| ᠬᠠᠷᠢᠶᠠᠳᠥ ᠤᠷᠤᠨ ᠤ ᠪᠠᠨ ᠰᠠᠭᠤᠭᠠᠯᠢ ᠠᠷᠠᠳ ᠲᠤ ᠦᠨᠡᠨ ᠬᠦ ᠲᠦᠬᠦᠮ ᠦᠵᠡᠬᠦᠯᠬᠦ ᠶᠢᠨ ᠲᠦᠯᠦᠬᠡ᠂ | ᠤᠶᠢᠷ᠎ᠠ ᠳᠤ᠂ ᠤᠯᠠᠭᠠᠨᠬᠤᠳᠠ ᠶᠢᠨ ᠡᠮᠴᠢᠯᠡᠬᠡᠨ ᠤ ᠬᠠᠮᠳᠤ ᠶᠢᠨ ᠴᠤᠬᠴᠠ ᠶᠢᠨ ᠶᠡᠷᠦᠩᠭᠡᠢ ᠡᠮᠨᠡᠯᠬᠡ ᠶᠢᠨ | ᠬᠤᠷᠢᠶ᠎ᠠ ᠶᠢᠨ ᠱᠧᠩᠯᠢ ᠨᠡᠶᠢᠬᠡᠮ ᠲᠤᠭᠤᠷᠢᠭ ᠬᠤᠪᠢᠶᠠᠷᠢ ᠬᠤᠷᠢᠶ᠎ᠠ ᠤᠯᠠᠭᠠᠨᠬᠤᠳᠠ ᠶᠢᠨ ᠱᠧᠩᠯᠢ ᠵᠡᠬᠡᠯᠢ ᠶᠢᠨ ᠱᠤ᠋ | ᠭᠤᠸᠠᠩ ᠨᠡᠶᠢᠬᠡᠮ ᠲᠤᠭᠤᠷᠢᠭ ᠤᠨ ᠨᠠᠮ ᠤᠨ ᠬᠡᠰᠢᠭᠦᠨ ᠤᠯᠠᠨ ᠲᠦᠮᠡᠨ ᠳᠤ ᠦᠢᠯᠡᠴᠢᠯᠡᠬᠦ ᠲᠦᠪ ᠲᠤ ᠬᠦᠷᠴᠦ | ᠡᠷᠡᠬᠦᠯ ᠮᠡᠨᠳᠤ ᠶᠢᠨ ᠪᠡᠶ᠎ᠡ ᠶᠢᠨ ᠪᠠᠶᠢᠴᠠᠭᠠᠯᠳᠠ ᠶᠢᠨ ᠠᠵᠢᠯᠯᠠᠭ᠎ᠠ ᠦᠷᠨᠢᠬᠦᠯᠵᠡᠢ᠃ | ᠠᠵᠢᠯᠯᠠᠭ᠎ᠠ ᠳᠤ᠂ ᠡᠮᠴᠢᠯᠡᠬᠡᠨ ᠤ ᠠᠵᠢᠯᠳᠠᠳ ᠪᠠᠶᠢᠴᠠᠭᠠᠯᠳᠡ ᠬᠢᠯᠬᠡᠭᠦ ᠪᠠᠷ ᠢᠷᠡᠭᠰᠡᠨ ᠰᠠᠭᠤᠭᠠᠯᠢ ᠠᠷᠠᠳ ᠲᠤ᠂ | ᠰᠤᠳᠠᠯ ᠪᠠᠷᠢᠬᠤ᠂ ᠴᠢᠰᠦᠨ ᠲᠠᠷᠦᠯᠳᠠ ᠶᠢ ᠨᠢ ᠬᠡᠮᠵᠢᠬᠦ ᠡᠮᠴᠢᠯᠡᠬᠡᠨ ᠤ ᠦᠢᠯᠡᠴᠢᠯᠡᠭᠡ ᠬᠠᠨᠭ᠍ᠭᠠᠬᠰᠠᠨ ᠪᠦᠭᠡᠳ | ᠲᠤᠰᠬᠠᠢ ᠮᠡᠷᠬᠡᠵᠢᠯ ᠤᠨ ᠡᠷᠡᠬᠦᠯ ᠮᠡᠨᠳᠤ ᠶᠢᠨ ᠵᠢᠯᠤᠭᠤᠳᠤᠯᠭ᠎ᠠ ᠬᠠᠨᠭ᠍ᠭᠠᠵᠠᠢ᠃ ᠱᠧᠩᠯᠢ ᠵᠡᠬᠡᠯᠢ ᠶᠢᠨ ᠱᠤ᠋ ᠭᠤᠸᠠᠩ | ᠨᠡᠶᠢᠬᠡᠮ ᠲᠤᠭᠤᠷᠢᠭ ᠤᠨ ᠰᠠᠭᠤᠭᠠᠯᠢ ᠠᠷᠠᠳ ᠯᠢ ᠵᠢᠩ ᠵᠢᠶᠧ᠄ ︽ᠡᠮᠴᠢᠯᠡᠬᠡᠨ ᠤ ᠠᠵᠢᠯᠳᠠᠳ ᠶᠠᠳᠠᠷᠠᠵᠦ | ᠵᠦᠳᠡᠷᠡᠬᠦ ᠠᠴᠠ ᠬᠠᠯᠠᠰᠢᠷᠠᠬᠤ ᠦᠬᠡᠢ ᠪᠢᠳᠡᠨ ᠳᠤ ᠦᠨ᠎ᠡ ᠲᠦᠯᠦᠪᠦᠷᠢ ᠦᠬᠡᠢ ᠪᠠᠷ ᠡᠮᠴᠢᠯᠡᠭᠡ ᠬᠠᠨᠭ᠍ᠭᠠᠵᠦ᠂ ᠪᠢᠳᠡ | ᠡᠬᠦᠳᠡᠨ ᠡᠮᠦᠨ᠎ᠡ ᠪᠠᠨ ᠡᠮᠴᠢᠯᠡᠬᠡᠨ ᠤ ᠦᠢᠯᠡᠴᠢᠯᠡᠭᠡ ᠬᠦᠷᠳᠡᠵᠦ᠂ ᠰᠡᠳᠬᠢᠯ ᠢ ᠮᠢᠨᠢ ᠲᠤᠯᠠᠭᠠᠴᠠᠭᠤᠯᠵᠠᠢ︾ ᠬᠡᠵᠦ | ᠰᠤᠷᠪᠤᠯᠵᠢᠯᠠᠬᠴᠢ ᠳᠤ ᠪᠠᠶᠠᠷᠳᠠᠶᠢᠬᠠᠨ ᠶᠠᠷᠢᠵᠦ ᠪᠠᠶᠢᠯ᠎ᠠ᠃ | ᠤᠶᠢᠯᠠᠭᠠᠬᠰᠠᠨ ᠢᠶᠠᠷ᠂ ᠲᠤᠰ ᠤᠳᠠᠭᠠᠨ ᠤ ᠠᠵᠢᠯᠯᠠᠭ᠎ᠠ ᠨᠢ ᠦᠨ᠎ᠡ ᠲᠦᠯᠦᠪᠦᠷᠢ ᠦᠬᠡᠢ ᠪᠠᠷ 100 ᠭᠠᠷᠦᠢ | ᠰᠠᠭᠤᠭᠠᠯᠢ ᠠᠷᠠᠳ ᠲᠤ ᠴᠢᠰᠦᠨ ᠲᠠᠷᠦᠯᠳᠠ ᠶᠢ ᠨᠢ ᠬᠡᠮᠵᠢᠨ᠂ ᠡᠪᠡᠳᠴᠢᠨ ᠢ ᠨᠢ ᠤᠨᠤᠰᠢᠯᠠᠵᠦ ᠦᠭᠴᠡᠢ᠃ ᠪᠠᠰᠠ | ᠵᠢᠷᠦᠬᠡᠨ ᠤ ᠯᠤᠬᠰᠢᠯᠳᠠ ᠶᠢᠨ ᠵᠢᠷᠤᠭ ᠢ 100 ᠭᠠᠷᠦᠢ ᠬᠢᠵᠥ᠂ 300 ᠭᠠᠷᠦᠢ ᠬᠤᠪᠢ ᠤᠬᠠᠭᠤᠯᠭ᠎ᠠ ᠶᠢᠨ | ᠬᠠᠭᠤᠳᠠᠰᠦ ᠲᠠᠷᠬᠠᠭᠠᠵᠠᠢ᠃ ︵ᠬᠠᠨ᠎ᠠ ᠠᠷᠢᠭᠤᠨ︶ |