| ︽ᠵᠢᠷᠭᠤᠭᠠᠨ ᠠᠵᠢᠯᠯᠠᠭ᠎ᠠ︾ ᠶᠢ ᠠᠬᠢᠭᠤᠯᠵᠦ᠂ ᠨᠢᠭᠡᠳᠦᠭᠡᠷ ᠤᠯᠠᠷᠢᠯ ᠤᠨ ᠠᠵᠦ ᠠᠬᠤᠢ ᠶᠢᠨ ︽ᠰᠠᠶᠢᠨ | ᠡᠬᠢᠯᠡᠯᠳᠡ︾ ᠶᠢ ᠪᠦᠬᠦ ᠬᠦᠴᠦᠨ ᠢᠶᠠᠷ ᠢᠶᠠᠨ ᠠᠳᠬᠤᠬᠤ ᠶᠢᠨ ᠲᠦᠯᠦᠭᠡ᠂ 2 ᠰᠠᠷ᠎ᠠ ᠶᠢᠨ 6 ᠠᠴᠠ 8 ᠤ ᠡᠳᠦᠷ | ᠪᠤᠯᠳᠠᠯ᠎ᠠ᠂ ᠬᠢᠩᠭᠠᠨ ᠠᠶᠢᠮᠠᠭ ᠤᠨ ᠨᠠᠮ ᠤᠨ ᠬᠤᠷᠢᠶᠠᠨ ᠤ ᠱᠦᠵᠢ ᠰᠦᠬᠡ᠂ ᠠᠶᠢᠮᠠᠭ ᠤᠨ ᠨᠠᠮ ᠤᠨ ᠬᠤᠷᠢᠶᠠᠨ ᠤ | ᠳᠡᠳ᠋ ᠱᠦᠵᠢ᠂ ᠠᠶᠢᠮᠠᠭ ᠤᠨ ᠳᠠᠷᠤᠭ᠎ᠠ ᠢᠦᠢ ᠵᠢᠢ ᠱᠦᠨ ᠬᠢᠩᠭᠠᠨ ᠠᠶᠢᠮᠠᠭ ᠤᠨ ᠨᠠᠮ ᠵᠠᠰᠠᠭ ᠤᠨ ᠰᠢᠨᠵᠢᠯᠡᠨ | ᠪᠠᠶᠢᠴᠠᠭᠠᠬᠤ ᠪᠦᠯᠬᠦᠮ ᠢ ᠳᠠᠭᠠᠭᠤᠯᠤᠨ ᠱᠠᠨᠳᠦ᠋ᠩ ᠮᠤᠵᠢ ᠶᠢᠨ ᠾᠧ ᠽᠢ᠂ ᠲᠠᠢ ᠠᠨ᠂ ᠪᠢᠨ ᠵᠧᠦ᠂ ᠸᠧᠢ ᠹᠠᠩ | ᠵᠡᠷᠭᠡ ᠭᠠᠵᠠᠷ ᠤᠷᠤᠨ ᠤ ᠬᠠᠮᠳᠤᠷᠠᠯᠴᠠᠭ᠎ᠠ ᠶᠢ ᠠᠬᠢᠭᠤᠯᠵᠦ᠂ ᠲᠠᠭᠠᠭᠤᠯᠤᠭᠴᠢ ᠠᠵᠤ ᠠᠬᠤᠶᠢᠯᠠᠯ ᠲᠠᠢ ᠠᠵᠢᠯ | ᠵᠣᠯᠭᠠᠭᠤᠯᠵᠤ᠂ ᠠᠷᠠᠯᠵᠢᠶᠠᠴᠢᠨ ᠤᠷᠢᠵᠤ ᠪᠡᠯᠡ ᠣᠷᠣᠭᠤᠯᠬᠤ ᠠᠵᠢᠯᠯᠠᠭ᠎ᠠ ᠦᠷᠨᠢᠬᠦᠯᠪᠡ᠃ | ᠬᠤᠸᠠ ᠷᠦᠢ ᠪᠦᠯᠦᠭᠯᠡᠯ ᠳᠤ᠂ ᠬᠤᠶᠠᠷ ᠲᠠᠯ᠎ᠠ ᠪᠠᠷ ᠢᠶᠠᠨ ᠬᠢᠩᠭᠠᠨ ᠠᠳᠠᠷ ᠬᠠᠭᠠᠯᠪᠤᠷᠢᠯᠠᠯᠳᠠ ᠶᠢᠨ ᠪᠦᠯᠦᠭᠯᠡᠯ | ᠪᠤᠯᠤᠨ ᠬᠤᠸᠠ ᠷᠦᠢ ᠪᠦᠯᠦᠭᠯᠡᠯ ᠤᠨ ᠭᠤᠯᠢᠷ ᠤᠨ ᠠᠵᠤ ᠦᠢᠯᠡᠰ ᠤᠨ ᠬᠠᠮᠲᠤᠷᠠᠯᠴᠠᠭ᠎ᠠ ᠶᠢ ᠠᠬᠢᠭᠤᠯᠵᠦ᠂ ᠠᠳᠠᠷ | ᠬᠠᠭᠠᠯᠪᠤᠷᠢᠯᠠᠯᠲᠠ ᠶᠢᠨ ᠲᠦᠷᠦᠯ ᠲᠡᠮᠳᠡᠭ ᠢ ᠡᠭᠦᠳᠬᠦ ᠲᠤᠬᠠᠢ ᠬᠠᠮᠲᠤᠷᠠᠯᠴᠠᠭᠠᠨ ᠤ ᠵᠥᠪᠯᠡᠯᠴᠡᠭᠡᠷ ᠲᠤᠭᠳᠠᠪᠠ᠃ ᠪᠤᠤ | ᠯᠠᠢ ᠯᠢ ᠯᠠᠢ ᠠᠮᠢᠳᠤ ᠪᠣᠳᠠᠰ ᠤᠨ ᠪᠦᠯᠦᠭᠯᠡᠯ ᠳᠤ ᠬᠤᠶᠠᠷ ᠲᠠᠯ᠎ᠠ ᠪᠠᠷ ᠢᠶᠠᠨ ᠠᠮᠢᠳᠤ ᠪᠣᠳᠠᠰ ᠤᠨ ᠪᠠᠺᠲ᠋ᠧᠷᠢ ᠶᠢᠨ ᠡᠮ | ᠡᠳ᠋ᠰᠢᠭᠦᠯᠬᠦ᠂ ᠮᠢᠬᠠᠨ ᠬᠤᠨᠢᠨ ᠤ ᠠᠵᠦ ᠦᠢᠯᠡᠰ ᠤᠨ ᠬᠦᠷᠢᠶᠡᠯᠡᠩ᠂ ᠰᠢᠨᠵᠢᠯᠡᠬᠦ ᠤᠬᠠᠭᠠᠨ ᠮᠡᠷᠭᠡᠵᠢᠯ ᠤᠨ | ᠦᠢᠯᠡᠴᠢᠯᠡᠭᠡᠨ ᠤ ᠦᠷᠲᠡᠭᠡ ᠵᠡᠷᠭᠡ ᠲᠦᠷᠦᠯ ᠵᠦᠢᠯ ᠢ ᠪᠠᠶᠢᠭᠤᠯᠬᠤ ᠲᠤᠬᠠᠢ ᠬᠠᠮᠳᠦ ᠶᠢᠨ ᠲᠠᠨᠢᠯᠳᠠ ᠲᠠᠢ ᠪᠤᠯᠪᠠ᠃ | ᠬᠤᠸᠠ ᠶᠠᠩ ᠪᠦᠯᠦᠭᠯᠡᠯ ᠳᠤ᠂ ᠬᠤᠶᠠᠷ ᠲᠠᠯ᠎ᠠ ᠪᠠᠷ ᠢᠶᠠᠨ ᠮᠥᠩᠭᠦᠨ ᠭᠦᠢᠯᠭᠡᠭᠡᠨ ᠤ ᠳᠡᠮᠵᠢᠯᠭᠡ ᠶᠢ ᠭᠦᠨᠵᠡᠭᠡᠶᠢᠷᠡᠭᠦᠯᠬᠦ᠂ | ᠦᠢᠯᠡᠳᠪᠦᠷᠢᠯᠡᠯ ᠤᠨ ᠴᠢᠳᠠᠪᠤᠷᠢ ᠶᠢ ᠦᠷᠭᠡᠳᠭᠡᠬᠦ ᠵᠡᠷᠭᠡ ᠲᠤᠭᠤᠷᠢᠨ ᠳᠤ ᠰᠠᠨᠠᠯ ᠢᠶᠠᠨ ᠬᠦᠨᠵᠡᠭᠡᠢ ᠰᠤᠯᠢᠯᠴᠠᠵᠦ᠂ | ᠲᠦᠷᠦᠯ ᠵᠦᠢᠯ ᠢ ᠠᠬᠢᠭᠤᠯᠤᠨ ᠦᠢᠯᠡᠳᠪᠦᠷᠢᠯᠡᠯ ᠢ ᠨᠡᠮᠡᠭᠳᠡᠭᠦᠯᠵᠦ ᠦᠷ᠎ᠡ ᠠᠰᠢᠭ ᠢ ᠳᠡᠭᠡᠭᠰᠢᠯᠡᠭᠦᠯᠬᠦ ᠶᠢ ᠪᠦᠬᠦ | ᠬᠦᠴᠦᠨ ᠢᠶᠠᠷ ᠢᠶᠠᠨ ᠠᠬᠢᠭᠤᠯᠤᠨ᠎ᠠ ᠭᠡᠵᠦ ᠰᠠᠨᠠᠯ ᠨᠢᠭᠡᠳᠡᠢ ᠢᠯᠡᠳᠭᠡᠪᠡ᠃ ᠴᠤᠸᠠᠩ ᠰᠢᠨ ᠪᠦᠯᠦᠭᠯᠡᠯ ᠳᠤ᠂ ᠬᠤᠶᠠᠷ | ᠲᠠᠯ᠎ᠠ ᠪᠠᠷ ᠢᠶᠠᠨ ᠰᠢᠨ᠎ᠡ ᠡᠨᠧᠷᠭᠢ ᠶᠢᠨ ᠣᠷᠣᠨ ᠪᠦᠰᠡ ᠠᠯᠤᠰᠯᠠᠭᠰᠠᠨ ᠬᠠᠮᠲᠤᠷᠠᠯᠴᠠᠭ᠎ᠠ ᠶᠢ ᠭᠦᠨᠵᠡᠭᠡᠢ | ᠬᠡᠷᠡᠭᠵᠢᠭᠦᠯᠵᠦ᠂ ᠡᠨᠧᠷᠭᠢ ᠬᠠᠳᠠᠭᠠᠯᠠᠬᠤ᠂ ᠪᠤᠬᠢᠷᠳᠤᠯ ᠦᠭᠡᠢ ᠴᠠᠬᠢᠭᠤᠷ ᠤᠨ ᠠᠵᠦ ᠦᠢᠯᠡᠰ ᠤᠨ ᠬᠡᠯᠬᠢᠶ᠎ᠡ ᠶᠢᠨ | ᠲᠦᠷᠦᠯ ᠵᠦᠢᠯ ᠢ ᠠᠬᠢᠭᠤᠯᠵᠦ᠂ ᠡᠷᠲᠡᠬᠡᠨ ᠬᠡᠷᠡᠭᠵᠢᠭᠦᠯᠬᠦ ᠪᠠᠷ ᠴᠢᠷᠮᠠᠶᠢᠨ᠎ᠠ ᠭᠡᠵᠦ ᠢᠯᠡᠳᠭᠡᠪᠡ᠃ ᠱᠸᠤ ᠭᠤᠸᠠᠩ | ᠲᠠᠷᠢᠶᠠᠯᠠᠩ ᠤᠨ ᠬᠤᠪᠢ ᠡᠵᠡᠮᠳᠡᠬᠦ ᠪᠦᠯᠦᠭᠯᠡᠯ ᠳᠤ᠂ ᠬᠤᠶᠠᠷ ᠲᠠᠯ᠎ᠠ ᠪᠠᠷ ᠢᠶᠠᠨ ᠤᠳᠤ ᠦᠶ᠎ᠡ ᠶᠢᠨ ᠲᠦᠬᠦᠭᠡᠷᠦᠮᠵᠢᠳᠦ | ᠲᠠᠷᠢᠶᠠᠯᠠᠩ ᠤᠨ ᠠᠵᠦ ᠦᠢᠯᠡᠰ ᠤᠨ ᠬᠦᠷᠢᠶᠡᠯᠡᠩ ᠤᠨ ᠨᠢᠭᠡᠳᠦᠭᠡᠷ ᠬᠤᠭᠤᠴᠠᠭᠠᠨ ᠤ ᠲᠦᠷᠦᠯ ᠵᠦᠢᠯ ᠢ ᠡᠨᠡ ᠵᠢᠯ ᠳᠤ | ᠠᠰᠢᠭᠯᠠᠯᠳᠠ ᠳᠤ ᠤᠷᠤᠭᠤᠯᠬᠤ ᠲᠤᠬᠠᠢ ᠬᠠᠮᠳᠦ ᠶᠢᠨ ᠲᠠᠨᠢᠯᠳᠠ ᠲᠠᠢ ᠪᠤᠯᠪᠠ᠃ ᠶᠤᠸᠠᠨ ᠯᠢ ᠬᠢᠮᠢ ᠶᠢᠨ | ᠪᠦᠯᠦᠭᠯᠡᠯ ᠳᠤ᠂ ᠬᠤᠶᠠᠷ ᠲᠠᠯ᠎ᠠ ᠪᠠᠷ ᠢᠶᠠᠨ ᠠᠮᠢᠳᠤ ᠪᠣᠳᠠᠰ ᠤᠨ ᠰᠢᠨ᠎ᠡ ᠮᠠᠲ᠋ᠧᠷᠢᠶᠠᠯ ᠤᠨ ᠲᠦᠷᠦᠯ ᠵᠦᠢᠯ ᠤᠨ | ᠪᠠᠶᠢᠭᠤᠯᠤᠯᠲᠠ ᠶᠢ ᠪᠦᠬᠦ ᠬᠦᠴᠦᠨ ᠢᠶᠠᠷ ᠠᠬᠢᠭᠤᠯᠵᠤ᠂ ᠠᠵᠤ ᠠᠬᠤᠶᠢᠯᠠᠯ ᠤᠨ ᠥᠪᠡᠷ ᠤᠨ ᠦᠷᠳᠡᠭ ᠢ | ᠪᠠᠭᠤᠷᠠᠭᠤᠯᠵᠤ ᠦᠷ᠎ᠠ ᠠᠰᠢᠭ ᠢ ᠨᠡᠮᠡᠭᠳᠡᠬᠦᠯᠬᠦ ᠵᠡᠷᠭᠡ ᠬᠦᠴᠢᠷ ᠠᠰᠠᠭᠤᠳᠠᠯ ᠢ ᠬᠠᠮᠳᠦᠪᠡᠷ ᠰᠶᠢᠳᠪᠦᠷᠢᠯᠡᠵᠦ᠂ ᠲᠦᠷᠦᠯ | ᠵᠦᠢᠯ ᠤᠨ ᠡᠷᠲᠡᠬᠡᠨ ᠠᠰᠢᠭᠯᠠᠯᠲᠠ ᠳᠤ ᠣᠷᠣᠵᠤ ᠦᠷ᠎ᠡ ᠠᠰᠢᠭ ᠤᠯᠬᠤ ᠶᠢ ᠠᠬᠢᠭᠤᠯᠤᠨ᠎ᠠ ᠭᠡᠵᠦ ᠢᠯᠡᠳᠭᠡᠪᠡ᠃ | ᠰᠢᠨᠵᠢᠯᠡᠨ ᠪᠠᠶᠢᠴᠠᠭᠠᠬᠤ ᠬᠤᠭᠤᠴᠠᠭᠠᠨ ᠳᠤ᠂ ᠰᠦᠬᠡ᠂ ᠢᠦᠢ ᠵᠢᠢ ᠱᠦᠨ ᠤᠷᠢᠳ ᠬᠤᠵᠢᠳ ᠾᠧ ᠽᠧ | ᠬᠤᠳᠠ᠂ ᠱᠸᠤ ᠭᠤᠸᠠᠩ ᠬᠤᠳᠠ᠂ ᠶᠠᠩ ᠰᠢᠨ ᠰᠢᠶᠠᠨ ᠤ ᠬᠤᠯᠪᠣᠭᠳᠠᠯ ᠪᠦᠬᠦᠢ ᠬᠠᠷᠢᠭᠤᠴᠠᠯᠭᠠᠲᠠᠨ ᠨᠥᠬᠦᠳ ᠲᠠᠢ | ᠬᠤᠶᠠᠷ ᠭᠠᠵᠠᠷ ᠤᠨ ᠣᠷᠣᠨ ᠪᠦᠰᠡ ᠶᠢᠨ ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠬᠦ ᠲᠤᠬᠠᠢ ᠰᠠᠨᠠᠯ ᠢᠶᠠᠨ ᠰᠣᠯᠢᠯᠴᠠᠪᠠ᠃ | | ᠠᠶᠢᠮᠠᠭ ᠤᠨ ᠤᠳᠤᠷᠢᠳᠤᠯᠭ᠎ᠠ ᠯᠢᠶᠠᠨ ᠳ᠋ᠦᠩ᠂ ᠬᠥ᠋ ᠯᠢ ᠮᠢᠨ᠂ ᠯᠢᠶᠠᠩ ᠶᠠᠨ ᠵᠢᠶᠦ᠋ᠨ ᠵᠢᠴᠢ ᠬᠠᠮᠢᠶ᠎ᠠ ᠪᠥᠬᠦᠶ | ᠬᠤᠰᠢᠭᠤ ᠰᠢᠶᠠᠨ ᠬᠤᠲᠠ ᠪᠠ ᠠᠶᠢᠮᠠᠭ ᠤᠨ ᠰᠢᠭᠤᠳ ᠬᠠᠷᠢᠶ᠎ᠠ ᠰᠠᠯᠠᠭ᠎ᠠ ᠮᠥᠴᠢᠷ ᠤᠨ ᠭᠤᠤᠯ ᠬᠠᠷᠢᠭᠤᠴᠠᠯᠭᠠᠳᠠᠨ | ᠨᠥᠬᠦᠳ ᠲᠣᠰ ᠲᠣᠰ ᠰᠢᠨᠵᠢᠯᠡᠨ ᠪᠠᠶᠢᠴᠠᠭᠠᠵᠤ ᠵᠣᠯᠭᠠᠭᠤᠯᠬᠤ ᠠᠵᠢᠯᠯᠠᠭ᠎ᠠ ᠳᠤ ᠣᠷᠣᠯᠴᠠᠪᠠ᠃ |