| | ᠲᠤᠮᠳᠠᠲᠦ ᠶᠢᠨ ᠦᠨᠳᠦᠰᠦᠲᠡᠨ ᠤ ᠰᠢᠯᠢᠳᠡᠭ ᠤᠯᠠᠮᠵᠢᠯᠠᠯᠲᠦ ᠰᠤᠶᠤᠯ ᠢ ᠤᠯᠠᠮᠵᠢᠯᠠᠨ ᠪᠠᠳᠠᠷᠠᠭᠤᠯᠵᠦ᠂ ᠴᠠᠭᠠᠨ | ᠰᠠᠷ᠎ᠠ ᠪᠠᠨ ᠪᠠᠶᠠᠷ ᠬᠦᠷ ᠲᠠᠢ ᠤᠬᠳᠤᠵᠦ᠂ ᠪᠠᠶᠠᠷ ᠤᠨ ᠡᠳᠦᠷ ᠤᠨ ᠠᠭᠤᠷ ᠠᠮᠢᠰᠬᠤᠯ ᠢ ᠤᠯᠠᠮ ᠢᠯᠡᠭᠦᠦ ᠦᠳᠭᠡᠷᠡᠭᠦᠯᠵᠦ᠂ | ᠺᠠᠳ᠋ᠷ ᠤᠯᠠᠨ ᠲᠦᠮᠡᠨ ᠤ ᠰᠤᠶᠤᠯ ᠤᠨ ᠠᠮᠢᠳᠦᠷᠠᠯ ᠢ ᠪᠠᠶᠠᠯᠢᠬᠵᠢᠭᠤᠯᠬᠤ ᠪᠠᠷ 1 ᠰᠠᠷ᠎ᠠ ᠶᠢᠨ 11 ᠤ ᠡᠳᠦᠷ᠂ | ᠤᠯᠠᠭᠠᠨᠬᠤᠲᠠ ᠶᠢᠨ ᠭᠡᠭᠡᠨᠰᠦ᠋ᠮ᠎ᠡ ᠪᠠᠯᠭᠠᠰᠤ ︽ᠤᠮᠠᠷᠠᠲᠤ ᠬᠢᠯᠢ ᠶᠢᠨ ᠰᠣᠶᠣᠯ ᠢ ᠪᠠᠳᠠᠷᠠᠭᠤᠯᠵᠤ ᠳᠤᠮᠳᠠᠳᠤ ᠶᠢᠨ ᠰᠣᠶᠣᠯ ᠤᠨ | ᠰᠤᠳᠠᠰᠤ ᠶᠢ ᠦᠷᠭᠦᠯᠵᠢᠯᠡᠭᠦᠯᠬᠦ︾ ᠪᠠᠷ ᠭᠤᠣᠯ ᠰᠡᠳᠦᠪ ᠪᠣᠯᠭᠠᠭᠰᠠᠨ ᠰᠢᠨ᠎ᠡ ᠵᠢᠯ ᠤᠨ ᠰᠤᠶᠤᠯ ᠤᠷᠠᠯᠢᠭ ᠤᠨ ᠠᠵᠢᠯᠯᠠᠭ᠎ᠠ | ᠶᠠᠪᠤᠬᠳᠠᠭᠤᠯᠪᠠ᠃ ᠪᠥᠬᠦ ᠪᠠᠯᠭᠠᠰᠤᠨ ᠤ ᠺᠠᠳ᠋ᠷ ᠣᠯᠠᠨ ᠲᠦᠮᠡᠨ ᠨᠢᠭᠡ ᠲᠠᠩᠬᠢᠮ ᠳᠤ ᠴᠤᠭᠯᠠᠷᠠᠵᠤ᠂ ᠰᠢᠨ᠎ᠡ ᠵᠢᠯ ᠤᠨ ᠪᠠᠶᠠᠷ | ᠪᠠᠭᠠᠳᠤᠯ ᠤᠨ ᠳᠤᠮᠳᠠ ᠰᠣᠭᠲᠣᠭᠤᠷᠠᠵᠤ᠂ ᠭᠤᠶᠢᠳᠠ ᠰᠠᠶᠢᠬᠠᠨ ᠲᠣᠭᠯᠠᠯᠲᠠ ᠶᠢ ᠬᠠᠮᠲᠤ ᠪᠠᠷ ᠰᠣᠨᠢᠷᠬᠠᠵᠤ᠂ ᠰᠢᠨ᠎ᠡ ᠵᠢᠯ | ᠬᠦᠷᠴᠦ ᠢᠷᠡᠭᠰᠡᠨ ᠢ ᠬᠠᠮᠲᠤ ᠪᠠᠷ ᠪᠡᠯᠭᠡᠯᠡᠪᠡ᠃ | | | | | | | | ᠠᠵᠢᠯᠯᠠᠭ᠎ᠠ ᠨᠢ ᠠᠭᠤᠳᠠᠮ ᠲᠠᠯᠠᠪᠠᠢ ᠶᠢᠨ ᠪᠦᠵᠢᠭ ᠤᠨ ᠲᠤᠮᠳᠠ ᠬᠦᠰᠢᠭᠡ ᠪᠠᠨ ᠰᠡᠭᠦᠵᠦ᠂ ᠦᠵᠡᠭᠴᠢ ᠤᠯᠠᠨ ᠤ | ᠬᠠᠯᠠᠭᠤᠨ ᠠᠯᠠᠭ᠎ᠠ ᠲᠠᠰᠢᠯᠲᠠ ᠶᠢ ᠬᠦᠷᠳᠡᠪᠠ᠃ ᠲᠤᠬᠯᠠᠯᠲᠠ ᠳᠤ ᠪᠠᠰᠠ ᠭᠤᠴᠤᠯᠠᠯ ᠳᠠᠭᠤᠤ ︽ᠠᠮᠢᠨ ᠨᠤᠲᠤᠭ︾᠂ | ᠳᠥᠷᠪᠡᠨ ᠤᠲᠠᠰᠤᠲᠤ ᠬᠤᠭᠤᠷ ᠤᠨ ᠬᠦᠭᠵᠢᠮ ︽ᠮᠣᠷᠢ ᠤᠷᠤᠯᠳᠤᠬᠤ︾᠂ ᠮᠣᠷᠢᠨ ᠬᠤᠭᠤᠷ ᠤᠨ ᠬᠦᠭᠵᠢᠮ ︽ᠴᠠᠭᠠᠨ | ᠰᠠᠷ᠎ᠠ︾᠂ ᠪᠥᠵᠢᠭ ︽ᠲᠠᠯ᠎ᠠ ᠨᠤᠲᠤᠭ︾᠂ ︽ᠰᠢᠨᠡᠯᠡᠶ᠎ᠡ︾ ᠵᠡᠷᠭᠡ ᠭᠤᠶᠢᠳᠠ ᠰᠠᠶᠢᠬᠠᠨ ᠲᠣᠭᠯᠠᠯᠲᠠ ᠶᠢ ᠲᠤᠬᠢᠷᠠᠭᠤᠯᠵᠦ᠂ | ᠲᠠᠯ᠎ᠠ ᠨᠤᠲᠤᠭ᠂ ᠬᠦᠮᠦᠨ ᠠᠷᠡᠳ᠂ ᠪᠠᠶᠢᠭᠠᠯᠢ ᠤᠷᠴᠢᠨ ᠢᠶᠠᠨ ᠮᠠᠬᠳᠠᠨ ᠳᠠᠭᠤᠯᠠᠵᠦ᠂ ᠬᠤᠷᠠᠬᠰᠠᠨ ᠪᠦᠬᠦᠨ ᠤ ᠬᠠᠷᠠᠭ᠎ᠠ | ᠰᠤᠨᠤᠷ ᠢ ᠪᠠᠶᠠᠰᠬᠠᠵᠠᠢ᠃ ᠠᠵᠢᠯᠯᠠᠭ᠎ᠠ ᠳᠤ ᠭᠤᠶᠢᠳᠠ ᠰᠠᠶᠢᠬᠠᠨ ᠤᠷᠠᠨ ᠰᠠᠶᠢᠬᠠᠨ ᠤ ᠲᠣᠭᠯᠠᠯᠲᠠ ᠭᠠᠷᠭᠠᠬᠰᠠᠨ ᠢᠶᠠᠷ ᠪᠠᠷᠠᠬᠤ | ᠦᠭᠡᠢ ᠰᠣᠨᠢᠷᠬᠠᠯᠲᠠᠢ ᠵᠢᠵᠢᠭ ᠲᠣᠭᠯᠠᠭᠠᠮ᠂ ᠮᠡᠳᠡᠯᠭᠡ ᠶᠢᠨ ᠤᠷᠤᠯᠳᠤᠭᠠᠨ᠂ ᠬᠤᠤᠰ ᠤᠶᠠᠩᠭ᠎ᠠ ᠪᠢᠴᠢᠬᠦ᠂ ᠴᠠᠭᠠᠰᠦᠨ | ᠬᠠᠶᠢᠴᠢᠯᠠᠮᠠᠯ ᠬᠠᠶᠢᠴᠢᠯᠠᠬᠤ᠂ ᠪᠠᠩᠰᠢ ᠪᠠᠷᠢᠬᠤ ᠵᠡᠷᠭᠡ ᠠᠵᠢᠯᠯᠠᠭ᠎ᠠ ᠶᠢ ᠲᠤᠬᠢᠷᠠᠭᠤᠯᠵᠦ᠂ ᠤᠯᠠᠨ ᠢᠶᠠᠷ ᠢᠶᠠᠨ ᠢᠳᠡᠪᠬᠢᠲᠡᠢ | ᠣᠷᠣᠯᠴᠠᠵᠤ ᠲᠤᠬᠠᠶ ᠶᠢᠨ ᠲᠠᠯᠠᠪᠠᠶ ᠶᠢᠨ ᠠᠭᠤᠷ ᠠᠮᠢᠰᠬᠤᠯ ᠢ ᠪᠠᠶᠠᠷ ᠬᠦᠷ ᠢᠶᠠᠷ ᠪᠢᠯᠬᠠᠭᠤᠯᠵᠦ᠂ ᠬᠥᠮᠦᠨ ᠨᠢᠭᠡᠪᠦᠷᠢ ᠳᠤ | ᠰᠢᠨ᠎ᠡ ᠵᠢᠯ ᠤᠨ ᠪᠠᠶᠠᠷ ᠪᠠᠶᠠᠰᠤᠯ ᠪᠠ ᠠᠮᠢᠵᠢᠷᠠᠯ ᠤᠨ ᠬᠦᠴᠦᠨ ᠢ ᠮᠡᠳᠡᠷᠡᠭᠦᠯᠪᠡ᠃ | | | | | ᠡᠨᠡ ᠤᠳᠠᠭᠠᠨ ᠤ ᠠᠵᠢᠯᠯᠠᠭ᠎ᠠ ᠨᠢ ᠣᠯᠠᠨ ᠲᠦᠮᠡᠨ ᠤ ᠣᠶᠤᠨ ᠤ ᠪᠠ ᠰᠣᠶᠣᠯ ᠤᠨ ᠠᠮᠢᠳᠤᠷᠠᠯ ᠢ | ᠪᠠᠶᠠᠯᠢᠭᠵᠢᠭᠤᠯᠤᠬᠰᠠᠨ ᠢᠶᠠᠷ ᠪᠠᠷᠠᠬᠤ ᠦᠭᠡᠢ ᠤᠯᠠᠮᠵᠢᠯᠠᠯᠲᠤ ᠠᠷᠠᠳ ᠤᠨ ᠤᠷᠠᠯᠢᠭ ᠢ ᠣᠯᠠᠨ ᠲᠦᠮᠡᠨ ᠤ ᠳᠤᠮᠳᠠ | ᠦᠨᠳᠦᠰᠦᠯᠡᠭᠦᠯᠵᠦ᠂ ᠰᠢᠨ᠎ᠠ ᠵᠢᠯ ᠴᠠᠭᠠᠨ ᠰᠠᠷ᠎ᠠ ᠶᠢᠨ ᠠᠭᠤᠷ ᠠᠮᠢᠰᠬᠤᠯ ᠢ ᠦᠳᠭᠡᠷᠡᠭᠦᠯᠵᠦ᠂ ᠴᠠᠭᠠᠨ ᠰᠠᠷ᠎ᠠ ᠪᠠᠨ ᠪᠠᠶᠠᠷ | ᠪᠠᠶᠠᠰᠦᠯᠲᠠᠢ ᠦᠡᠭᠭᠡᠷᠡᠬᠦᠯᠬᠦ ᠳᠤ ᠴᠢᠬᠤᠯᠠ ᠤᠶᠢᠯᠡᠳᠦᠯ ᠦᠵᠡᠭᠦᠯᠵᠠᠢ᠃ | ᠪᠤᠶᠠᠨᠳᠡᠯᠭᠡᠷ ᠯᠢᠶᠠᠩ ᠽᠢ ᠵᠢᠩ ᠰᠡᠭᠦᠳᠡᠷᠯᠡᠨ ᠮᠡᠳᠡᠭᠡᠯᠡᠪᠠ | | | |