ᠵᠢᠮᠢᠰ ᠨᠤᠭᠤᠭ᠎ᠠ ᠲᠡᠭᠦᠬᠦ ᠬᠦᠷᠢᠶᠡᠯᠡᠩ ᠡᠷᠬᠢᠯᠡᠨ ᠠᠮᠢᠳᠤᠷᠠᠯ ᠢᠶᠠᠨ ᠦᠭᠡᠳᠡᠯᠡᠭᠦᠯᠦᠨ᠎ᠡ
ᠨᠡᠶᠢᠲᠡᠯᠡᠭᠰᠡᠨ ᠴᠠᠭ᠄
2025/1/9
       ● ᠰᠤᠷᠪᠤᠯᠵᠢᠯᠠᠭᠴᠢ ᠪᠠᠢ ᠴᠤᠯᠮᠤᠨ       ᠤᠶᠢᠷ᠎ᠠ ᠶᠢᠨ ᠬᠡᠳᠤᠨ ᠵᠢᠯ ᠬᠦᠮᠤᠰ ᠤᠨ ᠠᠮᠢᠳᠤᠷᠠᠯ ᠤᠨ ᠬᠢᠷᠢ ᠲᠦᠪᠰᠢᠨ ᠲᠡᠭᠡᠭᠰᠢᠯᠡᠭᠰᠡᠨ ᠵᠢᠴᠢ ᠰᠡᠯᠡᠬᠦᠴᠡᠯ ᠲᠠᠷᠢᠶᠠᠯᠠᠩ ᠢ ᠪᠡᠶᠡᠳᠠᠨ ᠤᠶᠢᠯᠠᠭᠠᠬᠤ ᠬᠠᠯᠠᠭᠤᠷᠠᠯ ᠪᠤᠢ ᠪᠤᠯᠬᠤ ᠶᠢ ᠲᠠᠭᠠᠯᠳᠤᠨ᠂ ᠵᠢᠮᠢᠰ ᠨᠤᠭᠤᠭ᠎ᠠ ᠲᠡᠬᠦᠬᠦ ᠬᠦᠷᠢᠶᠡᠯᠡᠩ ᠤᠨ ᠠᠵᠤ ᠦᠢᠯᠡᠰ ᠲᠠᠰᠤᠷᠠᠯᠳᠠ ᠦᠭᠡᠢ ᠬᠦᠭᠵᠢᠵᠤ᠂ ᠠᠷᠠᠳ ᠤᠯᠠᠨ ᠤ ᠠᠮᠠᠷᠠᠯᠳᠠ ᠶᠢᠨ ᠠᠮᠢᠳᠤᠷᠠᠯ ᠢ ᠪᠠᠶᠠᠯᠢᠭᠵᠢᠭᠤᠯᠤᠭᠰᠠᠨ ᠢᠶᠠᠷ ᠪᠠᠷᠠᠬᠤ ᠦᠭᠡᠢ ᠬᠦᠳᠡᠭᠡ ᠲᠤᠰᠬᠤᠨ ᠢ ᠬᠦᠭᠵᠢᠬᠦᠯᠤᠨ ᠮᠠᠨᠳᠤᠭᠤᠯᠬᠤ ᠳᠤ ᠰᠢᠨ᠎ᠠ ᠬᠦᠳᠡᠯᠭᠡᠭᠴᠢ ᠬᠦᠴᠤᠨ ᠬᠠᠩᠭᠠᠯ᠎ᠠ᠃       ᠤᠶᠢᠷ᠎ᠠ ᠶᠢᠨ ᠡᠳᠤᠷ᠂ ᠰᠤᠷᠪᠤᠯᠵᠢᠯᠠᠭᠴᠢ ᠤᠯᠠᠭᠠᠨᠬᠤᠳᠠ ᠶᠢᠨ ᠢᠯᠠᠯᠳᠠ ᠪᠠᠯᠭᠠᠰᠤᠨ ᠳᠤ ᠪᠠᠶᠢᠷᠢᠰᠢᠵᠤ ᠪᠠᠶᠢᠭ᠎ᠠ ︽ᠬᠤᠸᠠ ᠰᠢᠶᠠᠩ ᠬᠦᠵᠡᠯᠵᠡᠭᠡᠨ᠎ᠠ ᠲᠡᠬᠦᠬᠦ ᠬᠦᠷᠢᠶᠡᠯᠡᠩ︾ ᠳᠤ ᠬᠦᠷᠬᠦ ᠳᠤ᠂ ᠲᠤᠰ ᠬᠦᠷᠢᠶᠡᠯᠡᠩ ᠢ ᠡᠵᠡᠩᠨᠡᠵᠤ ᠪᠠᠶᠢᠭ᠎ᠠ ᠱᠢ ᠺᠧ ᠰᠢᠨ ᠬᠦᠵᠡᠯᠵᠡᠭᠡᠨ᠎ᠠ ᠶᠢᠨ ᠬᠦᠷᠢᠶᠡᠯᠡᠩ ᠳᠡᠭᠡᠨ ᠶᠠᠭᠠᠷᠠᠯᠳᠠᠢ ᠠᠵᠢᠯᠯᠠᠵᠤ ᠪᠠᠶᠢᠯ᠎ᠠ᠃ ᠬᠡᠳᠦ᠋ᠢᠪᠠᠷ ᠭᠠᠳᠠᠨ᠎ᠠ ᠠᠭᠤᠷ ᠠᠮᠢᠰᠬᠤᠯ ᠬᠦᠢᠳᠡᠨ ᠪᠤᠯᠪᠠᠴᠤ᠂ ᠬᠦᠯᠡᠮᠵᠢ ᠳᠤ ᠲᠦᠢᠯ ᠤᠨ ᠲᠤᠯᠠᠭᠠᠬᠠᠨ ᠪᠠᠶᠢᠵᠤ᠂ ᠤᠯᠠᠭᠠᠨ ᠬᠦᠵᠡᠯᠵᠡᠭᠡᠨ᠎ᠠ ᠨᠤᠭᠤᠭᠠᠨ ᠨᠠᠪᠴᠢ ᠲᠠᠢ ᠪᠠᠨ ᠦᠩᠭᠡ ᠢᠯᠭᠠᠷᠠᠨ ᠤᠷᠭᠤᠵᠤ ᠬᠦᠮᠤᠰ ᠤᠨ ᠪᠠᠭ᠋ᠠᠷᠬᠠᠯ ᠢ ᠲᠠᠳᠠᠨ᠂ ᠰᠠᠭᠰᠤ ᠲᠤᠬᠤᠶᠢᠯᠠᠭᠰᠠᠨ ᠵᠢᠭᠤᠯᠴᠢᠯᠠᠭᠴᠢ ᠪᠠ ᠬᠤᠳᠠ ᠶᠢᠨ ᠰᠠᠭᠤᠭᠠᠯᠢ ᠠᠷᠠᠳ ᠬᠦᠵᠡᠯᠵᠡᠭᠡᠨ᠎ᠠ ᠲᠡᠬᠦᠭᠡᠳ ᠬᠦᠷ ᠨᠠᠷᠬᠢᠶᠠᠨ ᠢᠶᠠᠷ ᠪᠢᠯᠬᠠᠨ᠎ᠠ᠃ ︽ᠲᠤᠰ ᠬᠦᠷᠢᠶᠡᠯᠡᠩ ᠳᠡᠭᠡᠨ ᠪᠢᠳᠡ ᠤᠶᠢᠷ᠎ᠠ ᠶᠢᠨ ᠬᠡᠳᠤᠨ ᠡᠳᠤᠷ ᠰᠠᠶ᠋ᠢ ᠵᠢᠭᠤᠯᠴᠢᠯᠠᠭᠴᠢ ᠶᠢ ᠤᠭᠳᠤᠨ ᠠᠪᠤᠯ᠎ᠠ᠃ ᠤᠳᠤᠬᠠᠨ ᠳᠤ 3 ᠬᠦᠯᠡᠮᠵᠢ ᠬᠦᠵᠡᠯᠵᠡᠭᠡᠨ᠎ᠠ ᠠᠴᠠ ᠭᠠᠳᠠᠨ᠎ᠠ ᠪᠠᠰᠠ 1 ᠬᠦᠯᠡᠮᠵᠢ ᠲᠦᠪᠡᠳ ᠬᠠᠰᠢ ᠪᠤᠢ᠃ ᠬᠦᠷᠢᠶᠡᠯᠡᠩ ᠨᠡᠭᠡᠭᠡᠭᠰᠡᠨ ᠡᠳᠤᠷ ᠲᠤ᠂ ᠤᠶᠢᠷ᠎ᠠ ᠬᠠᠪᠢ ᠶᠢᠨ ᠵᠢᠭᠤᠯᠴᠢᠯᠠᠭᠴᠢᠳ ᠪᠠ ᠬᠤᠳᠠ ᠶᠢᠨ ᠠᠷᠠᠳ ᠬᠦᠵᠡᠯᠵᠡᠭᠡᠨ᠎ᠠ᠂ ᠲᠦᠪᠡᠳ ᠬᠠᠰᠢ ᠲᠡᠬᠦᠬᠦ ᠪᠠᠷ ᠢᠷᠡᠪᠡ︾ ᠭᠡᠵᠤ ᠱᠢ ᠺᠧ ᠰᠢᠨ ᠲᠠᠨᠢᠯᠴᠠᠭᠤᠯᠤᠨ᠎ᠠ᠃       ᠱᠢ ᠺᠧ ᠰᠢᠨ᠂ ᠶᠠᠩ ᠳ᠋ᠧ ᠬᠤᠸᠠ ᠡᠷ᠎ᠠ ᠡᠮ᠎ᠠ ᠬᠤᠶᠠᠭᠤᠯᠠ ᠪᠠᠨ ᠵᠢᠮᠢᠰ ᠨᠤᠭᠤᠭ᠎ᠠ ᠲᠡᠬᠦᠬᠦ ᠬᠦᠷᠢᠶᠡᠯᠡᠩ ᠡᠵᠡᠩᠨᠡᠭᠡᠳ 8 ᠵᠢᠯ ᠪᠤᠯᠵᠤ ᠪᠤᠢ᠃ ᠲᠡᠳᠠ ᠨᠡᠶᠢᠳᠠ 15 ᠬᠦᠯᠡᠮᠵᠢ ᠡᠵᠡᠩᠨᠡᠨ᠂ ᠬᠦᠵᠡᠯᠵᠡᠭᠡᠨ᠎ᠠ ᠲᠠᠷᠢᠬᠤ ᠪᠠᠷ ᠭᠤᠤᠯᠯᠠᠬᠤ ᠠᠴᠠ ᠭᠠᠳᠠᠨ᠎ᠠ ᠠᠮᠳᠠᠳᠤ ᠭᠤᠸᠠ᠂ ᠲᠠᠷᠪᠤᠰ᠂ ᠲᠦᠪᠡᠳ ᠬᠠᠰᠢ᠂ ᠦᠨᠤᠷᠳᠤ ᠨᠤᠭᠤᠭ᠎ᠠ ᠵᠡᠷᠭᠡ ᠶᠢ ᠲᠠᠷᠢᠵᠤ ᠪᠤᠢ᠃ ︽ᠡᠮᠤᠨ᠎ᠠ ᠬᠡᠳᠤᠨ ᠵᠢᠯ ᠯᠢᠶᠤᠤᠨᠢᠩ ᠮᠤᠵᠢ ᠶᠢᠨ ᠳ᠋ᠠᠨ ᠳ᠋ᠦᠩ ᠬᠤᠳᠠ ᠳᠤ ᠬᠦᠷᠴᠤ ᠬᠦᠵᠡᠯᠵᠡᠭᠡᠨ᠎ᠠ ᠲᠠᠷᠢᠬᠤ ᠮᠡᠷᠭᠡᠵᠢᠯ ᠰᠤᠷᠤᠯᠴᠠᠪᠠ᠃ ᠬᠦᠵᠡᠯᠵᠡᠭᠡᠨ᠎ᠠ ᠡᠬᠢᠯᠡᠵᠤ ᠲᠠᠷᠢᠬᠤ ᠳᠤ ᠭᠠᠳᠠᠨ᠎ᠠ ᠭᠠᠵᠠᠷ ᠠᠴᠠ ᠴᠢᠬᠢ ᠬᠤᠳᠠᠯᠳᠤᠨ ᠠᠪᠴᠤ ᠪᠠᠶᠢᠵᠠᠢ᠃ ᠲᠤᠬᠠᠢ ᠶᠢᠨ ᠦᠶ᠎ᠠ ᠳᠤ ᠲᠤᠷᠰᠢᠯᠭ᠎ᠠ ᠲᠤᠳᠠᠮᠠᠭ ᠠᠴᠠ ᠬᠦᠵᠡᠯᠵᠡᠭᠡᠨ᠎ᠠ ᠶᠢᠨ ᠤᠷᠭᠤᠴᠠ ᠮᠠᠭᠤ ᠮᠦᠷᠳᠡᠬᠡᠨ ᠠᠮᠳᠠ ᠪᠠᠷ ᠠᠨᠠᠢ ᠪᠠᠶᠢᠵᠤ᠂ ᠲᠡᠮᠠᠢ ᠤᠷᠤᠯᠭ᠎ᠠ ᠡᠬᠦᠳᠴᠤ ᠴᠢᠳᠠᠭᠰᠠ ᠦᠭᠡᠢ᠃ ᠲᠡᠭᠡᠭᠡᠳ ᠪᠢᠳᠠ ᠵᠢᠯ ᠪᠦᠷᠢ ᠭᠠᠳᠠᠨ᠎ᠠ ᠭᠠᠷᠴᠤ ᠰᠤᠷᠤᠯᠴᠠᠬᠤ ᠶᠢᠨ ᠲᠠᠭᠠᠥ ᠮᠠᠨ ᠤ ᠡ᠊ᠨᠳᠠᠬᠢ ᠭᠠᠵᠠᠷ ᠤᠷᠤᠨ ᠤ ᠪᠠᠶᠢᠳᠠᠯ ᠳᠠᠭᠠᠨ ᠵᠤᠬᠢᠴᠠᠭᠤᠯᠤᠨ᠂ ᠠᠭᠠᠵᠢᠮ ᠢᠶᠠᠷ ᠰᠦᠪᠡᠭᠴᠢᠯᠡᠭᠰᠡᠭᠡᠷ ᠬᠦᠵᠡᠯᠵᠡᠭᠡᠨ᠎ᠠ ᠲᠠᠷᠢᠵᠤ ᠤᠷᠭᠤᠭᠤᠯᠬᠤ ᠮᠡᠷᠭᠡᠵᠢᠯ ᠢᠶᠠᠨ ᠲᠡᠭᠡᠭᠰᠢᠯᠡᠬᠦᠯᠵᠤ᠂ ᠤᠳᠤᠬᠠᠨ ᠳᠤ ᠦᠪᠠᠷ ᠢᠶᠠᠨ ᠴᠢᠬᠢ ᠪᠤᠶᠢᠵᠢᠭᠤᠯᠵᠤ ᠴᠢᠳᠠᠭᠰᠠᠨ ᠨᠢ ᠦᠪᠠᠷ ᠤᠨ ᠦᠷᠳᠡᠭ ᠢ ᠪᠠᠰᠠ ᠶᠡᠬᠡᠪᠠᠷ ᠪᠠᠭᠤᠷᠠᠭᠤᠯᠵᠠᠢ︾ ᠭᠡᠵᠤ ᠱᠢ ᠺᠧ ᠰᠢᠨ ᠬᠡᠳᠤᠨ ᠵᠢᠯ ᠬᠦᠵᠡᠯᠵᠡᠭᠡᠨ᠎ᠠ ᠲᠠᠷᠢᠭᠰᠠᠨ ᠳᠤᠷᠰᠢᠯᠭ᠎ᠠ ᠪᠠᠨ ᠶᠠᠷᠢᠨ᠎ᠠ᠃ ᠬᠦᠵᠡᠯᠵᠡᠭᠡᠨ᠎ᠠ ᠲᠠᠷᠢᠬᠤ ᠳᠤ᠂ ᠵᠢᠯ ᠤᠨ ᠲᠦᠷᠪᠡᠨ ᠤᠯᠠᠷᠢᠯ ᠳᠤ ᠬᠦᠮᠤᠨ ᠤ ᠬᠠᠮᠢᠶᠠᠷᠤᠯᠳᠠ ᠠᠴᠠ ᠰᠠᠯᠵᠤ ᠴᠢᠳᠠᠬᠤ ᠦᠭᠡᠢ ᠪᠠᠶᠢᠵᠤ᠂ ᠤᠳᠤᠬᠠᠨ ᠤ ᠡᠵᠡᠩᠨᠡᠵᠤ ᠪᠠᠶᠢᠭ᠎ᠠ ᠬᠦᠵᠡᠯᠵᠡᠭᠡᠨ᠎ᠠ ᠨᠢ ᠡ᠊ᠨᠠ ᠵᠢᠯ ᠤᠨ 6 ᠰᠠᠷ᠎ᠠ ᠪᠤᠯᠳᠠᠯ᠎ᠠ ᠲᠡᠬᠦᠵᠤ ᠳᠡᠶᠢᠯᠦᠨ᠎ᠡ᠂ ᠲᠠᠬᠢᠨ ᠬᠦᠵᠡᠯᠵᠡᠭᠡᠨ᠎ᠠ ᠲᠠᠷᠢᠭᠰᠠᠨ ᠭᠠᠵᠠᠷ ᠢᠶᠠᠨ ᠠᠷᠢᠭᠤᠳᠬᠠᠬᠤ᠂ ᠲᠠᠯᠠᠩ ᠲᠡᠭᠰᠢᠯᠡᠬᠦ ᠵᠡᠷᠭᠡ ᠠᠵᠢᠯ ᠢ ᠬᠢᠵᠤ᠂ 9 ᠰᠠᠷ᠎ᠠ ᠶᠢᠨ ᠦᠶ᠎ᠠ ᠪᠠᠷ ᠲᠠᠬᠢᠨ ᠬᠦᠵᠡᠯᠵᠡᠭᠡᠨ᠎ᠠ ᠲᠠᠷᠢᠵᠤ᠂ ᠲᠠᠷᠠᠭ᠎ᠠ ᠵᠢᠯ ᠤᠨ 6 ᠰᠠᠷ᠎ᠠ ᠪᠤᠯᠳᠠᠯ᠎ᠠ ᠡᠵᠡᠩᠨᠡᠨ᠂ ᠵᠢᠯ ᠪᠦᠷᠢ ᠢᠩᠬᠢᠵᠤ ᠡᠭᠡᠯᠵᠢᠯᠡᠨ ᠳᠠᠷᠢᠨ᠎ᠠ᠃ ᠡᠩ ᠤᠨ ᠦᠶ᠎ᠠ ᠳᠤ ᠱᠢ ᠺᠧ ᠰᠢᠨ ᠡᠷ᠎ᠠ ᠡᠮ᠎ᠠ ᠬᠤᠶᠠᠭᠤᠯᠠ ᠪᠠᠨ ᠬᠦᠯᠡᠮᠵᠢ ᠪᠠᠨ ᠠᠷᠠᠴᠢᠯᠠᠨ᠂ ᠴᠢᠬᠢ ᠪᠤᠶᠢᠵᠢᠭᠤᠯᠬᠤ ᠳᠤ ᠢᠯᠠᠯᠳᠠ ᠭᠠᠴᠠᠭᠠᠨ ᠤ 10 ᠭᠠᠷᠤᠢ ᠲᠠᠷᠢᠶᠠᠴᠢᠨ ᠢ ᠬᠦᠯᠤᠰᠤᠯᠠᠨ ᠵᠠᠷᠤᠵᠤ᠂ ᠬᠦᠮᠤᠨ ᠪᠦᠷᠢ ᠳᠤ ᠡᠳᠤᠷ ᠲᠤ 100 ᠭᠠᠷᠤᠢ ᠲᠦᠬᠦᠷᠢᠭ ᠦᠭᠴᠤ᠂ ᠤᠶᠢᠷ᠎ᠠ ᠬᠠᠪᠢ ᠶᠢᠨ ᠠᠷᠠᠳ ᠢ ᠲᠠᠶᠢᠴᠢᠯᠠᠨ ᠤᠷᠤᠯᠭ᠎ᠠ ᠶᠢ ᠨᠢ ᠨᠡᠮᠡᠭᠳᠡᠬᠦᠯᠵᠤ ᠪᠠᠶᠢᠨ᠎ᠠ᠃       ︽ᠦᠨᠤᠳᠤᠷ ᠤᠨ ᠭᠠᠷᠠᠭ ᠤᠨ ᠠᠮᠠᠷᠠᠯᠳᠠ ᠪᠠᠷ ᠪᠢᠳᠠ 3 ᠠᠮᠠᠭᠤᠯᠠ ᠪᠠ ᠬᠤᠶᠠᠷ ᠨᠠᠶᠢᠵᠠ ᠲᠠᠢ ᠪᠠᠨ ᠵᠢᠮᠢᠰ ᠨᠤᠭᠤᠭ᠎ᠠ ᠲᠡᠬᠦᠬᠦ ᠶᠢ ᠪᠡᠶᠡᠳᠠᠨ ᠤᠶᠢᠯᠠᠭᠠᠬᠤ ᠪᠠᠷ ᠢᠷᠡᠪᠡ᠃ ᠬᠤᠳᠠ ᠶᠢᠨ ᠤᠶᠢᠷ᠎ᠠ ᠬᠠᠪᠢ ᠪᠠᠷ ᠡᠶᠢᠮᠤᠷᠬᠦᠥ ᠵᠢᠮᠢᠰ ᠨᠤᠭᠤᠭ᠎ᠠ ᠲᠡᠬᠦᠬᠦ ᠬᠦᠷᠢᠶᠡᠯᠡᠩ ᠪᠠᠶᠢᠬᠤ ᠨᠢ ᠪᠢᠳᠠᠨ ᠤ ᠠᠮᠠᠷᠠᠯᠳᠠ ᠶᠢᠨ ᠠᠮᠢᠳᠤᠷᠠᠯ ᠢ ᠪᠠᠶᠠᠯᠢᠭᠵᠢᠭᠤᠯᠤᠭᠰᠠᠨ ᠢᠶᠠᠷ ᠪᠠᠷᠠᠬᠤ ᠦᠭᠡᠢ ᠬᠦᠯᠡᠮᠵᠢ ᠠᠴᠠ ᠰᠢᠨ᠎ᠠ ᠰᠤᠷᠭᠤᠭ ᠵᠢᠮᠢᠰ ᠨᠤᠭᠤᠭ᠎ᠠ ᠤᠯᠵᠤ ᠢᠳᠠᠵᠤ ᠲᠡᠶᠢᠯᠤᠨ᠎ᠠ︾ ᠭᠡᠵᠤ ᠤᠯᠠᠭᠠᠨᠬᠤᠳᠠ ᠶᠢᠨ ᠠᠷᠠᠳ ᠤᠣ ᠢ ᠷᠠᠨ ᠪᠠᠶᠠᠷᠳᠠᠢ ᠶᠠᠷᠢᠨ᠎ᠠ᠃       ᠤᠳᠤᠬᠠᠨ ᠳᠤ᠂ ᠲᠠᠳᠠᠨᠠᠶᠢᠬᠢᠨ ᠰᠢᠬᠢᠷᠯᠢᠭ ᠬᠦᠵᠡᠯᠵᠡᠭᠡᠨ᠎ᠠ᠂ ᠳ᠋ᠠᠨ ᠳ᠋ᠦᠩ 99 ᠬᠦᠵᠡᠯᠵᠡᠭᠡᠨ᠎ᠠ ᠵᠡᠷᠭᠡ 5 ᠬᠦᠵᠡᠯᠵᠡᠭᠡᠨ᠎ᠠ ᠶᠢᠨ ᠲᠦᠷᠤᠯ ᠵᠦᠢᠯ ᠲᠠᠢ᠂ ᠲᠡᠳᠠ ᠬᠤᠶᠠᠭᠤᠯᠠ ᠶᠢᠨ ᠰᠠᠶᠢᠳᠤᠷ ᠠᠷᠠᠴᠢᠯᠠᠭ᠎ᠠ ᠪᠠᠷ ᠨᠢᠭᠡ ᠡᠭᠡᠯᠵᠢ ᠳᠤ ᠪᠠᠷᠤᠭ ᠲᠦᠮᠡᠨ ᠵᠢᠩ ᠤᠷᠴᠢᠮ ᠤᠨ ᠬᠦᠵᠡᠯᠵᠡᠭᠡᠨ᠎ᠠ ᠬᠤᠳᠠᠯᠳᠤᠵᠤ᠂ ᠠᠮᠢᠳᠤᠷᠠᠯ ᠨᠢ ᠡᠳᠤᠷ ᠠᠴᠠ ᠡᠳᠤᠷ ᠦᠭᠡᠳᠡᠯᠡᠵᠤ ᠪᠠᠶᠢᠨ᠎ᠠ᠃
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号