ᠴᠢᠭᠯᠡᠨ ᠤᠷᠤᠰᠬᠤ ᠳᠤ ᠰᠥᠷᠭᠡᠦ ᠤᠷᠤᠰᠬᠠᠯ ᠤᠨ ᠤᠴᠠᠷᠠᠯ ᠠᠴᠠ ᠵᠠᠶᠢᠯᠵᠤ ᠴᠢᠳᠠᠬᠤ ᠦᠭᠡᠢ᠂ ᠭᠡᠪᠡᠴᠦ ᠠᠯᠢᠪᠠ ᠰᠥᠷᠭᠡᠦ ᠤᠷᠤᠰᠬᠠᠯ ᠪᠦᠷ ᠶᠡᠭᠡ ᠮᠦᠷᠡᠨ ᠤ ᠳᠠᠯᠠᠢ ᠳᠤ ᠴᠢᠳᠬᠤᠬᠤ ᠶᠢ ᠬᠤᠷᠢᠭᠯᠠᠵᠤ ᠳᠡᠶᠢᠯᠬᠦ ᠦᠭᠡᠢ ᠶᠤᠮ︾ ᠭᠡᠵᠦ ᠵᠢᠭᠠᠵᠤ ᠭᠠᠷᠭᠠᠪᠠ᠃ᠣᠳᠣᠬᠠᠨ ᠳᠤ᠂ ᠠᠵᠤ ᠠᠬᠤᠢ ᠶᠢᠨ ᠳᠡᠯᠡᠬᠡᠶᠢᠵᠢᠯᠲᠡ ᠪᠠ ᠨᠡᠬᠡᠬᠡᠯᠲᠡᠲᠦ ᠬᠠᠮᠲᠤᠷᠠᠯᠴᠠᠭ᠎ᠠ ︽ᠰᠥᠷᠭᠡᠦ ᠤᠷᠤᠰᠬᠠᠯ︾ ᠳᠤ ᠤᠴᠠᠷᠠᠪᠠ᠃ ᠣᠯᠠᠨ ᠣᠯᠣᠰ ᠤᠨ ︽ᠳᠡᠯᠡᠬᠡᠶᠢᠴᠢᠯᠡᠯᠲᠡ ᠶᠢᠨ ᠰᠦᠷᠭᠡᠦ︾ ᠦᠵᠡᠭᠳᠡᠯ ᠨᠢ ᠪᠤᠳᠤᠯᠢᠶᠠᠨᠲᠠᠢ ᠰᠢᠯᠲᠠᠭᠠᠨ ᠪᠠᠶᠢᠨ᠎ᠠ᠃ ᠡᠭᠦᠨ ᠳᠤ᠂ ᠠᠰᠠᠭᠤᠳᠠᠯ ᠢ ᠵᠥᠪ ᠢᠶᠠᠷ ᠬᠠᠷᠠᠵᠤ ᠰᠢᠢᠳᠪᠦᠷᠢᠯᠡᠬᠦ ᠬᠡᠷᠡᠭᠲᠡᠢ ᠮᠥᠷᠲᠡᠭᠡᠨ ᠨᠡᠩ ᠴᠤ ︽ᠬᠦᠪᠦᠭᠰᠡᠨ ᠡᠭᠦᠯᠡ ᠬᠠᠷᠠᠭ᠎ᠠ ᠶᠢ ᠬᠠᠯᠬᠠᠯᠠᠬᠤ ᠠᠴᠠ ᠪᠡᠷᠬᠡᠰᠢᠶᠡᠬᠦ ᠦᠭᠡᠢ︾ ᠪᠠᠶᠢᠵᠤ᠂ ᠲᠡᠦᠬᠡ ᠶᠢᠨ ᠬᠠᠷᠠᠴᠠ ᠪᠠᠷ ᠴᠠᠭ ᠦᠶ᠎ᠡ ᠶᠢᠨ ᠤᠷᠤᠰᠬᠠᠯ ᠤᠨ ᠴᠢᠭᠯᠡᠯ ᠢ ᠲᠣᠳᠣᠷᠬᠠᠢ ᠲᠠᠨᠢᠬᠤ ᠬᠡᠷᠡᠭᠲᠡᠢ᠃      ᠲᠦᠭᠡᠮᠡᠯ ᠬᠠᠷᠠᠭᠠᠯᠵᠠᠯᠲᠤ ᠪᠠᠭᠲᠠᠭᠠᠮᠵᠢᠲᠤ ᠠᠵᠤ ᠠᠬᠤᠢ ᠶᠢᠨ ᠳᠡᠯᠡᠬᠡᠶᠢᠵᠢᠯᠲᠡ ᠶᠢ ᠰᠠᠨᠠᠭᠠᠴᠢᠯᠠᠵᠤ᠂ ᠠᠷᠠᠯᠵᠢᠶ᠎ᠠ ᠪᠠ ᠪᠡᠯᠡ ᠣᠷᠣᠭᠤᠯᠤᠯᠲᠠ ᠶᠢ ᠴᠢᠯᠦᠭᠡᠲᠡᠢ ᠪᠣᠯᠭᠠᠬᠤ ᠪᠠ ᠲᠦᠳᠡᠴᠢᠯᠡᠬᠦ ᠶᠢ ᠠᠬᠢᠭᠤᠯᠵᠤ᠂ ᠬᠥᠭᠵᠢᠯᠲᠡ ᠶᠢᠨ ᠲᠡᠩᠴᠡᠭᠦᠷᠢ ᠪᠠᠨ ᠠᠯᠳᠠᠬᠤ ᠵᠡᠷᠭᠡ ᠠᠰᠠᠭᠤᠳᠠᠯ ᠤᠳ ᠢ ᠰᠠᠶᠢᠲᠤᠷ ᠰᠢᠢᠳᠪᠦᠷᠢᠯᠡᠵᠦ᠂ ᠪᠦᠬᠦ ᠪᠥᠮᠪᠥᠷᠴᠡᠭ ᠤᠨ ᠵᠠᠰᠠᠯᠲᠠ ᠶᠢᠨ ᠲᠣᠭᠲᠠᠯᠴᠠᠭᠠᠨ ᠤ ᠨᠡᠩ ᠲᠥᠪ ᠭᠤᠣᠯᠴᠢ ᠵᠦᠢ ᠵᠣᠬᠢᠰᠲᠠᠢ ᠴᠢᠭᠯᠡᠯ ᠢᠶᠠᠷ ᠬᠥᠭᠵᠢᠬᠦ ᠶᠢ ᠠᠬᠢᠭᠤᠯᠤᠨ᠎ᠠ ᠁ ᠲᠡᠷᠢᠭᠦᠯᠡᠭᠴᠢ ᠰᠢ ᠶᠢᠨ ᠫᠢᠩ ᠤᠨ ᠲᠠᠶᠢᠯᠪᠤᠷᠢᠯᠠᠭᠰᠠᠨ ᠳᠤᠮᠳᠠᠳᠤ ᠤᠯᠤᠰ ᠤᠨ ᠲᠥᠰᠦᠯ ᠨᠢ ᠨᠡᠭᠡᠭᠡᠯᠲᠡᠲᠦ ᠬᠥᠭᠵᠢᠯᠲᠡ ᠶᠢᠨ ᠵᠥᠪ ᠴᠢᠭᠯᠡᠯ ᠢ ᠪᠠᠲᠤᠳᠬᠠᠬᠤ ᠶᠢᠨ ᠬᠠᠮᠲᠤ ᠪᠦᠬᠦ ᠪᠥᠮᠪᠥᠷᠴᠡᠭ ᠤᠨ ᠬᠥᠭᠵᠢᠯᠲᠡ ᠳᠤ ᠲᠤᠯᠭᠠᠷᠠᠵᠤ ᠪᠠᠶᠢᠭ᠎ᠠ ᠪᠣᠳᠠᠲᠠᠢ ᠠᠰᠠᠭᠤᠳᠠᠯ ᠤᠳ ᠤᠨ ᠲᠤᠬᠠᠢ ᠰᠢᠢᠳᠪᠦᠷᠢᠯᠡᠬᠦ ᠠᠷᠭ᠎ᠠ ᠵᠠᠮ ᠭᠠᠷᠭᠠᠵᠤ᠂ ᠳᠤᠮᠳᠠᠳᠤ ᠤᠯᠤᠰ ᠤᠨ ᠠᠵᠤ ᠠᠬᠤᠢ ᠶᠢᠨ ᠳᠡᠯᠡᠬᠡᠶᠢᠵᠢᠯᠲᠡ ᠶᠢᠨ ᠶᠠᠪᠤᠴᠠ ᠳᠠᠬᠢ ᠲᠤᠮᠤ ᠤᠯᠤᠰ ᠤᠨ ᠡᠭᠦᠷᠭᠡᠯᠡᠯ ᠢ ᠢᠯᠡᠷᠡᠭᠦᠯᠪᠡ᠃      ᠭᠤᠷᠪᠠᠳᠤᠭᠠᠷ ᠲᠤ᠂ ᠰᠢᠨ᠎ᠡ ᠶᠢ ᠡᠭᠦᠳᠬᠦ ᠬᠥᠭᠵᠢᠯᠲᠡ ᠶᠢᠨ ᠲᠡᠦᠬᠡᠨ ᠠᠵᠠ ᠲᠣᠬᠢᠶᠠᠯ ᠢ ᠠᠮᠵᠢᠬᠤ ᠬᠡᠷᠡᠭᠲᠡᠢ᠃      ᠣᠳᠣᠬᠠᠨ ᠤ ᠳᠡᠯᠡᠬᠡᠢ ᠶᠢᠷᠲᠢᠨᠴᠦ ᠳᠤ᠂ ᠪᠦᠬᠦ ᠪᠥᠮᠪᠥᠷᠴᠡᠭ ᠤᠨ ᠬᠥᠭᠵᠢᠯᠲᠡ ᠳᠤ ᠳᠠᠪᠬᠤᠷ ᠳᠠᠪᠬᠤᠷ ᠬᠦᠴᠢᠷᠳᠡᠯ ᠲᠤᠯᠭᠠᠷᠠᠵᠤ ᠪᠠᠶᠢᠬᠤ ᠶᠢᠨ ᠬᠠᠮᠲᠤ ᠪᠠᠰᠠ ᠲᠡᠦᠬᠡᠨ ᠠᠵᠠ ᠲᠣᠬᠢᠶᠠᠯ ᠲᠤᠯᠭᠠᠷᠠᠵᠤ ᠪᠠᠶᠢᠨ᠎ᠠ᠃ ᠡᠨᠡ ᠬᠦ ︽ᠲᠡᠦᠬᠡᠨ ᠠᠵᠠ ᠲᠣᠬᠢᠶᠠᠯ︾ ᠪᠣᠯ ᠳᠠᠷᠤᠢ ᠲᠡᠷᠢᠭᠦᠯᠡᠭᠴᠢ ᠰᠢ ᠶᠢᠨ ᠫᠢᠩ ᠤᠨ ᠵᠢᠭᠠᠵᠤ ᠭᠠᠷᠭᠠᠭᠰᠠᠨ ᠰᠢᠨ᠎ᠡ ᠶᠢ ᠡᠭᠦᠳᠬᠦ ᠬᠥᠭᠵᠢᠯᠲᠡ ᠮᠥᠨ      ᠰᠢ ᠶᠢᠨ ᠫᠢᠩ ᠲᠡᠷᠢᠭᠦᠯᠡᠭᠴᠢ ᠪᠠᠶᠠᠷ ᠤᠨ ᠦᠭᠡ ᠳᠤ ᠪᠠᠨ᠂ ᠬᠥᠭᠵᠢᠵᠦ ᠪᠠᠶᠢᠭ᠎ᠠ ᠤᠯᠤᠰ ᠤᠳ ᠲᠠᠢ ᠭᠠᠷ ᠬᠤᠯᠪᠣᠨ ᠬᠠᠮᠲᠤ ᠪᠠᠷ ᠤᠷᠤᠭᠰᠢᠯᠠᠬᠤ ᠤᠭ ᠰᠠᠨᠠᠭ᠎ᠠ ᠪᠠᠨ ᠪᠠᠷᠢᠮᠲᠠᠯᠠᠵᠤ᠂ ᠨᠡᠭᠡᠭᠡᠯᠲᠡᠲᠡᠢ᠂ ᠪᠠᠭᠲᠠᠭᠠᠮᠵᠢᠲᠠᠢ᠂ ᠭᠠᠳᠠᠭᠤᠷᠴᠢᠯᠠᠯ ᠦᠭᠡᠢ ᠲᠣᠭᠠᠴᠢᠯᠠᠭᠰᠠᠨ ᠠᠵᠤ ᠠᠬᠤᠢ ᠶᠢᠨ ᠣᠷᠴᠢᠨ ᠨᠦᠬᠦᠴᠡᠯ ᠢ ᠴᠣᠭᠴᠠᠯᠠᠵᠤ᠂ ᠬᠥᠮᠦᠨ ᠢᠶᠠᠷ ᠦᠨᠳᠦᠰᠦ ᠪᠣᠯᠭᠠᠬᠤ᠂ ᠣᠶᠤᠨᠴᠢ ᠪᠠᠷ ᠪᠤᠶᠠᠨ ᠦᠢᠯᠡᠳᠬᠦ ᠶᠢ ᠪᠠᠷᠢᠮᠲᠠᠯᠠᠵᠤ᠂ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠪᠣᠷᠣ ᠲᠥᠯᠥᠪ ᠤᠨ ᠳᠣᠲᠣᠷ᠎ᠠ ᠵᠣᠬᠢᠶᠠᠮᠠᠯ ᠤᠶᠤᠨ ᠤ ᠲᠦᠷᠢᠮ ᠤᠨ ᠵᠠᠰᠠᠯᠲᠠ ᠶᠢ ᠴᠢᠩᠭᠠᠳᠬᠠᠵᠤ᠂ ᠪᠣᠬᠢᠷᠲᠤᠯ ᠦᠭᠡᠢ ᠬᠡᠯᠪᠡᠷᠢ ᠶᠢᠨ ᠬᠤᠪᠢᠷᠠᠭᠤᠯᠤᠯᠲᠠ ᠶᠢ ᠢᠳᠡᠪᠬᠢᠲᠡᠢ ᠠᠬᠢᠭᠤᠯᠵᠤ᠂ ᠥᠷᠭᠡᠨ ᠤᠯᠠᠨ ᠬᠥᠭᠵᠢᠵᠦ ᠪᠠᠶᠢᠭ᠎ᠠ ᠤᠯᠤᠰ ᠤᠳ ᠢ ᠲᠣᠭᠠᠴᠢᠯᠠᠭᠰᠠᠨ᠂ ᠤᠶᠤᠨᠴᠢᠯᠠᠭᠰᠠᠨ᠂ ᠪᠣᠬᠢᠷᠲᠤᠯ ᠦᠭᠡᠢ ᠤᠷᠤᠰᠬᠠᠯ ᠳᠤ ᠨᠡᠩ ᠰᠠᠶᠢᠲᠤᠷ ᠠᠭᠤᠰᠤᠯᠴᠠᠭᠤᠯᠬᠤ ᠬᠡᠷᠡᠭᠲᠡᠢ ᠭᠡᠵᠦ ᠳᠤᠷᠠᠳᠪᠠ᠃ᠲᠡᠷᠢᠭᠦᠯᠡᠭᠴᠢ ᠰᠢ ᠶᠢᠨ ᠫᠢᠩ ᠤᠯᠤᠰ ᠤᠨ ᠳᠣᠲᠣᠭᠠᠳᠤ ᠭᠠᠳᠠᠭᠠᠳᠤ ᠶᠢᠨ ᠣᠯᠠᠨ ᠴᠢᠬᠤᠯᠠ ᠲᠠᠯᠠᠪᠤᠷ ᠲᠤ ᠬᠥᠭᠵᠢᠯᠲᠡ ᠰᠢᠨ᠎ᠡ ᠶᠢ ᠡᠭᠦᠳᠬᠦ ᠪᠠᠷ ᠬᠥᠳᠡᠯᠭᠡᠭᠦᠷ ᠪᠣᠯᠭᠠᠬᠤ ᠶᠢ ᠦᠷᠭᠦᠯᠵᠢᠯᠡᠨ ᠴᠢᠬᠤᠯᠠᠴᠢᠯᠠᠭᠰᠠᠨ ᠨᠢ ᠳᠤᠮᠳᠠᠳᠤ ᠤᠯᠤᠰ ᠡᠭᠦᠳᠦᠯᠲᠡ ᠶᠢ ᠬᠦᠨᠳᠦᠳᠭᠡᠭᠰᠡᠭᠡᠷ ᠢᠷᠡᠭᠰᠡᠨ ᠢ ᠭᠦᠢᠴᠡᠳ ᠬᠠᠷᠠᠭᠤᠯᠤᠭᠰᠠᠨ ᠢᠶᠠᠷ ᠪᠠᠷᠠᠬᠤ ᠦᠭᠡᠢ ᠪᠠᠰᠠ ᠨᠢᠭᠡᠨ ᠲᠤᠮᠤ ᠤᠯᠤᠰ ᠤᠨ ᠪᠠᠶᠢᠪᠠᠰᠤ ᠵᠣᠬᠢᠬᠤ ᠬᠠᠷᠢᠭᠤᠴᠠᠯᠭ᠎ᠠ ᠪᠠ ᠪᠠᠭᠲᠠᠭᠠᠮᠵᠢᠲᠤ ᠴᠢᠨᠠᠷ ᠢᠶᠠᠨ ᠢᠯᠡ ᠲᠣᠳᠣ ᠳᠠᠮᠵᠢᠭᠤᠯᠵᠠᠢ — ᠡᠯ᠎ᠡ ᠤᠯᠤᠰ ᠢᠶᠠᠷ ᠢᠶᠠᠨ ᠴᠥᠮ ᠰᠢᠨ᠎ᠡ ᠶᠢ ᠡᠭᠦᠳᠬᠦ ᠬᠥᠭᠵᠢᠯᠲᠡ ᠶᠢᠨ ᠲᠡᠦᠬᠡᠨ ᠠᠵᠠ ᠲᠣᠬᠢᠶᠠᠯ ᠢ ᠠᠮᠵᠢᠵᠤ᠂ ᠬᠥᠭᠵᠢᠯᠲᠡ ᠶᠢᠨ ᠦᠷ᠎ᠡ ᠪᠦᠲᠦᠭᠡᠯ ᠢ ᠪᠤᠢ ᠪᠦᠬᠦᠢ ᠤᠯᠤᠰ ᠪᠠ ᠭᠠᠵᠠᠷ ᠣᠷᠣᠨ᠂ ᠪᠤᠢ ᠪᠦᠬᠦᠢ ᠬᠥᠮᠦᠰ ᠲᠤ ᠬᠦᠷᠲᠡᠭᠡᠵᠦ᠂ ᠡᠯ᠎ᠡ ᠤᠯᠤᠰ ᠤᠨ ᠠᠷᠠᠳ ᠲᠦᠮᠡᠨ ᠳᠤ ᠴᠥᠮ ᠬᠦᠰᠡᠯ ᠡᠷᠡᠮᠡᠯᠵᠡᠯ ᠲᠠᠢ ᠢᠷᠡᠭᠡᠳᠦᠢ ᠶᠢ ᠡᠳ᠋ᠯᠡᠭᠦᠯᠦᠨ᠎ᠡ᠃    ︽ᠳᠤᠮᠳᠠᠳᠤ ᠤᠯᠤᠰ ᠳᠤᠷᠠᠲᠠᠶ᠎ᠠ ᠡᠯ᠎ᠡ ᠲᠠᠯ᠎ᠠ ᠶᠢᠨ ᠬᠢᠨ ᠲᠠᠢ ᠬᠠᠮᠲᠤ ᠪᠠᠷ᠂ ᠬᠥᠮᠦᠨ ᠲᠥᠷᠥᠯᠬᠢᠲᠡᠨ ᠤ ᠢᠷᠡᠭᠡᠳᠦᠶ ᠶᠢ ᠪᠣᠳᠣᠵᠣ᠂ ᠠᠷᠠᠳ ᠲᠦᠮᠡᠨ ᠤ ᠠᠵᠠ ᠵᠢᠷᠭᠠᠯ ᠢ ᠰᠠᠨᠠᠵᠤ᠂ ᠳᠡᠯᠡᠬᠡᠢ ᠶᠢᠨ ᠡᠩᠬᠡ ᠲᠠᠶᠢᠪᠤᠩ᠂ ᠠᠮᠤᠷ ᠲᠦᠪᠰᠢᠨ᠂ ᠬᠥᠭᠵᠢᠯ ᠴᠡᠴᠡᠭᠯᠡᠯ᠂ ᠳᠠᠪᠰᠢᠯᠲᠠ ᠲᠠᠢ ᠰᠠᠶᠢᠨ ᠰᠠᠶᠢᠬᠠᠨ ᠢᠷᠡᠭᠡᠳᠦᠢ ᠲᠡᠶᠢᠰᠢ ᠤᠷᠤᠭᠰᠢᠯᠠᠬᠤ ᠶᠢ ᠠᠬᠢᠭᠤᠯᠤᠨ᠎ᠠ︾ ᠲᠣᠮᠣ ᠤᠯᠤᠰ ᠤᠨ ᠤᠳᠤᠷᠢᠳᠤᠭᠴᠢ ᠶᠢᠨ ᠮᠠᠨᠢ ᠠᠷᠠᠳ ᠲᠦᠮᠡᠨ ᠢᠶᠠᠨ ᠭᠡᠬᠦ᠂ ᠳᠡᠯᠡᠬᠡᠶ ᠳ᠋ᠠᠬᠢᠨ ᠢᠶᠠᠨ ᠭᠡᠬᠦ ᠴᠢᠩ ᠦᠨᠡᠨᠴᠢ ᠬᠠᠶᠢᠷ᠎ᠠ ᠰᠡᠳᠭᠢᠯᠭᠡ ᠪᠠᠷ ᠪᠢᠯᠬᠠᠮ᠎ᠠ ᠦᠭᠡᠢ ᠶᠠᠷᠢᠶ᠎ᠠ ᠪᠠᠷ ᠢᠯᠡᠳᠭᠡᠨ᠎ᠡ᠃ ᠡᠯ᠎ᠡ ᠤᠯᠤᠰ ᠤᠨ ᠨᠠᠶᠢᠷᠠᠮᠳᠠᠯᠲᠤ ᠬᠥᠭᠵᠢᠯᠲᠡ᠂ ᠨᠡᠭᠡᠭᠡᠯᠲᠡᠲᠦ ᠬᠥᠭᠵᠢᠯᠲᠡ᠂ ᠰᠢᠨ᠎ᠡ ᠶᠢ ᠡᠭᠦᠳᠬᠦ ᠬᠥᠭᠵᠢᠯᠲᠡ ᠶᠢ ᠬᠠᠮᠲᠤ ᠪᠠᠷ ᠠᠬᠢᠭᠤᠯᠵᠤ᠂ ᠪᠦᠬᠦ ᠪᠥᠮᠪᠥᠷᠴᠡᠭ ᠤᠨ ᠬᠥᠭᠵᠢᠯᠲᠡ ᠶᠢᠨ ᠰᠠᠨᠠᠭᠠᠴᠢᠯᠠᠭ᠎ᠠ ᠶᠢ ᠭᠠᠷ ᠬᠤᠯᠪᠣᠯᠴᠠᠨ ᠨᠠᠶᠢᠳᠠᠪᠤᠷᠢᠵᠢᠭᠤᠯᠬᠤ ᠶᠢ ᠬᠦᠰᠡᠵᠦ ᠪᠠᠶᠢᠨ᠎ᠠ ᠭᠡᠵᠡᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号