| ᠤᠶᠢᠷ᠎ᠠ ᠶᠢᠨ ᠬᠡᠳᠦᠨ ᠵᠢᠯ ᠠᠴᠠ ᠨᠠᠭᠠᠰᠢ᠂ ᠤᠯᠠᠭᠠᠨᠬᠤᠳᠠ ᠶᠢᠨ ᠤᠯᠠᠭᠠᠨᠬᠠᠳᠠ ᠭᠤᠤᠯ ᠪᠠᠭ᠎ᠠ | ᠰᠤᠷᠭᠠᠭᠤᠯᠢ ᠤᠯᠤᠰ ᠤᠨ ᠨᠡᠶᠢᠳᠡᠮ ᠬᠡᠷᠡᠭᠯᠡᠬᠦ ᠦᠬᠡ ᠬᠡᠯᠡ ᠦᠰᠦᠭ ᠪᠢᠴᠢᠭ ᠢ ᠡᠳᠦᠷ ᠲᠤᠳᠤᠮ ᠤᠨ ᠵᠢᠭᠠᠨ | ᠰᠤᠷᠭᠠᠯᠳᠠ ᠶᠢᠨ ᠪᠦᠬᠦ ᠶᠠᠪᠤᠴᠠ ᠳᠤ ᠠᠭᠤᠰᠤᠯᠴᠠᠭᠤᠯᠵᠦ᠂ ᠠᠮᠠᠷᠠᠯᠳᠠ ᠶᠢᠨ ᠬᠤᠭᠤᠴᠠᠭᠠᠨ ᠳᠤ ᠰᠤᠷᠤᠬᠴᠢᠳ ᠢ | ᠵᠤᠬᠢᠶᠠᠨ ᠪᠠᠶᠢᠭᠤᠯᠤᠨ ᠡᠷᠳᠡᠨ ᠤ ᠰᠤᠩᠭᠤᠳᠠᠭ ᠤᠷᠠᠨ ᠵᠤᠬᠢᠶᠠᠯ ᠵᠢᠴᠢ ᠡᠷᠳᠡᠨ ᠤ ᠰᠢᠯᠦᠭ ᠢ ᠤᠡᠭᠰᠢᠨ ᠰᠤᠨᠢᠷᠬᠠᠬᠤ᠂ | ᠰᠤᠩᠭᠤᠳᠠᠭ ᠪᠦᠳᠦᠬᠡᠯ ᠢ ᠤᠶᠠᠩᠭᠠᠯᠠᠬᠤ ᠵᠡᠷᠭᠡ ᠤᠨᠴᠠᠯᠢᠬᠳᠤ ᠦᠢᠯᠡᠳᠦᠯᠬᠡ ᠶᠢᠨ ᠠᠵᠢᠯᠯᠠᠭ᠎ᠠ ᠦᠷᠨᠢᠬᠦᠯᠵᠦ᠂ | ᠰᠤᠷᠤᠬᠴᠢᠳ ᠤᠨ ᠤᠯᠤᠰ ᠤᠨ ᠨᠡᠶᠢᠳᠡᠮ ᠬᠡᠷᠡᠭᠯᠡᠬᠦ ᠦᠬᠡ ᠬᠡᠯᠡ ᠦᠰᠦᠭ ᠪᠢᠴᠢᠭ ᠢ ᠰᠠᠶᠢᠳᠦᠷ ᠰᠤᠷᠴᠦ ᠬᠡᠷᠡᠭᠯᠡᠨ᠂ | ᠲᠤᠮᠳᠠᠳᠤ ᠶᠢᠨ ᠰᠢᠯᠢᠳᠡᠭ ᠤᠯᠠᠮᠵᠢᠯᠠᠯᠳᠤ ᠰᠤᠶᠤᠯ ᠢᠶᠠᠨ ᠤᠯᠠᠮᠵᠢᠯᠠᠨ ᠪᠠᠳᠠᠷᠠᠭ᠋᠊ ᠤᠯᠬᠤ ᠶᠢ ᠠᠬᠢᠭᠤᠯᠵᠠᠢ᠃ | ᠡᠪᠦᠯ ᠤᠨ ᠠᠮᠠᠷᠠᠯᠳᠠ ᠳᠤ᠂ ᠤᠯᠠᠭᠠᠨᠬᠠᠳᠠ ᠭᠤᠤᠯ ᠪᠠᠭ᠎ᠠ ᠰᠤᠷᠭᠠᠭᠤᠯᠢ ᠶᠢᠨ ᠨᠤᠮ ᠤᠨ ᠰᠠᠩ ᠳᠤ ᠯᠢᠤᠢ | ᠰᠢᠨ ᠷᠠᠨ ᠨᠠᠶᠢᠵᠢ ᠨᠠᠷ ᠲᠠᠢ ᠪᠠᠨ ᠬᠠᠮᠳᠤ ᠪᠠᠭᠰᠢ ᠶᠢᠨ ᠢᠶᠠᠨ ᠰᠤᠩᠭᠤᠳᠠᠭ ᠤᠷᠠᠨ ᠵᠤᠬᠢᠶᠠᠯ᠂ ᠡᠷᠳᠡᠨ ᠤ ᠰᠢᠯᠦᠭ ᠢ | ᠤᠡᠭᠰᠢᠨ ᠵᠠᠳᠠᠯᠬᠤ ᠵᠡᠷᠭᠡ ᠠᠭᠤᠯᠭ᠎ᠠ ᠶᠢ ᠰᠡᠳᠬᠢᠯ ᠲᠦᠪᠯᠡᠷᠡᠬᠦᠯᠦᠨ ᠰᠤᠨᠤᠰᠴᠦ ᠪᠠᠶᠢᠯ᠎ᠠ᠃ | ᠬᠡᠯᠡ ᠪᠢᠴᠢᠭ ᠤᠨ ᠪᠠᠭᠰᠢ ᠶᠤᠤ ᠳ᠋ᠠᠢ ᠰᠢᠶᠦ᠋ᠩ᠄ ︽ᠪᠢᠳᠡ ᠡᠪᠦᠯ ᠤᠨ ᠠᠮᠠᠷᠠᠯᠳᠠ ᠶᠢᠨ ᠴᠠᠭ ᠢ ᠠᠰᠢᠬᠯᠠᠨ | ᠬᠡᠯᠡ ᠪᠢᠴᠢᠭ ᠤᠨ ᠬᠢᠷᠢ ᠪᠦᠳᠦᠮᠵᠢ ᠠᠨᠠᠢ᠂ ᠡᠵᠢ ᠠᠪᠦ ᠨᠢ ᠵᠢᠭᠠᠨ ᠵᠢᠯᠤᠭᠤᠳᠴᠦ ᠲᠡᠶᠢᠯᠬᠦ ᠦᠬᠡᠢ | ᠰᠤᠷᠤᠬᠴᠢᠳ ᠲᠤ ᠪᠠᠶᠠᠯᠢᠭ ᠠᠭᠤᠯᠭ᠎ᠠ ᠲᠠᠢ ᠦᠢᠯᠡᠳᠦᠯᠬᠡ ᠶᠢᠨ ᠬᠢᠴᠢᠶᠡᠯ ᠲᠤᠬᠢᠷᠠᠭᠤᠯᠵᠦ᠂ ᠲᠡᠳᠡᠨ ᠢᠶᠠᠷ ᠡᠷᠳᠡᠨ ᠤ | ᠰᠢᠯᠦᠭ ᠪᠠ ᠰᠤᠩᠭᠤᠳᠠᠭ ᠵᠤᠬᠢᠶᠠᠯ ᠢ ᠤᠡᠭᠰᠢᠭᠤᠯᠵᠦ᠂ ᠬᠡᠯᠡ ᠪᠢᠴᠢᠭ ᠤᠨ ᠬᠢᠷᠢ ᠲᠦᠪᠰᠢᠨ ᠢ ᠨᠢ ᠲᠡᠭᠡᠭᠰᠢᠯᠡᠬᠦᠯᠵᠦ | ᠪᠠᠶᠢᠨ᠎ᠠ︾ ᠬᠡᠵᠦ ᠶᠠᠷᠢᠵᠦ ᠪᠠᠶᠢᠯ᠎ᠠ᠃ | ᠡᠪᠦᠯ ᠤᠨ ᠠᠮᠠᠷᠠᠯᠳᠠ ᠶᠢᠨ ᠬᠤᠭᠤᠴᠠᠭᠠᠨ ᠳᠤ᠂ ᠤᠯᠠᠭᠠᠨᠬᠠᠳᠠ ᠭᠤᠤᠯ ᠪᠠᠭ᠎ᠠ ᠰᠤᠷᠭᠠᠭᠤᠯᠢ ᠶᠢᠨ | ᠰᠤᠷᠤᠬᠴᠢᠳ ᠪᠠᠭᠰᠢ ᠶᠢᠨ ᠵᠢᠯᠤᠭᠤᠳᠤᠯᠭ᠎ᠠ ᠪᠠᠷ ᠬᠡᠯᠡ ᠪᠢᠴᠢᠭ ᠤᠨ ᠴᠢᠳᠠᠪᠦᠷᠢ ᠪᠠᠨ ᠲᠡᠭᠡᠭᠰᠢᠯᠡᠬᠦᠯᠬᠦ | ᠰᠤᠷᠤᠯᠴᠠᠯᠭ᠎ᠠ ᠳᠤ ᠰᠢᠮᠳᠡᠵᠦ᠂ ᠤᠯᠤᠰ ᠤᠨ ᠨᠡᠶᠢᠳᠡᠮ ᠬᠡᠷᠡᠭᠯᠡᠬᠦ ᠦᠬᠡ ᠬᠡᠯᠡ ᠦᠰᠦᠭ ᠪᠢᠴᠢᠭ ᠢ ᠰᠤᠷᠴᠦ ᠬᠡᠷᠡᠭᠯᠡᠬᠦ | ᠴᠢᠳᠠᠪᠦᠷᠢ ᠪᠠᠨ ᠦᠨᠡᠨᠬᠦ ᠲᠡᠭᠡᠭᠰᠢᠯᠡᠬᠦᠯᠵᠡᠢ᠃ | ᠤᠯᠠᠭᠠᠨᠬᠠᠳᠠ ᠭᠤᠤᠯ ᠪᠠᠭ᠎ᠠ ᠰᠤᠷᠭᠠᠭᠤᠯᠢ ᠪᠠᠰᠠ ᠰᠤᠷᠤᠬᠴᠢᠳ ᠤᠨ ᠪᠦᠬᠦ ᠲᠠᠯ᠎ᠠ ᠶᠢᠨ ᠬᠦᠭᠵᠢᠯᠳᠡ ᠶᠢ | ᠠᠬᠢᠭᠤᠯᠬᠤ ᠪᠠᠷ ᠤᠷᠠᠨ ᠤᠡᠭᠰᠢᠯᠭ᠎ᠠ᠂ ᠭᠠᠷ ᠤᠷᠠᠯᠠᠯ᠂ ᠤᠷᠠᠨ ᠪᠢᠴᠢᠯᠬᠡ ᠵᠡᠷᠭᠡ ᠪᠠᠶᠠᠯᠢᠭ ᠠᠭᠤᠯᠭ᠎ᠠ ᠪᠦᠬᠦᠢ | ᠠᠵᠢᠯᠯᠠᠭ᠎ᠠ ᠶᠢ ᠵᠤᠬᠢᠶᠠᠨ ᠪᠠᠶᠢᠭᠤᠯᠤᠨ ᠦᠷᠨᠢᠬᠦᠯᠦᠭᠰᠡᠨ ᠠᠴᠠ ᠰᠤᠷᠤᠬᠴᠢᠳ ᠤᠨ ᠠᠮᠠᠷᠠᠯᠳᠠ ᠶᠢᠨ ᠠᠮᠢᠳᠦᠷᠠᠯ ᠢ | ᠪᠠᠶᠠᠯᠢᠬᠵᠢᠭᠤᠯᠤᠬᠰᠠᠨ ᠪᠠᠶᠢᠨ᠎ᠠ ︵ᠭᠥᠸᠧ ᠺᠥᠸᠧ ᠰᠦᠩ ᠯᠢ ᠰᠢᠨ︶ | | | | |