ᠢᠦᠶ ᠵᠢᠶ ᠱᠦᠨ ᠬᠢᠨᠭ᠍ᠭᠠᠨ ᠠᠶᠢᠮᠠᠭ ᠤᠨ ᠬᠠᠮ ᠵᠠᠭᠤᠴᠢᠯᠠᠭᠤᠷ ᠤᠨ ᠲᠥᠪ ᠤᠨ ᠪᠥᠲᠥᠭᠡᠨ ᠪᠠᠶᠢᠭᠤᠯᠤᠯᠲᠠ ᠶᠢᠨ ᠠᠵᠢᠯ ᠢ ᠰᠢᠨᠵᠢᠯᠡᠨ ᠪᠠᠶᠢᠴᠠᠭᠠᠵᠠᠢ
ᠨᠡᠶᠢᠲᠡᠯᠡᠭᠰᠡᠨ ᠴᠠᠭ᠄
2025/2/25
        2 ᠰᠠᠷ᠎ᠠ ᠶᠢᠨ 18 ᠤ ᠡᠳᠦᠷ᠂ ᠬᠢᠩᠭᠠᠨ ᠠᠶᠢᠮᠠᠭ ᠤᠨ ᠨᠠᠮ ᠤᠨ ᠬᠤᠷᠢᠶ᠎ᠠ ᠶᠢᠨ ᠳᠡᠳ᠋ ᠱᠦᠵᠢ᠂ ᠠᠶᠢᠮᠠᠭ ᠤᠨ ᠳᠠᠷᠤᠭ᠎ᠠ ᠢᠦᠶ ᠵᠢᠶ ᠱᠦᠨ ᠬᠢᠩᠭᠠᠨ ᠠᠶᠢᠮᠠᠭ ᠤᠨ ᠬᠠᠮ ᠵᠠᠭᠤᠴᠢᠯᠠᠭᠤᠷ ᠤᠨ ᠲᠥᠪ ᠲᠤ ᠰᠢᠨᠵᠢᠯᠡᠨ ᠪᠠᠶᠢᠴᠠᠭᠠᠯᠳᠠ ᠬᠢᠬᠦ ᠶᠢᠨ ᠬᠠᠮᠲᠤ ᠶᠠᠷᠢᠯᠴᠠᠬᠤ ᠬᠤᠷᠠᠯ ᠬᠤᠷᠠᠯᠳᠤᠭᠤᠯᠵᠤ᠂ ᠬᠢᠨᠭ᠍ᠭᠠᠨ ᠠᠶᠢᠮᠠᠭ ᠤᠨ ᠬᠠᠮ ᠵᠠᠭᠤᠴᠢᠯᠠᠭᠤᠷ ᠤᠨ ᠲᠥᠪ ᠤᠨ ᠥᠭᠡᠷᠡᠴᠢᠯᠡᠯᠲᠡ ᠬᠥᠭᠵᠢᠯᠲᠡ ᠶᠢᠨ ᠳᠤᠮᠳᠠᠬᠢ ᠬᠦᠴᠢᠷᠳᠡᠯ ᠪᠠ ᠠᠰᠠᠭᠤᠳᠠᠯ ᠢ ᠵᠣᠬᠢᠴᠠᠭᠤᠯᠤᠨ ᠰᠢᠢᠳᠪᠦᠷᠢᠯᠡᠪᠡ᠃        ᠢᠦᠢ ᠵᠢᠢ ᠱᠦᠨ ᠡᠮᠦᠨ᠎ᠡ ᠹᠷᠣᠨᠲ ᠤᠨ ᠰᠣᠨᠢᠨ ᠮᠡᠳᠡᠭᠡᠨ ᠤ ᠠᠵᠢᠯᠲᠠᠳ ᠢ ᠲᠣᠬᠤᠨᠢᠭᠤᠯᠵᠤ᠂ ᠰᠣᠨᠢᠨ ᠮᠡᠳᠡᠭᠡ ᠴᠤᠭᠯᠠᠭᠤᠯᠬᠤ᠂ ᠨᠠᠶᠢᠷᠠᠭᠤᠯᠬᠤ ᠬᠢᠨᠠᠬᠤ᠂ ᠦᠢᠯᠡᠳᠬᠦ᠂ ᠬᠡᠪᠯᠡᠨ ᠨᠡᠪᠲᠡᠷᠡᠭᠦᠯᠬᠦ ᠵᠡᠷᠭᠡ ᠶᠠᠪᠤᠴᠠ ᠵᠢᠴᠢ ᠬᠠᠮ ᠵᠠᠭᠤᠴᠢᠯᠠᠭᠤᠷ ᠤᠨ ᠠᠭᠤᠰᠤᠯᠴᠠᠨ ᠬᠥᠭᠵᠢᠬᠦ᠂ ᠬᠠᠮ ᠵᠠᠭᠤᠴᠢᠯᠠᠭᠤᠷ ᠤᠨ ᠡᠩᠨᠡᠭᠡ ᠶᠢᠨ ᠪᠠᠶᠢᠭᠤᠯᠤᠯᠲᠠ ᠵᠡᠷᠭᠡ ᠪᠠᠶᠢᠳᠠᠯ ᠢ ᠨᠠᠷᠢᠨ ᠣᠶᠢᠯᠠᠭᠠᠵᠤ᠂ ᠥᠷᠭᠡᠨ ᠤᠯᠠᠨ ᠰᠣᠨᠢᠨ ᠮᠡᠳᠡᠭᠡᠨ ᠤ ᠠᠵᠢᠯᠲᠠᠨ ᠤ ᠢᠯᠡᠷᠡᠭᠦᠯᠦᠭᠰᠡᠨ ᠰᠠᠶᠢᠨ ᠰᠠᠶᠢᠬᠠᠨ ᠤᠶᠤᠨ ᠰᠠᠨᠠᠭᠠᠨ ᠤ ᠳᠦᠷᠰᠦ ᠪᠠᠶᠢᠳᠠᠯ ᠢ ᠭᠦᠢᠴᠡᠳ ᠨᠤᠲᠠᠯᠠᠪᠠ᠃ ᠲᠡᠷᠡ ᠵᠢᠭᠠᠵᠦ ᠭᠠᠷᠭᠠᠭᠰᠠᠨ ᠨᠢ᠂ ᠬᠢᠨᠭ᠍ᠭᠠᠨ ᠠᠶᠢᠮᠠᠭ ᠤᠨ ᠬᠠᠮ ᠵᠠᠭᠤᠴᠢᠯᠠᠭᠤᠷ ᠤᠨ ᠲᠥᠪ ᠨᠢ ᠪᠦᠬᠦ ᠠᠶᠢᠮᠠᠭ ᠤᠨ ᠶᠠᠷᠢᠶ᠎ᠠ ᠬᠡᠯᠡᠯᠴᠡᠭᠡᠨ ᠤ ᠤᠬᠠᠭᠤᠯᠭ᠎ᠠ ᠶᠢᠨ ᠭᠤᠣᠯ ᠵᠢᠭᠰᠠᠭᠠᠯ ᠤᠨ ᠭᠠᠵᠠᠷ᠂ ᠭᠤᠣᠯ ᠴᠤᠩᠬᠤᠪᠴᠢ ᠪᠣᠯᠤᠭᠰᠠᠨ ᠤ ᠬᠤᠪᠢ ᠳᠤ᠂ ᠢᠮᠠᠭᠲᠠ ᠭᠤᠣᠯ ᠬᠠᠷᠢᠭᠤᠴᠠᠯᠭ᠎ᠠ ᠭᠤᠣᠯ ᠠᠵᠢᠯ ᠳᠤ ᠠᠩᠬᠠᠷᠤᠯ ᠢᠶᠠᠨ ᠲᠥᠪᠯᠡᠷᠡᠭᠦᠯᠵᠦ᠂ ᠶᠡᠭᠡ ᠲᠠᠯ᠎ᠠ ᠳᠤ ᠦᠢᠯᠡᠴᠢᠯᠡᠬᠦ᠂ ᠴᠢᠳᠠᠪᠤᠷᠢᠲᠠᠨ ᠤ ᠡᠩᠨᠡᠭᠡ ᠶᠢ ᠪᠠᠶᠢᠭᠤᠯᠬᠤ᠂ ᠶᠠᠷᠢᠶ᠎ᠠ ᠬᠡᠯᠡᠯᠴᠡᠭᠡ ᠶᠢ ᠬᠦᠳᠦᠯᠦᠨ ᠵᠢᠯᠤᠭᠤᠳᠬᠤ᠂ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠬᠥᠭᠵᠢᠯᠲᠡ ᠶᠢ ᠠᠬᠢᠭᠤᠯᠬᠤ ᠵᠡᠷᠭᠡ ᠲᠠᠯ᠎ᠠ ᠪᠠᠷ ᠢᠳᠡᠪᠬᠢᠲᠡᠢ ᠠᠵᠢᠯᠯᠠᠵᠤ᠂ ᠢᠯᠡᠳᠲᠡ ᠦᠷ᠎ᠡ ᠪᠦᠲᠦᠮᠵᠢ ᠣᠯᠵᠠᠢ ᠭᠡᠪᠡ᠃        ᠢᠦᠶ ᠵᠢᠶ ᠱᠦᠨ ᠴᠢᠬᠤᠯᠠᠴᠢᠯᠠᠭᠰᠠᠨ ᠨᠢ᠂ ᠥᠷᠭᠡᠨ ᠣᠯᠠᠨ ᠰᠣᠨᠢᠨ ᠮᠡᠳᠡᠭᠡᠨ ᠤ ᠠᠵᠢᠯᠲᠠᠨ ᠶᠠᠷᠢᠶ᠎ᠠ ᠬᠡᠯᠡᠯᠴᠡᠭᠡᠨ ᠤ ᠵᠢᠯᠣᠭᠤᠳᠤᠮᠵᠢ ᠶᠢᠨ ᠭᠤᠣᠯ ᠬᠦᠴᠦᠨ ᠪᠣᠯᠵᠤ᠂ ᠨᠠᠮ ᠪᠠ ᠵᠠᠰᠠᠭ ᠤᠨ ᠣᠷᠳᠣᠨ ᠤ ᠠᠷᠠᠳ ᠣᠯᠠᠨ ᠲᠠᠢ ᠬᠠᠷᠢᠯᠴᠠᠬᠤ ᠬᠥᠭᠦᠷᠭᠡ ᠬᠤᠯᠪᠣᠭᠠᠰᠤ ᠶᠢᠨ ᠦᠢᠯᠡᠳᠦᠯ ᠢ ᠦᠨᠡᠨᠬᠦ ᠪᠠᠳᠠᠷᠠᠭᠤᠯᠵᠤ᠂ ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ ᠶᠢᠨ ᠭᠤᠤᠯ ᠠᠵᠢᠯ ᠤᠨ ᠲᠣᠭᠤᠷᠢᠨ ᠳᠤ᠂ ᠠᠷᠠᠳ ᠣᠯᠠᠨ ᠤ ᠠᠩᠬᠠᠷᠴᠤ ᠬᠠᠯᠠᠮᠵᠢᠯᠠᠵᠤ ᠪᠠᠶᠢᠭ᠎ᠠ ᠬᠠᠯᠠᠮᠰᠢᠯ ᠲᠥᠪᠯᠡᠷᠡᠯ ᠤᠨ ᠴᠡᠭ ᠢ ᠴᠢᠩᠭ᠎ᠠ ᠠᠩᠬᠠᠷᠴᠤ᠂ ᠬᠢᠩᠭᠠᠨ ᠠᠶᠢᠮᠠᠭ ᠤᠨ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠰᠢᠨ᠎ᠡ ᠬᠤᠪᠢᠷᠠᠯᠲᠠ ᠶᠢ ᠴᠠᠭ ᠲᠤᠬᠠᠶ ᠳᠤᠨᠢ ᠲᠤᠰᠬᠠᠵᠤ᠂ ᠠᠷᠠᠳ ᠣᠯᠠᠨ ᠤ ᠰᠡᠳᠭᠢᠯ ᠤᠨ ᠳᠠᠭᠤᠨ ᠢ ᠬᠠᠷᠢᠭᠤ ᠲᠤᠰᠬᠠᠵᠤ᠂ ᠠᠵᠤ ᠠᠬᠤᠶ ᠨᠡᠶᠢᠭᠡᠮ ᠤᠨ ᠬᠥᠭᠵᠢᠯᠲᠡ ᠳᠤ ᠰᠢᠨ᠎ᠡ ᠠᠮᠢᠵᠢᠷᠠᠯ ᠤᠨ ᠬᠦᠴᠦᠨ ᠨᠡᠮᠡᠷᠢᠯᠡᠬᠦ ᠬᠡᠷᠡᠭᠳᠡᠢ᠃ ᠰᠠᠶᠢᠨ ᠰᠠᠶᠢᠬᠠᠨ ᠠᠵᠢᠯ ᠤᠨ ᠣᠷᠴᠢᠨ ᠲᠣᠭᠤᠷᠢᠨ ᠪᠣᠯᠤᠨ ᠠᠭᠤᠷ ᠠᠮᠢᠰᠬᠤᠯ ᠢ ᠴᠢᠷᠮᠠᠶᠢᠨ ᠪᠤᠢ ᠪᠣᠯᠭᠠᠵᠤ᠂ ᠬᠠᠮ ᠵᠠᠭᠤᠴᠢᠯᠠᠭᠤᠷ ᠤᠨ ᠦᠢᠯᠡᠳᠪᠦᠷᠢᠯᠡᠯ ᠳᠠᠮᠵᠢᠭᠤᠯᠭ᠎ᠠ ᠶᠢᠨ ᠰᠢᠨ᠎ᠡ ᠰᠢᠰᠲ᠋ᠧᠮ ᠢ ᠬᠦᠴᠦᠯᠡᠨ ᠪᠠᠶᠢᠭᠤᠯᠬᠤ ᠬᠡᠷᠡᠭᠲᠡᠢ᠃ ᠰᠢᠨ᠎ᠡ ᠶᠢ ᠡᠭᠦᠳᠦᠨ ᠥᠭᠡᠷᠡᠴᠢᠯᠡᠯᠲᠡ ᠬᠢᠬᠦ ᠶᠢ ᠪᠠᠷᠢᠮᠲᠠᠯᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠨᠠᠮ ᠤᠨ ᠪᠠᠶᠢᠭᠤᠯᠤᠯᠲᠠ ᠶᠢᠨ ᠬᠦᠳᠦᠯᠦᠨ ᠳᠠᠭᠠᠭᠤᠯᠬᠤ ᠦᠢᠯᠡᠳᠦᠯ ᠢ ᠪᠠᠳᠠᠷᠠᠭᠤᠯᠵᠤ᠂ ᠭᠤᠣᠯ ᠬᠠᠷᠢᠭᠤᠴᠠᠯᠭ᠎ᠠ ᠭᠤᠣᠯ ᠠᠵᠢᠯ ᠳᠤ ᠠᠩᠬᠠᠷᠤᠯ ᠢᠶᠠᠨ ᠲᠥᠪᠯᠡᠷᠡᠭᠦᠯᠵᠦ᠂ ᠳᠦᠪ ᠶᠤᠰᠦ ᠶᠢ ᠪᠠᠷᠢᠮᠳᠠᠯᠠᠨ ᠰᠢᠨ᠎ᠠ ᠶᠢ ᠡᠭᠦᠳᠬᠦ ᠬᠡᠷᠡᠭᠳᠡᠢ᠃ ᠤᠯᠠᠮᠵᠢᠯᠠᠯᠲᠤ ᠵᠠᠭᠤᠴᠢᠯᠠᠭᠤᠷ ᠪᠣᠯᠤᠨ ᠰᠢᠨ᠎ᠡ ᠪᠠᠷ ᠮᠠᠨᠳᠤᠭᠰᠠᠨ ᠵᠠᠭᠤᠴᠢᠯᠠᠭᠤᠷ ᠤᠨ ᠰᠢᠨ᠎ᠡ ᠶᠢ ᠡᠭᠦᠳᠦᠨ ᠠᠭᠤᠰᠤᠯᠴᠠᠨ ᠬᠥᠭᠵᠢᠬᠦ ᠶᠢ ᠠᠬᠢᠭᠤᠯᠵᠤ᠂ ᠰᠣᠨᠢᠨ ᠮᠡᠳᠡᠭᠡᠨ ᠤ ᠶᠠᠷᠢᠶ᠎ᠠ ᠬᠡᠯᠡᠯᠴᠡᠭᠡᠨ ᠤ ᠳᠠᠮᠵᠢᠭᠤᠯᠬᠤ ᠬᠦᠴᠦᠨ᠂ ᠬᠦᠳᠦᠯᠦᠨ ᠵᠢᠯᠣᠭᠤᠳᠬᠤ ᠬᠦᠴᠦᠨ᠂ ᠨᠥᠯᠥᠭᠡᠯᠡᠬᠦ ᠬᠦᠴᠦᠨ᠂ ᠤᠯᠠᠨ ᠢ ᠢᠲᠡᠭᠡᠭᠦᠯᠬᠦ ᠬᠦᠴᠦᠨ ᠢ ᠲᠠᠰᠤᠷᠠᠯᠲᠠ ᠦᠭᠡᠢ ᠴᠢᠩᠭᠠᠳᠬᠠᠬᠤ ᠬᠡᠷᠡᠭᠲᠡᠢ᠃ ᠠᠵᠤ ᠦᠢᠯᠡᠰ ᠤᠨ ᠬᠥᠭᠵᠢᠯᠲᠡ ᠳᠤ ᠬᠦᠴᠦᠨ ᠨᠡᠮᠡᠷᠢᠯᠡᠵᠦ᠂ ᠤᠬᠠᠭᠤᠯᠭ᠎ᠠ ᠶᠢᠨ ᠭᠤᠣᠯ ᠵᠢᠭᠰᠠᠭᠠᠯ ᠤᠨ ᠭᠠᠵᠠᠷ ᠤᠨ ᠦᠢᠯᠡᠳᠦᠯ ᠢ ᠭᠦᠢᠴᠡᠳ ᠪᠠᠳᠠᠷᠠᠭᠤᠯᠵᠤ᠂ ᠬᠠᠮ ᠵᠠᠭᠤᠴᠢᠯᠠᠭᠤᠷ ᠤᠨ ᠤᠬᠠᠭᠤᠯᠭ᠎ᠠ ᠶᠢᠨ ᠭᠤᠤᠯ ᠵᠢᠭᠰᠠᠭᠠᠯ ᠤᠨ ᠭᠠᠵᠠᠷ ᠤᠨ ᠦᠢᠯᠡᠳᠦᠯ ᠢ ᠰᠠᠶᠢᠲᠤᠷ ᠠᠰᠢᠭᠯᠠᠵᠤ᠂ ᠠᠮᠢ ᠠᠬᠤᠢ ᠰᠣᠶᠣᠯ ᠵᠢᠭᠤᠯᠴᠢᠯᠠᠯ ᠵᠡᠷᠭᠡ ᠠᠵᠤ ᠦᠢᠯᠡᠰ ᠤᠨ ᠬᠥᠭᠵᠢᠯᠲᠡ ᠳᠤ ᠡᠬᠢ ᠪᠠᠶᠠᠯᠢᠭ ᠢ ᠬᠤᠷᠠᠮᠳᠤᠭᠤᠯᠵᠤ᠂ ᠲᠦᠷᠦᠯ ᠲᠡᠮᠳᠡᠭ ᠢ ᠡᠭᠦᠳᠴᠦ᠂ ᠵᠠᠬ᠎ᠠ ᠳᠡᠯᠭᠡᠭᠦᠷ ᠢ ᠥᠷᠭᠡᠳᠭᠡᠬᠦ ᠬᠡᠷᠡᠭᠲᠡᠢ ᠭᠡᠪᠡ᠃ ︵ᠬᠠᠨ ᠸᠧᠨ ᠪᠢᠨ ᠯᠢ ᠤᠭ᠍ᠶᠦ︶
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号