| ᠡᠨᠡ ᠵᠢᠯ ᠠᠴᠠ ᠨᠠᠰᠢ᠂ ᠤᠯᠠᠭᠠᠨᠬᠤᠲᠠ ᠨᠠᠰᠤᠲᠠᠶᠢᠴᠤᠳ ᠤᠨ ᠣᠯᠠᠨ ᠲᠠᠰ ᠳᠠᠪᠬᠤᠷᠭ᠎ᠠ ᠶᠢᠨ ᠨᠠᠰᠤᠵᠢᠯ ᠤᠨ | ᠠᠰᠠᠷᠠᠮᠵᠢ ᠶᠢᠨ ᠦᠢᠯᠡᠴᠢᠯᠡᠭᠡᠨ ᠤ ᠬᠡᠷᠡᠭᠴᠡᠭᠡ ᠶᠢ ᠨᠠᠩ ᠰᠠᠶᠢᠲᠤᠷ ᠬᠠᠩᠭᠠᠵᠤ᠂ ᠨᠠᠰᠤᠵᠢᠯ ᠤᠨ ᠠᠰᠠᠷᠠᠮᠵᠢ ᠶᠢᠨ | ᠦᠢᠯᠡᠴᠢᠯᠡᠭᠡᠨ ᠤ ᠬᠠᠩᠭᠠᠯᠭ᠎ᠠ ᠶᠢ ᠦᠷᠭᠦᠯᠵᠢᠯᠡᠨ ᠰᠢᠯᠢᠳᠡᠭᠵᠢᠭᠦᠯᠵᠦ᠂ ᠨᠠᠰᠤᠵᠢᠯ ᠤᠨ ᠠᠰᠠᠷᠠᠮᠵᠢ ᠶᠢᠨ | ᠦᠢᠯᠡᠴᠢᠯᠡᠭᠡᠨ ᠤ ᠲᠥᠬᠦᠭᠡᠷᠦᠮᠵᠢ ᠶᠢᠨ ᠳᠤᠲᠠᠭᠤᠳᠠᠯ ᠢ ᠪᠥᠬᠦ ᠲᠠᠯ᠎ᠠ ᠪᠠᠷ ᠨᠥᠬᠦᠪᠥᠷᠢᠯᠡᠵᠦ᠂ ᠨᠠᠰᠤᠲᠠᠶᠢᠴᠤᠳ ᠤᠨ | ᠠᠮᠢᠳᠤᠷᠠᠯ ᠤᠨ ᠲᠠᠭᠠᠯᠠᠮᠵᠢ ᠶᠢᠨ ᠬᠡᠮᠵᠢᠶ᠎ᠡ᠂ ᠳᠥᠭᠦᠮ ᠳᠥᠲᠡ ᠶᠢᠨ ᠬᠡᠮᠵᠢᠶ᠎ᠡ᠂ ᠬᠠᠨᠤᠮᠵᠢ ᠶᠢᠨ ᠬᠡᠮᠵᠢᠶ᠎ᠡ ᠶᠢ ᠤᠯᠠᠮ | ᠨᠢᠭᠡ ᠠᠯᠬᠤᠮ ᠳᠡᠭᠡᠭᠰᠢᠯᠡᠭᠦᠯᠵᠦ᠂ ᠨᠠᠰᠤᠲᠠᠶᠢᠴᠤᠳ ᠲᠤ ᠵᠣᠯ ᠵᠢᠷᠭᠠᠯ ᠲᠠᠢ ᠥᠲᠡᠯᠦᠭᠡ ᠨᠠᠰᠤ ᠶᠢ ᠨᠢ | ᠦᠩᠭᠡᠷᠡᠬᠦᠯᠵᠤ ᠪᠤᠢ᠃ | ᠤᠶᠢᠷ᠎ᠠ ᠳᠤ ᠰᠤᠷᠪᠤᠯᠵᠢᠯᠠᠭᠴᠢ ᠤᠯᠠᠭᠠᠨᠬᠤᠲᠠ ᠶᠢᠨ ᠨᠡᠶᠢᠭᠡᠮ ᠤᠨ ᠠᠰᠠᠷᠠᠮᠵᠢ ᠶᠢᠨ ᠲᠥᠪ ᠢᠶᠠᠷ ᠬᠦᠷᠬᠦ ᠳᠤ᠂ | ᠨᠠᠰᠤᠲᠠᠶᠢᠴᠤᠳ ᠤᠨ ᠵᠠᠷᠢᠮ ᠨᠢ ᠬᠥᠵᠥᠷ ᠴᠣᠬᠢᠵᠤ᠂ ᠵᠠᠷᠢᠮ ᠨᠢ ᠰᠢᠲᠠᠷ᠎ᠠ ᠨᠠᠭᠠᠳᠤᠨ᠎ᠠ ᠁ ᠪᠠᠶᠠᠯᠢᠭ ᠰᠠᠶᠢᠬᠠᠨ | ᠰᠣᠶᠣᠯ ᠴᠡᠩᠭᠡᠯ ᠤᠨ ᠠᠵᠢᠯᠯᠠᠭ᠎ᠠ᠂ ᠠᠰᠠᠷᠠᠮᠵᠢ ᠶᠢᠨ ᠲᠥᠪ ᠤᠨ ᠬᠠᠶᠢᠷ᠎ᠠ ᠬᠠᠯᠠᠮᠵᠢᠯᠠᠯ ᠲᠤᠤᠷ᠎ᠠ ᠠᠮᠢᠳᠤᠷᠠᠵᠤ | ᠪᠠᠶᠢᠭ᠎ᠠ 75 ᠨᠠᠰᠤᠲᠠᠨ ᠥᠲᠡᠯᠦᠭᠡ ᠨᠠᠰᠤᠨ ᠤ ᠠᠮᠢᠳᠤᠷᠠᠯ ᠢᠶᠠᠨ ᠠᠮᠤᠷ ᠵᠢᠮᠤᠷ ᠥᠩᠭᠡᠷᠡᠭᠦᠯᠵᠤ ᠪᠤᠢ᠃ ᠡ᠊ᠨᠳᠡ | ᠤᠷᠳᠤ ᠬᠤᠭᠤᠴᠠᠭ᠎ᠠ ᠪᠠᠷ ᠰᠠᠭᠤᠵᠤ ᠪᠠᠶᠢᠭ᠎ᠠ ᠶᠦᠨ ᠴᠧᠩ ᠢᠦᠢ ᠨᠠᠰᠤᠲᠠᠨ ᠤ ᠠᠮᠢᠳᠤᠷᠠᠯ ᠮᠠᠰᠢ ᠲᠠᠭᠠᠯᠠᠮᠵᠢᠲᠠᠢ᠂ | ᠣᠳᠣᠬᠠᠨ ᠤ ᠠᠮᠢᠳᠤᠷᠠᠯ ᠤᠨ ᠪᠠᠶᠢᠳᠠᠯ ᠢᠶᠠᠨ ᠶᠠᠷᠢᠬᠤ ᠳᠤ ᠶᠦᠨ ᠴᠧᠩ ᠢᠦᠢ ᠨᠠᠰᠤᠲᠠᠨ ᠮᠠᠰᠢ ᠰᠡᠳᠬᠢᠯ | ᠬᠠᠨᠤᠮᠵᠢᠲᠠᠢ ᠪᠠᠶᠢᠵᠤ᠂ ︽ ᠡ᠊ᠨᠳᠡᠬᠢ ᠣᠷᠴᠢᠨ ᠲᠣᠭᠤᠷᠢᠨ ᠰᠠᠶᠢᠨ᠂ ᠢᠳᠡᠵᠤ ᠤᠤᠭᠤᠬᠤ᠂ ᠤᠷᠤᠨ ᠰᠠᠭᠤᠴᠠ | ᠨᠢ ᠰᠠᠶᠢᠨ᠂ ᠪᠠᠰᠠ ᠲᠤᠰᠬᠠᠢ ᠮᠡᠷᠭᠡᠵᠢᠯ ᠤᠨ ᠰᠤᠪᠢᠯᠠᠭᠴᠢ ᠲᠠᠢ ᠪᠠᠶᠢᠵᠤ᠂ ᠬᠠᠭᠤᠴᠢᠨ ᠨᠠᠶᠢᠵᠠ ᠲᠠᠢ ᠪᠠᠨ ᠴᠤᠭᠯᠠᠨ | ᠬᠠᠮᠲᠤ ᠭᠦᠵᠤᠷ ᠨᠠᠭᠠᠳᠴᠤ᠂ ᠵᠤᠭᠤᠭᠳᠠᠨ᠂ ᠥᠲᠡᠯᠦᠭᠡ ᠨᠠᠰᠤᠨ ᠤ ᠠᠮᠢᠳᠤᠷᠠᠯ ᠢᠶᠠᠨ ᠮᠠᠰᠢ ᠤᠳᠬ᠎ᠠ ᠠᠭᠤᠯᠭ᠎ᠠ | ᠲᠠᠢ ᠦᠩᠭᠡᠷᠡᠬᠦᠯᠵᠤ ᠪᠠᠶᠢᠨ᠎ᠠ︾ ᠭᠡᠨ᠎ᠠ ᠃ | | | | ︽ᠲᠤᠰ ᠲᠥᠪ ᠨᠢ ᠡᠨᠡ ᠵᠢᠯ ᠨᠡᠶᠢᠲᠡ 75 ᠨᠠᠰᠤᠲᠠᠨ ᠢ ᠬᠦᠯᠢᠶᠡᠨ ᠠᠪᠴᠤ᠂ ᠠᠭᠤᠵᠢᠮ ᠰᠠᠷᠠᠭᠤᠯ ᠭᠡᠷ ᠤᠨ | ᠤᠯᠠᠩᠭᠢ ᠨᠢ ᠭᠤᠷᠪᠠᠨ ᠬᠦᠮᠤᠨ ᠤ ᠦᠷᠤᠭᠡ ᠲᠠᠢ ᠪᠠᠶᠢᠵᠤ᠂ ᠴᠥᠮ ᠨᠠᠰᠤᠳᠠᠶᠢᠴᠤᠳ ᠲᠤ ᠲᠤᠬᠢᠷᠠᠬᠤ | ᠥᠭᠡᠷᠡᠴᠢᠯᠡᠯᠲᠡ ᠶᠢ ᠪᠡᠶᠡᠯᠡᠭᠦᠯᠵᠡᠶ︾ ᠭᠡᠪᠡ᠃ ᠤᠯᠠᠭᠠᠨᠬᠤᠲᠠ ᠶᠢᠨ ᠨᠡᠶᠢᠭᠡᠮ ᠤᠨ ᠠᠰᠠᠷᠠᠮᠵᠢ ᠶᠢᠨ ᠲᠥᠪ ᠤᠨ | ᠰᠤᠪᠢᠯᠠᠯᠲᠠ ᠶᠢᠨ ᠬᠡᠯᠲᠡᠰ ᠤᠨ ᠳᠠᠷᠤᠭ᠎ᠠ ᠦ᠋ ᠷᠦᠢ ᠬᠤᠸᠠ ᠰᠤᠷᠪᠤᠯᠵᠢᠯᠠᠭᠴᠢ ᠳᠤ ᠬᠡᠯᠡᠬᠦ ᠳᠡᠭᠡᠨ᠂ ᠲᠥᠪ ᠲᠤ ᠢᠵᠢ | ᠪᠥᠷᠢᠳᠦᠭᠦᠯᠬᠦ ᠬᠦᠳᠡᠯᠭᠡᠭᠡᠨ ᠤ ᠴᠢᠳᠠᠮᠵᠢ ᠶᠢᠨ ᠲᠠᠰᠤᠭ᠂ ᠬᠤᠭᠤᠯᠠᠨ ᠬᠡᠷ᠂ ᠬᠤᠪᠴᠠᠰᠤ ᠤᠬᠢᠶᠠᠬᠤ ᠬᠡᠷ᠂ | ᠡᠷᠡᠭᠦᠯᠵᠢᠯ ᠤᠨ ᠲᠠᠰᠤᠭ᠂ ᠡᠮᠴᠢᠯᠡᠭᠡᠨ ᠤ ᠲᠠᠰᠤᠭ ᠵᠡᠷᠭᠡ ᠲᠠᠢ ᠪᠥᠭᠡᠳ ᠪᠠᠰᠠ ᠥᠷᠥᠭᠡᠨ ᠳᠤ ᠠᠮᠤᠷ ᠲᠦᠪᠰᠢᠨ ᠤ | ᠲᠦᠰᠢᠭᠦᠷᠢ᠂ ᠭᠠᠵᠠᠷ ᠳᠡᠭᠡᠷᠡᠬᠢ ᠬᠠᠮᠠᠭᠠᠯᠠᠯᠲᠠ ᠵᠡᠷᠭᠡ ᠰᠠᠭᠤᠷᠢ ᠲᠥᠬᠦᠭᠡᠷᠦᠮᠵᠢ ᠶᠢ ᠨᠡᠮᠡᠵᠦ ᠤᠭᠰᠠᠷᠠᠨ᠂ ᠣᠷᠣ | ᠪᠦᠷᠢ ᠳᠤ ᠴᠥᠮ ᠣᠶᠤᠨᠴᠢ ᠦᠢᠯᠡᠴᠢᠯᠡᠭᠦᠷ ᠤᠭᠰᠠᠷᠠᠵᠤ᠂ ᠪᠠᠴᠢᠮ ᠳᠠᠭᠤᠳᠠᠯᠲᠠ ᠶᠢᠨ ᠴᠢᠳᠠᠮᠵᠢ ᠲᠠᠢ ᠪᠠᠶᠢᠵᠤ᠂ | ᠨᠠᠰᠤᠲᠠᠶᠢᠴᠤᠳ ᠲᠤ ᠨᠢᠭᠡ ᠦᠷᠳᠡᠭᠡᠴᠢᠯᠡᠬᠦ ᠠᠷᠠᠳ ᠤᠨ ᠠᠮᠢᠳᠤᠷᠠᠯ ᠤᠨ ᠦᠢᠯᠡᠴᠢᠯᠡᠭᠡ ᠬᠠᠩᠭᠠᠵᠤ᠂ | ᠤᠯᠠᠭᠠᠨᠬᠤᠲᠠ ᠶᠢᠨ ᠨᠡᠶᠢᠭᠡᠮ ᠤᠨ ᠠᠰᠠᠷᠠᠮᠵᠢ ᠶᠢᠨ ᠲᠥᠪ ᠢ ᠦᠨᠡᠨ ᠬᠦ ᠨᠠᠰᠤᠲᠠᠶᠢᠴᠤᠳ ᠤᠨ ᠬᠦᠰᠡᠨ ᠮᠥᠷᠥᠭᠡᠳᠬᠦ | ᠰᠠᠶᠢᠨ ᠰᠠᠶᠢᠬᠠᠨ ᠬᠡᠷ ᠣᠷᠣᠨ ᠪᠣᠯᠭᠠᠭᠰᠠᠨ ᠪᠠᠶᠢᠨ᠎ᠠ ᠭᠡᠵᠡᠶ᠃ | | ᠣᠶᠢᠯᠠᠭᠠᠭᠰᠠᠨ ᠢᠶᠠᠷ᠂ ᠤᠯᠠᠭᠠᠨᠬᠤᠲᠠ ᠳᠤ ᠣᠲᠣ ᠠᠯᠪᠠᠨ ᠠᠴᠠ ᠡᠷᠭᠢᠯᠡᠭᠰᠡᠨ ᠨᠠᠰᠤᠵᠢᠯ ᠤᠨ ᠠᠰᠠᠷᠠᠮᠵᠢ ᠶᠢᠨ | ᠪᠠᠶᠢᠭᠤᠯᠤᠮᠵᠢ 1 ᠪᠠᠶᠢᠵᠤ᠂ ᠪᠠᠯᠭᠠᠰᠤ ︵ᠵᠡᠭᠡᠯᠢ︶ ᠶᠢᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠲᠥᠪ | 15᠂ ᠨᠡᠶᠢᠭᠡᠮ ᠲᠣᠭᠤᠷᠢᠭ ᠤᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠥᠷᠲᠡᠭᠡ 8᠂ ᠲᠣᠰᠬᠤᠨ ᠤ | ᠲᠡᠰ ᠤᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠥᠷᠲᠡᠭᠡ 21 ᠪᠠᠶᠢᠵᠤ᠂ ᠨᠠᠰᠤᠲᠠᠶᠢᠴᠤᠳ ᠤᠨ ᠣᠯᠠᠨ | ᠶᠠᠩᠵᠤ ᠶᠢᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠬᠡᠷᠡᠭᠴᠡᠭᠡ ᠱᠠᠭᠠᠷᠳᠠᠯᠭ᠎ᠠ ᠶᠢ ᠤᠯᠠᠮ ᠨᠢᠭᠡ ᠠᠯᠬᠤᠮ | ᠬᠠᠩᠭᠠᠵᠤ᠂ ᠪᠥᠬᠦ ᠬᠤᠲᠠ ᠶᠢᠨ ᠨᠠᠰᠤᠲᠠᠶᠢᠴᠤᠳ ᠲᠤ ᠨᠠᠩ ᠨᠠᠷᠢᠯᠢᠬᠵᠢᠭᠰᠠᠨ᠂ ᠬᠥᠮᠥᠡᠯᠢᠭ ᠠᠷᠠᠳ ᠲᠤ ᠲᠥᠬᠦᠮ | ᠦᠵᠡᠭᠦᠯᠬᠦ ᠦᠢᠯᠡᠴᠢᠯᠡᠭᠡ ᠬᠠᠩᠭᠠᠵᠤ ᠪᠠᠶᠢᠨ᠎ᠠ᠃ | | ᠤᠯᠠᠭᠠᠨᠬᠤᠲᠠ ᠶᠢᠨ ᠳᠡᠭᠦᠯᠢᠨ ᠵᠡᠭᠡᠯᠢ ᠶᠢᠨ ᠰᠠᠶᠢᠬᠠᠨ ᠨᠡᠶᠢᠭᠡᠮ ᠲᠣᠭᠤᠷᠢᠭ ᠤᠨ ᠰᠢᠩ ᠹᠦ᠋ ᠬᠤᠭᠤᠯᠠᠨ ᠭᠡᠷ | ᠢᠶᠠᠷ ᠬᠦᠷᠬᠦ ᠳᠤ᠂ ᠬᠤᠭᠤᠯᠠ ᠨᠣᠭᠤᠭ᠎ᠠ ᠶᠢᠨ ᠠᠮᠳᠠᠳᠤ ᠦᠨᠦᠷ ᠬᠠᠩᠬᠤᠯᠵᠤ᠂ ᠨᠡᠶᠢᠭᠡᠮ ᠲᠣᠭᠤᠷᠢᠭ ᠤᠨ | ᠨᠠᠰᠤᠲᠠᠶᠢᠴᠤᠳ ᠵᠠᠯᠭᠠᠭ᠎ᠠ ᠪᠠᠷ ᠬᠤᠭᠤᠯᠠᠨ ᠭᠡᠷ ᠲᠤ ᠢᠷᠡᠵᠦ ᠬᠤᠭᠤᠯᠠ ᠢᠳᠡᠵᠡᠭᠡᠨᠠ᠃ ᠨᠠᠰᠤᠲᠠᠶᠢᠴᠤᠳ ᠠᠮᠲᠠᠲᠤ | ᠰᠠᠶᠢᠬᠠᠨ ᠦᠳᠡ ᠶᠢᠨ ᠬᠤᠭᠤᠯᠠ ᠪᠠᠨ ᠢᠳᠡᠬᠦ ᠶᠢᠨ ᠳᠠᠭᠠᠤ ᠰᠤᠯᠠ ᠵᠤᠭᠤᠭ ᠲᠡᠯᠭᠡᠨ᠂ ᠵᠣᠯ ᠵᠢᠷᠭᠠᠯ ᠤᠨ | ᠢᠨᠢᠶᠡᠮᠰᠦᠭᠯᠡᠯ ᠪᠢᠯᠬᠠᠭᠤᠯᠤᠨ᠎ᠠ᠃ | ︽ᠤᠤᠯ ᠨᠢ ᠨᠡᠶᠢᠭᠡᠮ ᠲᠣᠭᠤᠷᠢᠭ ᠤᠨ ᠬᠤᠭᠤᠯᠠᠨ ᠭᠡᠷ ᠪᠠᠶᠢᠬᠤ ᠦᠭᠡᠢ ᠦᠶ᠎ᠡ ᠳᠤ ᠡᠳᠦᠷ ᠪᠦᠷᠢ ᠥᠪᠡᠷ ᠢᠶᠠᠨ | ᠬᠢᠵᠦ᠂ ᠢᠳᠡᠬᠦ ᠨᠢ ᠮᠠᠰᠢ ᠳᠥᠭᠦᠮᠬᠡᠨ᠃ ᠤᠳᠤ ᠡᠳᠦᠷ ᠪᠦᠷᠢ ᠬᠤᠭᠤᠯᠠ ᠨᠤᠭᠤᠭ᠎ᠠ ᠨᠢ ᠲᠠᠪᠬᠤᠴᠠᠬᠤ ᠦᠭᠡᠢ | ᠪᠠᠶᠢᠵᠤ᠂ ᠪᠠᠰᠠ ᠬᠤᠭᠤᠯᠠ ᠢᠳᠡᠬᠦ ᠬᠠᠷᠠᠭᠠᠯᠵᠠᠯ ᠲᠠᠢ᠂ ᠡᠳᠦᠷ ᠪᠦᠷᠢ 10 ᠭᠠᠷᠤᠶ ᠲᠥᠭᠦᠷᠢᠭ ᠵᠠᠷᠤᠴᠠᠭᠤᠯᠪᠠᠯ | ᠪᠤᠯᠴᠢᠬᠠᠨ᠎ᠠ︾ ᠭᠡᠵᠤ ᠰᠠᠶᠢᠬᠠᠨ ᠨᠡᠶᠢᠭᠡᠮ ᠲᠣᠭᠤᠷᠢᠭ ᠤᠨ ᠮᠧᠩ ᠵᠢᠶᠠ ᠳᠥᠷᠪᠡᠳᠦᠭᠡᠷ ᠬᠤᠭᠤᠴᠠᠭᠠᠨ ᠤ | ᠰᠠᠭᠤᠭᠠᠯᠢ ᠠᠷᠠᠳ ᠯᠢ ᠶᠦᠨ ᠴᠧᠩ ᠰᠡᠳᠬᠢᠯ ᠬᠠᠨᠤᠮᠵᠢᠲᠠᠶ ᠬᠡᠯᠡᠪᠡ᠃ | | ᠨᠠᠰᠤᠲᠠᠶᠢᠴᠤᠳ ᠤᠨ ᠬᠤᠭᠤᠯᠠ ᠢᠳᠡᠬᠦ ᠪᠣᠳᠠᠲᠠᠢ ᠬᠡᠷᠡᠭᠴᠡᠭᠡ ᠶᠢ ᠬᠠᠩᠭᠠᠬᠤ ᠶᠢᠨ ᠲᠥᠯᠥᠭᠡ᠂ ᠤᠯᠠᠭᠠᠨᠬᠤᠲᠠ | ︽ᠭᠡᠷ ᠤᠨ ᠡᠭᠦᠳᠡ︾ ᠶᠢᠨ ᠬᠤᠭᠤᠯᠠ ᠲᠤᠰᠠᠯᠠᠬᠤ ᠦᠢᠯᠡᠴᠢᠯᠡᠭᠡᠨ ᠤ ᠰᠢᠰᠲ᠋ᠧᠮ ᠤᠨ ᠪᠠᠶᠢᠭᠤᠯᠤᠯᠲᠠ ᠶᠢ | ᠦᠷᠭᠦᠯᠵᠢᠯᠡᠨ ᠠᠬᠢᠭᠤᠯᠵᠤ᠂ ᠠᠷᠠᠳ ᠲᠤ ᠠᠰᠢᠭ ᠬᠦᠷᠲᠡᠭᠡᠬᠦ ᠦᠢᠯᠡᠴᠢᠯᠡᠭᠡᠨ ᠤ ᠰᠦᠯᠵᠢᠶᠡᠨ ᠤ ᠬᠠᠮᠤᠷᠬᠤ | ᠬᠡᠪᠴᠢᠶ᠎ᠡ ᠶᠢ ᠢᠳᠡᠪᠬᠢᠲᠡᠢ ᠥᠷᠭᠡᠳᠬᠡᠪᠡ᠃ ᠣᠲᠣ ᠪᠣᠯᠲᠠᠯ᠎ᠠ᠂ ᠤᠯᠠᠭᠠᠨᠬᠤᠲᠠ ᠨᠢᠭᠡᠨᠲᠡ ᠪᠠᠶᠢᠭᠤᠯᠤᠭᠰᠠᠨ ᠪᠥᠭᠡᠳ | ᠠᠰᠢᠭᠯᠠᠯᠲᠠ ᠳᠤ ᠣᠷᠣᠭᠤᠯᠤᠭᠰᠠᠨ ᠨᠡᠶᠢᠭᠡᠮ ᠲᠣᠭᠤᠷᠢᠭ ᠤᠨ ᠰᠢᠩ ᠹᠦ᠋ ᠬᠤᠭᠤᠯᠠᠨ ᠬᠡᠷ ᠨᠡᠶᠢᠲᠡ 14 ᠪᠣᠯᠵᠣ᠂ | ᠰᠢᠩ ᠹᠦ᠋ ᠲᠤᠰᠠᠯᠠᠬᠤ ᠴᠡᠭ 22 ᠪᠣᠯᠵᠣ᠂ ︽ᠪᠠᠭ᠎ᠠ ᠬᠤᠭᠤᠯᠠᠨ ᠬᠡᠷ︾ ᠢᠶᠠᠷ ︽ᠶᠡᠭᠡ ᠠᠷᠠᠳ ᠤᠨ ᠠᠮᠢᠳᠤᠷᠠᠯ︾ | ᠳᠤ ᠦᠢᠯᠡᠴᠢᠯᠡᠵᠦ᠂ ᠨᠠᠰᠤᠲᠠᠶᠢᠴᠤᠳ ᠤᠨ ᠵᠣᠯ ᠵᠢᠷᠭᠠᠯᠲᠤ ᠲᠥᠷᠥᠭᠳᠡᠯ ᠪᠠ ᠬᠠᠨᠤᠮᠵᠢ ᠶᠢᠨ ᠬᠡᠮᠵᠢᠶ᠎ᠡ ᠶᠢ | ᠲᠠᠰᠤᠷᠠᠯᠲᠠ ᠥᠬᠡᠶ ᠳᠡᠭᠡᠭᠰᠢᠯᠡᠭᠦᠯᠵᠤ ᠪᠤᠢ᠃ | |