| 1 ᠰᠠᠷ᠎ᠠ ᠶᠢᠨ 14 ᠤ ᠡᠳᠥᠷ᠂ ᠬᠢᠨᠭ᠍ᠭᠠᠨ ᠠᠶᠢᠮᠠᠭ ᠤᠨ ︽ᠴᠠᠭᠠᠨ ᠰᠠᠷ᠎ᠠ ᠶᠢᠨ ᠲᠤᠰᠬᠤᠨ ᠤ ᠦᠳᠡᠰᠢᠯᠡᠭᠡ︾ | ᠬᠢᠨᠭ᠍ᠭᠠᠨ ᠠᠶᠢᠮᠠᠭ ᠤᠨ ᠰᠤᠶᠤᠯ ᠤᠨ ᠲᠦᠪ ᠲᠤ ᠤᠳᠬ᠎ᠠ ᠳᠡᠬᠦᠯᠳᠡᠷ ᠶᠠᠪᠤᠭᠳᠠᠵᠤ᠂ ᠦᠵᠡᠭᠴᠢ ᠤᠯᠠᠨ ᠢᠶᠠᠨ | ᠪᠠᠶᠠᠰᠬᠠᠭᠰᠠᠨ ᠪᠠᠶᠢᠨ᠎ᠠ᠃ | ᠲᠤᠰ ︽ᠴᠠᠭᠠᠨ ᠰᠠᠷ᠎ᠠ ᠶᠢᠨ ᠲᠤᠰᠬᠤᠨ ᠤ ᠦᠳᠡᠰᠢᠯᠡᠭᠡ︾ ᠶᠢ ᠬᠢᠨᠭ᠍ᠭᠠᠨ ᠠᠶᠢᠮᠠᠭ ᠤᠨ ᠨᠠᠮ ᠤᠨ | ᠬᠤᠷᠢᠶ᠎ᠠ ᠶᠢᠨ ᠤᠬᠠᠭᠤᠯᠬᠤ ᠬᠡᠯᠳᠡᠰ᠂ ᠬᠢᠨᠭ᠍ᠭᠠᠨ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠬᠢᠨᠭ᠍ᠭᠠᠨ | ᠠᠶᠢᠮᠠᠭ ᠤᠨ ᠰᠤᠶᠤᠯ ᠵᠢᠭᠤᠯᠴᠢᠯᠠᠯ ᠪᠡᠶ᠎ᠡ ᠶᠢᠨ ᠲᠠᠮᠢᠷ ᠤᠨ ᠲᠤᠪᠴᠢᠶ᠎ᠡ ᠠᠴᠠ ᠬᠠᠮᠳᠤᠷᠠᠨ ᠡᠷᠬᠢᠯᠡᠵᠡᠢ᠃ | ᠲᠤᠰ ᠤᠳᠠᠭᠠᠨ ᠤ ᠴᠠᠭᠠᠨ ᠰᠠᠷ᠎ᠠ ᠶᠢᠨ ᠦᠳᠡᠰᠢᠯᠡᠭᠡ ᠳᠤ ᠳᠠᠭᠤᠤ ᠪᠦᠵᠢᠭ᠂ ᠦᠯᠢᠭᠡᠷ ᠬᠤᠯᠪᠤᠭ᠎ᠠ ᠵᠡᠷᠭᠡ | ᠤᠯᠠᠨ ᠲᠤᠭᠯᠠᠯᠳᠠ ᠶᠢ ᠳᠤᠬᠢᠷᠠᠭᠤᠯᠬᠤ ᠪᠠᠷ ᠳᠠᠮᠵᠢᠨ᠂ ︽ᠬᠢᠨᠭ᠍ᠭᠠᠨ ᠳᠠᠪᠠᠭᠠᠨ ᠳᠠᠬᠢ ᠬᠢᠨᠭ᠍ᠭᠠᠨ ᠠᠶᠢᠮᠠᠭ︾ ᠤᠨ | ᠰᠤᠶᠤᠯ ᠤᠨ ᠠᠭᠤᠯᠬᠤᠨ ᠢ ᠪᠠᠶᠠᠯᠢᠭᠵᠢᠭᠤᠯᠵᠤ᠂ ᠦᠵᠡᠭᠴᠢ ᠤᠯᠠᠨ ᠳᠠᠭᠠᠨ ᠰᠤᠶᠤᠯ ᠤᠨ ᠠᠵᠢᠯ ᠤᠨ ᠠᠮᠵᠢᠯᠳᠠ | ᠪᠦᠳᠥᠮᠵᠢ ᠶᠢ ᠲᠡᠯᠭᠡᠨ ᠦᠵᠡᠭᠦᠯᠦᠭᠰᠡᠨ ᠪᠠᠶᠢᠨ᠎ᠠ᠃ | ︽ᠬᠢᠨᠭ᠍ᠭᠠᠨ ᠲᠤᠰᠬᠤᠨ ᠤ ᠰᠤᠶᠤᠯ ᠤᠨ ᠳᠠᠷᠤᠭ᠎ᠠ ᠪᠤᠯᠤᠭᠰᠠᠨ ᠤ ᠬᠤᠪᠢ ᠳᠤ᠂ ᠲᠤᠰᠬᠤᠨ ᠤ ᠪᠠᠨ | ᠰᠤᠶᠤᠯ ᠤᠨ ᠤᠨᠴᠠᠯᠢᠭ ᠢ ᠳᠤᠪᠤᠶᠢᠯᠭᠠᠨ᠂ ᠲᠤᠰᠬᠤᠨ ᠤ ᠠᠷᠠᠳ ᠲᠤ ᠤᠮᠠᠷᠠᠳᠥ ᠬᠢᠯᠢ ᠶᠢᠨ ᠰᠤᠶᠤᠯ ᠤᠨ ᠷᠢᠳᠢ | ᠰᠢᠳᠢ ᠶᠢ ᠤᠬᠠᠭᠤᠯᠬᠤ ᠪᠠᠷ ᠳᠠᠮᠵᠢᠨ ᠠᠷᠠᠳ ᠤᠯᠠᠨ ᠤ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠵᠤ ᠪᠤᠢ︾ ᠭᠡᠵᠤ | ᠬᠢᠨᠭ᠍ᠭᠠᠨ ᠠᠶᠢᠮᠠᠭ ᠤᠨ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠬᠢᠨᠭ᠍ᠭᠠᠨ ᠲᠤᠰᠬᠤᠨ ᠤ ᠰᠤᠶᠤᠯ ᠤᠨ | ᠳᠠᠷᠤᠭ᠎ᠠ ᠸᠠᠩ ᠶᠠᠨ ᠬᠡᠯᠡᠪᠡ᠃ | ᠲᠤᠰ ︽ᠴᠠᠭᠠᠨ ᠰᠠᠷ᠎ᠠ ᠶᠢᠨ ᠲᠤᠰᠬᠤᠨ ᠤ ᠦᠳᠡᠰᠢᠯᠡᠭᠡ︾ ᠳᠤ ᠳᠠᠭᠤᠤ ᠪᠦᠵᠢᠭ ︽ᠮᠠᠭᠳᠠᠭᠠᠯ ᠳᠠᠭᠤᠤ︾ | ︽ᠬᠤᠷᠴᠠ ᠤᠯᠠᠭᠠᠨ ᠴᠡᠴᠡᠭ ᠪᠡᠳᠮᠠᠷᠠᠨ ᠳᠡᠯᠭᠡᠷᠡᠨ᠎ᠡ︾ ︽ᠦᠵᠡᠰᠬᠦᠯᠡᠩᠳᠥ ᠰᠠᠶᠢᠬᠠᠨ ᠷᠠᠰᠢᠶᠠᠨ︾ ᠵᠡᠷᠭᠡ | ᠳᠠᠭᠤᠤ ᠪᠦᠵᠢᠭ᠂ ︽ᠮᠤᠩᠭᠤᠯ ᠮᠤᠷᠢᠨ ᠤ ᠵᠤᠷᠢᠭ ᠰᠠᠨᠠᠭ᠎ᠠ ᠶᠢ ᠪᠠᠳᠠᠷᠠᠭᠤᠯᠤᠶ᠎ᠠ︾ ᠭᠡᠬᠦ ᠰᠢᠯᠥᠭ ᠳᠠᠭᠤᠯᠠᠯ᠂ | ᠬᠤᠷᠴᠢᠨ ᠠᠷᠠᠳ ᠤᠨ ᠳᠠᠭᠤᠤ ︽ᠸᠠᠨ ᠯᠢ︾᠂ ᠲᠤᠰᠬᠤᠨ ᠤ ᠳᠠᠭᠤᠤ ︽ᠰᠢᠨᠡᠵᠡᠮ︾ ᠵᠡᠷᠭᠡ ᠲᠤᠭᠯᠠᠯᠳᠠ ᠶᠢ | ᠳᠤᠬᠢᠷᠠᠭᠤᠯᠵᠤ᠂ ᠮᠠᠯᠴᠢᠨ ᠳᠠᠷᠢᠶᠠᠴᠢᠳ ᠤᠨ ᠦᠵᠡᠵᠤ ᠰᠤᠨᠤᠰᠬᠤ ᠳᠤᠷᠠᠳᠠᠢ ᠬᠡᠯᠪᠡᠷᠢ ᠪᠠᠷ ᠦᠵᠡᠭᠴᠢ | ᠤᠯᠠᠨ ᠳᠠᠭᠠᠨ ᠴᠠᠭᠠᠨ ᠰᠠᠷ᠎ᠠ ᠶᠢᠨ ᠠᠭᠤᠷ ᠠᠮᠢᠰᠬᠤᠯ ᠪᠢᠯᠬᠠᠮ᠎ᠠ᠂ ᠰᠤᠶᠤᠯ ᠤᠨ ᠠᠭᠤᠷ ᠠᠮᠢᠰᠬᠤᠯ ᠪᠢᠯᠬᠠᠮ᠎ᠠ ︽ | ᠰᠤᠶᠤᠯ ᠤᠨ ᠨᠠᠶᠢᠷ︾ ᠢ ᠡᠳ᠋ᠯᠡᠬᠦᠯᠥᠭᠰᠡᠨ ᠪᠠᠶᠢᠨ᠎ᠠ᠃ ᠮᠸᠢ ᠬᠤᠸᠠ ᠱᠤᠸᠠᠩ ᠴᠢᠥᠸᠠᠨ ᠮᠡᠳᠡᠭᠡᠯᠡᠪᠡ |