ᠤᠨᠳᠠᠯᠭ᠎ᠠ ᠨᠢ ᠴᠡᠬᠡᠵᠢᠯᠡᠬᠦᠢ ᠶᠢᠨ ᠴᠢᠳᠡᠪᠦᠷᠢ ᠶᠢᠨ ᠪᠦᠷᠢᠯᠳᠦᠬᠦ ᠳᠤ ᠵᠠᠩᠭᠢᠯᠠᠭ᠎ᠠ ᠶᠢᠨ ᠦᠢᠯᠡᠳᠦᠯ ᠦᠵᠡᠬᠦᠯᠦᠨ᠎ᠡ
ᠨᠡᠶᠢᠲᠡᠯᠡᠭᠰᠡᠨ ᠴᠠᠭ᠄
2024/7/8
    ᠰᠢᠯᠭᠠᠯᠲᠠ ᠠᠴᠠ ᠡᠮᠣᠨ᠎ᠠ ᠣᠷᠣᠢ ᠨᠢ ᠤᠨᠳᠠᠬᠤ ᠦᠬᠡᠢ ᠲᠡᠪᠳᠡᠬᠤ ᠨᠢ ᠰᠠᠶᠢᠨ ᠤᠤ ᠡᠰᠡᠭᠦᠯ᠎ᠡ ᠰᠠᠶᠢᠠ ᠤᠨᠳᠠᠵᠤ ᠠᠮᠠᠷᠠᠬᠤ ᠨᠢ ᠲᠠᠭᠠᠷᠠᠨ᠎ᠠ ᠤᠤ︖ ᠠᠮᠧᠷᠢᠺᠠ ᠶᠢᠨ ᠮᠢᠰᠢᠶᠧᠭᠧᠨ ᠶᠡᠭᠡ ᠰᠤᠷᠭᠠᠭᠤᠯᠢ ᠶᠢᠨ ᠰᠤᠳᠤᠯᠭᠠᠲᠠᠳ ᠬᠤᠯᠤᠭᠠᠨ᠎ᠠ ᠳᠤ ᠲᠤᠷᠰᠢᠯᠲᠠ ᠬᠢᠬᠦ ᠪᠠᠷ ᠳᠠᠮᠵᠢᠨ ᠢᠯᠡᠷᠡᠬᠦᠯᠦᠭᠰᠡᠨ ᠨᠢ᠂ ᠨᠦᠢᠷ ᠬᠦᠷᠦᠯᠴᠡᠬᠦ ᠦᠭᠡᠢ ᠦᠶᠡᠰ᠂ ᠤᠷᠲᠤ ᠬᠤᠭᠤᠴᠠᠭᠠᠨ ᠤ ᠴᠡᠭᠡᠵᠢᠯᠡᠬᠦᠢ ᠳᠤ ᠬᠤᠯᠪᠣᠭᠳᠠᠬᠤ ᠶᠡᠭᠡ ᠲᠠᠷᠢᠬᠢᠨ ᠤ ᠨᠢᠬᠡ ᠵᠦᠢᠯ ᠤᠨ ᠵᠠᠩᠭᠢᠯᠠᠭ᠎ᠠ ᠶᠢᠨ ᠳᠣᠬᠢᠶ᠎ᠠ ᠨᠢ ᠪᠠᠭᠤᠷᠠᠵᠤ᠂ ᠨᠦᠢᠷ ᠬᠤᠯᠵᠢᠬᠰᠠᠨ ᠠᠴᠠ ᠪᠣᠯᠤᠭᠰᠠᠨ ᠤ ᠳᠠᠷᠠᠭᠠᠬᠢ ᠬᠡᠪ ᠤᠨ ᠤᠨᠲᠠᠯᠭ᠎ᠠ ᠨᠢ ᠴᠦ ᠡᠶᠢᠮᠦ ᠳᠣᠬᠢᠶ᠎ᠠ ᠶᠢ ᠪᠦᠷᠢᠮᠦᠰᠦᠨ ᠰᠡᠷᠭᠦᠭᠡᠵᠦ ᠳᠡᠶᠢᠯᠬᠦ ᠦᠭᠡᠢ ᠪᠤᠯᠳᠠᠭ᠃ ᠰᠤᠳᠤᠯᠭᠠᠨ ᠤ ᠳ᠋ᠦᠩ ᠨᠢ ᠤᠨᠲᠠᠯᠭ᠎ᠠ ᠶᠢᠨ ᠴᠡᠬᠡᠵᠢᠯᠡᠬᠦᠢ ᠶᠢᠨ ᠴᠢᠳᠡᠪᠦᠷᠢ ᠪᠦᠷᠢᠯᠳᠦᠬᠦ ᠶᠠᠪᠤᠴᠠ ᠳᠠᠬᠢ ᠵᠠᠩᠭᠢᠯᠠᠭ᠎ᠠ ᠶᠢᠨ ᠦᠢᠯᠡᠳᠦᠯ ᠢ ᠲᠠᠶᠢᠯᠪᠤᠷᠢᠯᠠᠬᠤ ᠳᠤ ᠲᠤᠰᠠᠲᠠᠢ ᠪᠥᠭᠡᠳ ᠵᠣᠬᠢᠬᠤ ᠡᠮᠴᠢᠯᠡᠭᠡᠨ ᠤ ᠠᠷᠭ᠎ᠠ ᠶᠢ ᠡᠷᠢᠵᠤ ᠤᠯᠬᠤ ᠳᠤ ᠰᠠᠭᠤᠷᠢ ᠶᠢ ᠲᠠᠯᠪᠢᠵᠤ ᠥᠭᠴᠡᠢ᠃     ᠶᠡᠭᠡ ᠲᠠᠷᠢᠬᠢᠨ ᠤ ᠮᠡᠳᠡᠷᠡᠯ ᠤᠨ ᠨᠢᠬᠡᠴᠢ ᠨᠢ ᠳᠡᠭᠡᠳᠦ ᠬᠡᠮᠵᠢᠶ᠎ᠡ ᠪᠠᠷ ᠬᠠᠷᠢᠯᠴᠠᠨ ᠬᠤᠯᠪᠣᠯᠳᠤᠵᠤ᠂ ᠦᠷᠭᠦᠯᠵᠢ ᠵᠢᠮ᠎ᠡ ᠶᠣᠰᠣ ᠲᠠᠢ ᠪᠤᠶᠤ ᠳᠠᠪᠲᠠᠬᠤ ᠵᠠᠭᠪᠤᠷ ᠢᠶᠠᠷ ᠬᠠᠮᠲᠤ ᠪᠠᠷ ᠨᠢᠷᠬᠡᠯᠬᠡᠨ ᠡᠬᠦᠰᠭᠡᠵᠤ᠂ ᠲᠡᠭᠦᠨ ᠤ ᠳᠣᠲᠣᠷᠠᠬᠢ ᠨᠢᠭᠡ ᠵᠦᠢᠯ ᠤᠨ ᠨᠢᠷᠬᠡᠯᠬᠡᠨ ᠡᠭᠦᠰᠭᠡᠬᠦ ᠵᠠᠭᠪᠤᠷ ᠢ ︽ᠱᠤᠪᠬᠤ ᠲᠤᠯᠬᠢᠶᠠᠨᠳᠤ ᠢᠷᠡᠯᠵᠢ︾ ᠭᠡᠳᠡᠭ᠃ ᠲᠤᠰ ᠵᠠᠭᠪᠤᠷ ᠤᠨ ᠳᠣᠣᠷ᠎ᠠ᠂ ᠨᠢᠭᠡ ᠪᠦᠯᠦᠭ ᠮᠡᠳᠡᠷᠡᠯ ᠤᠨ ᠨᠢᠬᠡᠴᠢ ᠨᠢ ᠲᠦᠢᠯ ᠤᠨ ᠴᠢᠩᠭ᠎ᠠ ᠠᠳᠠᠯᠢ ᠠᠯᠬᠤᠮ ᠳᠤ ᠴᠢᠨᠠᠷ ᠢᠶᠠᠷ ᠨᠢᠷᠬᠡᠯᠬᠡᠨ ᠡᠬᠦᠰᠭᠡᠵᠤ᠂ ᠳᠠᠷᠠᠭ᠎ᠠ ᠨᠢ ᠨᠥᠭᠦᠭᠡ ᠨᠢᠭᠡ ᠪᠦᠯᠦᠭ ᠮᠡᠳᠡᠷᠡᠯ ᠤᠨ ᠨᠢᠬᠡᠴᠢ ᠨᠢ ᠲᠡᠭᠦᠨ ᠤ ᠲᠠᠷᠠᠭ᠎ᠠ ᠠᠳᠠᠯᠢ ᠠᠯᠬᠤᠮ ᠳᠤ ᠨᠢᠷᠬᠡᠯᠭᠡᠨ ᠡᠬᠦᠰᠭᠡᠬᠦ ᠪᠦᠬᠡᠳ ᠲᠡᠬᠢᠨ ᠲᠠᠪᠳᠠᠨ ᠣᠨᠴᠠᠭᠠᠢ ᠠᠶᠢᠵᠠᠮ ᠴᠣᠬᠢᠯᠭ᠎ᠠ ᠶᠢ ᠪᠦᠷᠢᠯᠳᠦᠬᠦᠯᠳᠡᠭ᠃ ︽ᠱᠣᠪᠬᠤ ᠳᠣᠯᠭᠢᠶᠠᠨᠳᠤ ᠢᠷᠡᠯᠵᠢ︾ ᠨᠢ ᠦᠷᠬᠦᠯᠵᠢ ᠶᠡᠭᠡ ᠲᠠᠷᠢᠬᠢᠨ ᠤ ᠴᠡᠬᠡᠵᠢᠯᠡᠬᠦᠢ ᠶᠢᠨ ᠴᠢᠳᠡᠪᠦᠷᠢ ᠪᠣᠯᠵᠤ ᠪᠦᠷᠢᠯᠳᠦᠬᠦ ᠵᠠᠩᠭᠢᠯᠠᠭ᠎ᠠ ᠶᠢᠨ ᠲᠣᠭᠤᠷᠢᠭ — ᠲᠠᠷᠢᠬᠢᠨ ᠬᠦᠩᠬᠦᠷ ᠤᠨ ᠴᠣᠭᠴᠠ ᠳᠤ ᠡᠬᠦᠰᠴᠤ ᠂ ᠤᠷᠲᠤ ᠬᠤᠭᠤᠴᠠᠭᠠᠨ ᠤ ᠴᠡᠬᠡᠵᠢᠯᠡᠪᠦᠷᠢ ᠡ᠊ᠨᠳᠡ ᠬᠠᠳᠠᠭᠠᠯᠠᠬᠳᠠᠨ᠎ᠠ᠃     ᠨᠦᠢᠷ ᠬᠤᠯᠵᠢᠬᠤ ᠨᠢ ᠴᠡᠭᠡᠵᠢᠯᠡᠬᠦ ᠴᠢᠳᠡᠪᠦᠷᠢ ᠶᠢ ᠨᠥᠯᠥᠭᠡᠯᠡᠬᠦ ᠬᠡᠮᠵᠢᠶ᠎ᠡ ᠶᠢ ᠴᠢᠨᠠᠭᠰᠢᠳᠠ ᠣᠶᠢᠯᠠᠭᠠᠬᠤ ᠶᠢᠨ ᠲᠥᠯᠥᠭᠡ᠂ ᠮᠢᠰᠢᠶᠧᠭᠧᠨ ᠶᠡᠭᠡ ᠰᠤᠷᠭᠠᠭᠤᠯᠢ ᠶᠢᠨ ᠰᠤᠳᠤᠯᠭᠠᠲᠠᠳ 7 ᠬᠤᠯᠤᠭᠠᠨ᠎ᠠ ᠶᠢᠨ ᠬᠡᠳᠦᠨ ᠭᠠᠷᠠᠭ ᠤᠨ ᠳᠣᠲᠣᠷ᠎ᠠ ᠲᠥᠭᠡᠷᠢᠯ ᠣᠷᠳᠣᠨ ᠳᠤ ᠲᠡᠨᠦᠬᠦᠴᠢᠯᠡᠬᠦ ᠦᠶ᠎ᠡ ᠶᠢᠨ ᠮᠡᠳᠡᠷᠡᠯ ᠤᠨ ᠨᠢᠬᠡᠴᠢ ᠶᠢᠨ ᠠᠵᠢᠯᠯᠠᠭ᠎ᠠ ᠶᠢ ᠲᠡᠮᠳᠡᠭᠯᠡᠵᠦ᠂ ᠤᠨᠲᠠᠯᠭ᠎ᠠ ᠶᠢᠨ ᠬᠠᠷᠰᠢᠯᠠᠯ ᠲᠠᠢ ᠦᠶ᠎ᠠ ᠪᠠ ᠬᠡᠪ ᠤᠨ ᠤᠨᠲᠠᠯᠭ᠎ᠠ ᠶᠢᠨ ᠦᠶ᠎ᠠ ᠬᠡᠬᠦ ᠬᠤᠶᠠᠷ ᠳᠤᠭᠤᠶᠢᠯᠠᠩ ᠬᠤᠪᠢᠶᠠᠵᠤ ᠲᠡᠮᠳᠡᠭᠯᠡᠪᠡ᠃ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠤᠨᠳᠠᠯᠭ᠎ᠠ ᠶᠢᠨ ᠬᠠᠷᠰᠢᠯᠠᠯ ᠲᠠᠢ ᠲᠤᠷᠰᠢᠯᠲᠠ ᠶᠢᠨ ᠬᠤᠯᠤᠭᠠᠨ᠎ᠠ ᠶᠢᠨ ︽ᠱᠣᠪᠬᠤ ᠳᠣᠯᠭᠢᠶᠠᠨᠳᠤ ᠢᠷᠡᠯᠵᠢ︾ ᠶᠢᠨ ᠮᠡᠳᠡᠷᠡᠯ ᠤᠨ ᠨᠢᠭᠡᠴᠢ ᠶᠢᠨ ᠡᠬᠦᠰᠭᠡᠭᠰᠡᠨ ᠳᠣᠬᠢᠶ᠎ᠠ ᠨᠢ ᠨᠡᠯᠢᠶᠡᠳ ᠪᠠᠭᠤᠷᠠᠢ ᠪᠥᠭᠡᠳ ᠵᠣᠬᠢᠶᠠᠨ ᠪᠠᠶᠢᠭᠤᠯᠤᠯᠲᠠ ᠶᠢᠨ ᠴᠢᠨᠠᠷ ᠨᠢ ᠨᠡᠯᠢᠶᠡᠳ ᠠᠨᠠᠢ ᠪᠠᠶᠢᠵᠤ᠂ ᠮᠡᠳᠡᠷᠡᠯ ᠤᠨ ᠨᠢᠬᠡᠴᠢ ᠶᠢᠨ ᠨᠢᠷᠬᠡᠯᠬᠡᠨ ᠡᠬᠦᠰᠭᠡᠬᠦ ᠵᠠᠭᠪᠤᠷ ᠨᠢ ᠢᠯᠡᠳᠲᠠ ᠳᠣᠷᠣᠭᠰᠢᠯᠠᠵᠤ᠂ ᠳᠠᠷᠤᠢ ︽ᠥᠩᠭᠡᠷᠡᠭᠰᠡᠨ ᠢ ᠲᠡᠬᠢᠨ ᠢᠯᠡᠷᠡᠬᠦᠯᠬᠦ︾ ᠴᠢᠳᠠᠪᠤᠷᠢ ᠨᠢ ᠬᠤᠷᠢᠭᠯᠠᠭᠳᠠᠪᠠ᠃ ᠡᠳᠡᠭᠡᠷ ᠲᠤᠷᠰᠢᠯᠲᠠ ᠶᠢᠨ ᠬᠤᠯᠤᠭᠠᠨ᠎ᠠ ᠬᠡᠪ ᠤᠨ ᠪᠠᠶᠢᠳᠠᠯ ᠳᠠᠭᠠᠨ ᠣᠷᠣᠭᠰᠠᠨ ᠤ ᠳᠠᠷᠠᠭ᠎ᠠ᠂ ᠡᠶᠢᠮᠦᠷᠬᠦᠦ ᠳᠣᠬᠢᠶᠠᠨ ᠤ ᠬᠢᠷᠢ ᠲᠦᠪᠰᠢᠨ ᠨᠢ ᠬᠡᠳᠦ᠋ᠢᠪᠡᠷ ᠰᠡᠷᠭᠦᠭᠰᠡᠨ ᠪᠣᠯᠪᠠᠴᠤ ᠬᠡᠪ ᠤᠨ ᠤᠨᠳᠠᠯᠭ᠎ᠠ ᠲᠠᠢ ᠬᠤᠯᠤᠭᠠᠨ᠎ᠠ ᠶᠢᠨ ᠬᠢᠷᠢ ᠲᠦᠪᠰᠢᠨ ᠳᠤ ᠬᠦᠷᠴᠦ ᠳᠡᠶᠢᠯᠬᠦ ᠦᠭᠡᠢ ᠪᠤᠯᠵᠠᠢ᠃     ᠰᠤᠳᠤᠯᠭᠠᠳᠠᠳ᠂ ᠡᠨᠡ ᠨᠢ ᠣᠢ ᠴᠡᠭᠡᠵᠢᠯᠡᠪᠦᠷᠢ ᠨᠢ ᠲᠠᠰᠤᠷᠠᠯᠳᠠ ᠦᠬᠡᠢ ᠬᠤᠶᠢᠨᠡᠬᠢ ᠬᠤᠭᠤᠴᠠᠭᠠᠨ ᠤ ᠰᠢᠢᠳᠪᠦᠷᠢᠯᠡᠯᠳᠡ ᠶᠢ ᠦᠩᠬᠡᠷᠡᠭᠡᠨ᠎ᠡ᠂ ᠡᠶᠢᠮᠦᠷᠬᠦᠦ ᠬᠤᠶᠢᠨᠡᠬᠢ ᠬᠤᠭᠤᠴᠠᠭᠠᠨ ᠤ ᠰᠢᠢᠳᠪᠦᠷᠢᠯᠡᠯᠲᠡ ᠶᠢ ᠥᠩᠬᠡᠷᠡᠭᠡᠬᠦ ᠨᠢ ᠮᠠᠰᠢ ᠴᠢᠬᠤᠯᠠ᠂ ᠡᠶᠢᠮᠦ ᠠᠴᠠ ᠰᠢᠯᠭᠠᠯᠳ᠋ᠨ ᠠᠴᠠ ᠡᠮᠦᠨ᠎ᠡ ᠤᠨᠳᠠᠬᠤ ᠦᠬᠡᠢ ᠲᠠᠪᠳᠠᠬᠤ ᠨᠢ ᠨᠢᠭᠡ ᠵᠦᠢᠯ ᠤᠨ ᠦᠷ᠎ᠠ ᠪᠦᠳᠦᠮᠵᠢ ᠦᠬᠡᠢ ᠠᠷᠭ᠎ᠠ ᠪᠣᠳᠣᠯᠭ᠎ᠠ ᠪᠣᠯᠤᠨ᠎ᠠ ᠬᠡᠵᠦ ᠢᠯᠡᠳᠭᠡᠪᠡ᠃ ᠬᠤᠯᠪᠣᠭᠳᠠᠯ ᠪᠦᠬᠦᠢ ᠰᠤᠳᠤᠯᠭᠠᠨ ᠤ ᠳ᠋ᠦᠩ ᠨᠢ ᠠᠩᠭ᠍ᠯᠢ ᠶᠢᠨ ︽ᠪᠠᠶᠢᠭᠠᠯᠢ︾ ᠰᠡᠳᠬᠦᠯ ᠳᠡᠭᠡᠷ᠎ᠡ ᠨᠡᠶᠢᠲᠡᠯᠡᠭᠳᠡᠪᠡ᠃        ︵︽ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ︾ ᠠᠴᠠ︶
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号