ᠤᠯᠠᠭᠠᠨᠬᠤᠳᠠ ᠶᠢᠨ ᠴᠠᠭᠠᠨ ᠰᠠᠷ᠎ᠠ ᠶᠢᠨ ᠠᠷᠪᠠᠨ ᠳᠠᠪᠤᠨ ᠤ ᠦᠯᠵᠠᠶᠢᠳᠦ ᠡᠳᠦᠷ ᠤᠨ ᠪᠠᠶᠠᠷ ᠢ ᠪᠡᠯᠭᠡᠯᠡᠬᠦ ᠠᠵᠢᠯᠯᠠᠭ᠎ᠠ ᠨᠢᠵᠢᠭᠢᠷ ᠰᠠᠶᠢᠬᠠᠨ ᠶᠠᠪᠤᠬᠳᠠᠯ᠎ᠠ
ᠨᠡᠶᠢᠲᠡᠯᠡᠭᠰᠡᠨ ᠴᠠᠭ᠄
2025/2/14
        ︵ᠰᠤᠷᠪᠤᠯᠵᠢᠯᠠᠬᠴᠢ ᠬᠣ᠋ ᡁᠢ ᠮᠢᠨ ᠤᠷᠤᠬᠰᠢᠯᠠᠯᠳᠠ︶ 2 ᠰᠠᠷ᠎ᠠ ᠶᠢᠨ 12 ᠤᠨ ᠦᠳᠡ ᠶᠢᠨ ᠡᠮᠦᠨ᠎ᠠ᠂ ᠤᠯᠠᠭᠠᠨᠬᠤᠳᠠ ᠶᠢᠨ ︽5 · 1︾ ᠠᠭᠤᠳᠠᠮ ᠳᠠᠯᠠᠪᠠᠢ ᠬᠦᠷ ᠬᠦᠭᠵᠢᠶᠡᠨ ᠢᠶᠠᠷ ᠪᠢᠯᠬᠠᠵᠦ᠂ 2025 ᠤᠯᠠᠭᠠᠨᠬᠤᠳᠠ ᠶᠢᠨ ᠴᠠᠭᠠᠨ ᠰᠠᠷ᠎ᠠ ᠶᠢᠨ ᠠᠷᠪᠠᠨ ᠳᠠᠪᠤᠨ ᠤ ᠦᠯᠵᠡᠶᠢᠳᠦ ᠡᠳᠦᠷ ᠤᠨ ᠪᠠᠶᠠᠷ ᠢ ᠪᠡᠯᠭᠡᠯᠡᠬᠦ ᠶᠠᠩᠭᠠᠷ ᠪᠦᠵᠢᠭ ᠤᠨ ᠳᠤᠬᠯᠠᠯᠳᠠ ᠶᠢᠨ ᠠᠵᠢᠯᠯᠠᠭ᠎ᠠ ᠡ᠊ᠨᠳᠡ ᠶᠠᠬ ᠰᠠᠶᠢᠬᠠᠨ ᠢᠳᠡ ᠬᠦᠭ ᠲᠠᠢ ᠡᠬᠢᠯᠡᠯᠳᠡ ᠶᠢᠨ ᠬᠦᠰᠢᠭᠡ ᠪᠠᠨ ᠨᠡᠭᠡᠭᠡᠭᠰᠡᠨ ᠪᠠᠶᠢᠨ᠎ᠠ᠃ ᠳᠤᠰ ᠤᠳᠠᠭᠠᠨ ᠤ ᠳᠤᠬᠯᠠᠯᠳᠠ ᠶᠢ ᠤᠯᠠᠭᠠᠨᠬᠤᠳᠠ ᠶᠢᠨ ᠨᠠᠮ ᠤᠨ ᠬᠤᠷᠢᠶ᠎ᠠ ᠪᠠ ᠵᠠᠰᠠᠬ ᠤᠨ ᠤᠷᠳᠤᠨ ᠠᠴᠠ ᠭᠤᠤᠯᠯᠠᠨ ᠡᠷᠬᠢᠯᠡᠵᠦ᠂ ᠤᠯᠠᠭᠠᠨᠬᠤᠳᠠ ᠶᠢᠨ ᠰᠤᠶᠤᠯ ᠵᠢᠭᠤᠯᠴᠢᠯᠠᠯ ᠪᠡᠶ᠎ᠠ ᠶᠢᠨ ᠳᠠᠮᠢᠷ ᠤᠨ ᠳᠤᠪᠴᠢᠶ᠎ᠠ ᠳᠠᠭᠠᠭᠠᠴᠢᠯᠡᠨ ᠡᠷᠬᠢᠯᠡᠵᠠᠢ᠃ ᠪᠦᠬᠦ ᠬᠤᠳᠠ ᠶᠢᠨ ᠡᠯ᠎ᠠ ᠪᠠᠯᠭᠠᠰᠦ ᠵᠡᠭᠡᠯᠢ ᠶᠢᠨ ᠭᠡᠷᠡᠭ ᠡᠷᠬᠢᠯᠡᠬᠦ ᠭᠠᠵᠠᠷ ᠪᠠ ᠨᠡᠶᠢᠭᠡᠮ ᠳᠤᠭᠤᠷᠢᠬ ᠠᠴᠠ ᠳᠤᠮᠢᠯᠠᠬᠰᠠᠨ 18 ᠶᠠᠩᠭᠠᠷ ᠪᠦᠵᠢᠭ ᠤᠨ ᠠᠩᠬᠢ ᠶᠢᠨ 1500 ᠭᠠᠷᠤᠢ ᠶᠠᠩᠭᠠᠷ ᠪᠦᠵᠢᠭ ᠤᠨ ᠳᠤᠷ᠎ᠠ ᠪᠠᠭ᠋ᠠᠳᠡᠳ ᠤᠷᠤᠯᠴᠠᠪᠠ᠃        ᠳᠤᠬᠯᠠᠯᠳᠠ ᠨᠢ᠂ ᠤᠯᠠᠭᠠᠨᠬᠤᠳᠠ ᠶᠢᠨ ᠨᠠᠮ ᠤᠨ ᠬᠤᠷᠢᠶ᠎ᠠ ᠵᠠᠰᠠᠬ ᠤᠨ ᠤᠷᠳᠤᠨ ᠤ ᠬᠠᠮᠢᠶ᠎ᠠ ᠪᠦᠬᠦᠢ ᠺᠠᠳ᠋ᠷ ᠤᠳᠤᠷᠢᠳᠤᠯᠭ᠎ᠠ ᠪᠠ ᠡᠯ᠎ᠠ ᠰᠠᠯᠠᠭ᠎ᠠ ᠮᠦᠴᠢᠷ ᠪᠤᠯᠤᠨ ᠭᠡᠷᠡᠭ ᠡᠷᠬᠢᠯᠡᠬᠦ ᠭᠠᠵᠠᠷ ᠤᠨ ᠲᠦᠯᠦᠭᠡᠯᠡᠭᠴᠢᠳ ᠤᠨ ᠴᠠᠭᠠᠨ ᠰᠠᠷ᠎ᠠ ᠶᠢᠨ ᠠᠷᠪᠠᠨ ᠳᠠᠪᠤᠨ ᠤ ᠦᠯᠵᠠᠶᠢᠳᠦ ᠡᠳᠦᠷ ᠤᠨ ᠢᠷᠦᠭᠡᠯ ᠵᠦᠡᠭᠨᠡᠯ ᠳᠠᠪᠰᠢᠬᠦᠯᠬᠦ ᠶᠢ ᠳᠠᠭᠠᠯᠳᠤᠨ᠂ ᠤᠷᠠᠨ ᠰᠠᠶᠢᠬᠠᠨ ᠤ ᠳᠤᠬᠯᠠᠯᠳᠠ ᠶᠢᠨ ᠠᠵᠢᠯᠯᠠᠭ᠎ᠠ ᠵᠢᠩᠬᠢᠨᠢ ᠪᠠᠷ ᠡᠬᠢᠯᠡᠭᠰᠡᠨ ᠪᠠᠶᠢᠨ᠎ᠠ᠃ ᠵᠠᠯᠭᠠᠭᠠᠳ ᠶᠠᠩᠭᠠᠷ ᠪᠦᠵᠢᠭ᠂ ᠯᠠᠩᠳᠤᠭᠠᠷ ᠳᠤᠯᠤᠭᠠᠢ ᠲᠠᠢ ᠭᠡᠤᠭᠡᠯᠳᠠᠢ᠂ ᠬᠠᠭᠤᠳᠠᠢ ᠤᠡᠭᠭᠤᠴᠠ ᠵᠡᠷᠭᠡ ᠤᠯᠠᠮᠵᠢᠯᠠᠯᠳᠦ ᠨᠠᠶᠢᠷ ᠨᠠᠭᠠᠳᠤᠮ ᠤᠨ ᠳᠤᠬᠯᠠᠯᠳᠠ ᠬᠤᠶᠢᠨ᠎ᠠ ᠬᠤᠶᠢᠨ᠎ᠠ ᠠᠴᠠ ᠪᠠᠨ ᠶᠠᠪᠤᠬᠳᠠᠵᠦ᠂ ᠳᠤᠬᠯᠠᠬᠴᠢᠳ ᠤᠨ ᠦᠡᠭᠭᠡ ᠢᠯᠭᠠᠷᠠᠬᠰᠠᠨ ᠬᠤᠪᠴᠠᠰᠦ ᠵᠠᠰᠠᠯ᠂ ᠤᠶᠠᠩᠭᠠᠳᠦ ᠰᠠᠶᠢᠬᠠᠨ ᠳᠠᠭᠤᠤ ᠪᠦᠵᠢᠭ ᠨᠢ ᠦᠳᠭᠡᠨ ᠵᠤᠵᠠᠭᠠᠨ ᠪᠠᠶᠠᠷ ᠤᠨ ᠡᠳᠦᠷ ᠤᠨ ᠠᠭᠤᠷ ᠠᠮᠢᠰᠬᠤᠯ ᠢ ᠪᠦᠷᠢᠯᠳᠤᠬᠦᠯᠵᠠᠢ᠃ ᠡᠪᠯᠢᠭ ᠰᠠᠶᠢᠬᠠᠨ ᠳᠠᠭᠤᠤ ᠠᠶᠠᠯᠭᠤ᠂ ᠭᠤᠶᠢᠳᠠ ᠰᠠᠶᠢᠬᠠᠨ ᠳᠤᠬᠯᠠᠯᠳᠠ ᠨᠢ ᠵᠦᠴᠦᠭᠡ ᠶᠢᠨ ᠬᠤᠷᠤᠬᠠᠶᠢᠳᠠᠳ ᠤᠨ ᠰᠤᠨᠤᠷ ᠢ ᠪᠠᠶᠠᠰᠬᠠᠨ᠂ ᠦᠪᠡᠷ ᠤᠨ ᠡᠷᠭᠡ ᠦᠭᠡᠢ ᠶᠠᠩᠭᠠᠷ ᠤᠨ ᠳᠤᠬᠯᠠᠯᠳᠠ ᠳᠤ ᠤᠷᠤᠯᠴᠠᠭᠤᠯᠤᠨ᠎ᠠ᠃        ᠳᠠᠷᠠᠭ᠎ᠠ ᠳᠤᠨᠢ᠂ ᠤᠯᠠᠭᠠᠨᠬᠤᠳᠠ ᠶᠢᠨ ᠡᠯ᠎ᠠ ᠭᠡᠷᠡᠭ ᠡᠷᠬᠢᠯᠡᠬᠦ ᠭᠠᠵᠠᠷ᠂ ᠪᠠᠯᠭᠠᠰᠤᠨ ᠤ ᠶᠠᠩᠭᠠᠷ ᠪᠦᠵᠢᠭ ᠤᠨ ᠠᠩᠬᠢ ︽5 · 1︾ ᠠᠭᠤᠳᠠᠮ ᠳᠠᠯᠠᠪᠠᠢ ᠠᠴᠠ ᠭᠠᠷᠴᠦ᠂ ᠬᠢᠨᠭ᠍ᠭᠠᠨ ᠬᠤᠶᠢᠳᠦ ᠵᠠᠮ ᠳᠠᠭᠠᠤ ᠵᠡᠭᠡᠯᠢ ᠪᠠᠷ ᠶᠠᠩᠭᠠᠷ ᠪᠦᠵᠢᠭ ᠪᠦᠵᠢᠭᠯᠡᠨ ᠳᠤᠭᠤᠷᠢᠨ ᠳᠤᠬᠯᠠᠬᠤ ᠠᠵᠢᠯᠯᠠᠭ᠎ᠠ ᠪᠠᠨ ᠡᠬᠢᠯᠡᠬᠦᠯᠦᠭᠰᠡᠨ ᠪᠠᠶᠢᠨ᠎ᠠ᠃        ᠳᠤᠰ ᠤᠳᠠᠭᠠᠨ ᠤ 2025 ᠤᠯᠠᠭᠠᠨᠬᠤᠳᠠ ᠶᠢᠨ ᠴᠠᠭᠠᠨ ᠰᠠᠷ᠎ᠠ ᠶᠢᠨ ᠠᠷᠪᠠᠨ ᠳᠠᠪᠤᠨ ᠤ ᠦᠯᠵᠡᠶᠢᠳᠦ ᠡᠳᠦᠷ ᠤᠨ ᠪᠠᠶᠠᠷ ᠢ ᠪᠡᠯᠭᠡᠯᠡᠬᠦ ᠶᠠᠩᠭᠠᠷ ᠪᠦᠵᠢᠭ ᠤᠨ ᠳᠤᠬᠯᠠᠯᠳᠠ ᠶᠢᠨ ᠠᠵᠢᠯᠯᠠᠭ᠎ᠠ ᠨᠢ ᠬᠤᠳᠠ ᠶᠢᠨ ᠠᠷᠠᠳ ᠲᠤ ᠡᠯᠪᠡᠭ ᠪᠠᠶᠠᠯᠢᠬ ᠰᠤᠶᠤᠯ ᠤᠨ ︽ᠬᠦᠨᠡᠰᠦ︾ ᠶᠢ ᠠᠪᠴᠢᠷᠠᠬᠰᠠᠨ ᠢᠶᠠᠷ ᠪᠠᠷᠠᠬᠤ ᠦᠭᠡᠢ ᠤᠯᠠᠮᠵᠢᠯᠠᠯᠳᠦ ᠪᠠᠶᠠᠷ ᠤᠨ ᠡᠳᠦᠷ ᠤᠨ ᠬᠦᠨ ᠵᠤᠵᠠᠭᠠᠨ ᠠᠭᠤᠯᠤᠬᠳᠠᠬᠤᠨ ᠢ ᠳᠠᠨᠢᠭᠤᠯᠵᠦ᠂ ᠤᠯᠠᠭᠠᠨᠬᠤᠳᠠ ᠶᠢᠨ ᠦᠯᠵᠠᠶᠢᠳᠦ ᠡᠳᠦᠷ ᠤᠨ ᠪᠠᠶᠠᠷ ᠲᠤ ᠦᠡᠭᠭᠡ ᠪᠤᠳᠤᠬ ᠨᠡᠮᠡᠷᠢᠯᠡᠭᠰᠡᠨ ᠪᠠᠶᠢᠨ᠎ᠠ᠃ 
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号