| ︵ᠰᠤᠷᠪᠤᠯᠵᠢᠯᠠᠭᠴᠢ ᠤᠷᠤᠭᠰᠢᠯᠠᠯᠳᠠ ᠲᠡᠭᠵᠢᠷᠡᠬᠦ ᠳ᠋ᠦᠡᠭ ᠯᠢ ᠫᠢᠡᠭ︶ ᠬᠦᠬᠡᠭᠴᠢᠨ ᠮᠤᠭᠠᠢ ᠵᠢᠯ ᠢᠶᠠᠨ | ᠤᠭᠳᠤᠵᠦ ᠪᠠᠶᠢᠭ᠎ᠠ ᠡᠨᠡᠬᠦ ᠦᠯᠵᠡᠢ ᠪᠡᠯᠬᠡᠳᠤ ᠴᠠᠭ ᠮᠦᠴᠡ ᠳᠤ᠂ ᠬᠢᠨᠭ᠍ᠭᠠᠨ ᠠᠶᠢᠮᠠᠭ ᠤᠨ ᠲᠠᠷᠢᠶᠠᠯᠠᠩ ᠮᠠᠯ ᠠᠵᠦ | ᠠᠬᠤᠢ ᠶᠢᠨ ᠰᠢᠨᠵᠢᠯᠡᠬᠦ ᠤᠬᠠᠭᠠᠨ ᠤ ᠰᠤᠳᠤᠯᠬᠤ ᠭᠠᠵᠠᠷ ᠠᠴᠠ ᠪᠠᠶᠠᠷ ᠤᠨ ᠮᠡᠳᠡᠭᠡ ᠤᠯᠠᠮᠵᠢᠯᠠᠭᠳᠠᠪᠠ᠃ ᠲᠤᠰ | ᠰᠤᠳᠤᠯᠬᠤ ᠭᠠᠵᠠᠷ ᠤᠨ ᠲᠠᠷᠢᠮᠠᠯ ᠤᠨ ᠡᠬᠦᠯᠳᠡᠷ ᠪᠤᠶᠢᠵᠢᠭᠤᠯᠬᠤ ᠪᠠ ᠲᠠᠷᠢᠵᠦ ᠤᠷᠭᠤᠭᠤᠯᠬᠤ ᠰᠤᠳᠤᠯᠭᠠᠨ ᠤ | ᠲᠠᠰᠤᠭ ᠤᠨ ᠲᠡᠳ᠋ ᠰᠤᠳᠤᠯᠤᠭᠴᠢ ᠯᠢ ᠦᠷᠡᠵᠢᠮᠢᠰ᠂ 2024 ᠤᠨ ᠤ 12 ᠰᠠᠷ᠎ᠠ ᠶᠢᠨ 26 ᠤ ᠡᠳᠦᠷ᠂ ᠮᠤᠩᠭᠤᠯ | ᠤᠯᠤᠰ ᠤᠨ ᠤᠯᠤᠰ ᠤᠨ ᠶᠡᠭᠡ ᠰᠤᠷᠭᠠᠭᠤᠯᠢ ᠳᠤ ᠠᠮᠢᠳᠤ ᠪᠤᠳᠠᠰ ᠤᠨ ᠰᠢᠨᠵᠢᠯᠡᠬᠡᠨ ᠤ ᠴᠢᠭᠯᠡᠯ ᠢᠶᠠᠷ ᠳ᠋ᠤᠺᠲ᠋ᠤᠷᠠᠨᠲ | ᠲᠡᠬᠦᠰᠬᠦ ᠨᠤᠮ ᠬᠠᠶᠠᠯᠴᠠᠭᠠᠨ ᠳᠤ ᠤᠷᠤᠯᠴᠠᠭᠠᠳ᠂ ᠲᠤᠯᠤᠭᠠᠨ ᠮᠡᠷᠬᠡᠵᠢᠯᠳᠡᠨ ᠢᠶᠠᠷ ᠪᠦᠷᠢᠯᠳᠦᠭᠰᠡᠨ ᠰᠢᠨᠵᠢᠯᠡᠬᠦ | ᠤᠬᠠᠭᠠᠨ ᠤ ᠺᠤᠮᠢᠰ ᠤᠨ ᠵᠦᠪᠯᠡᠯ ᠤᠨ ᠡᠷᠳᠡᠮᠳᠡᠨ ᠪᠠᠭᠰᠢ ᠨᠡᠷ ᠤᠨ ᠰᠠᠨᠠᠯ ᠨᠢᠬᠡᠳᠡᠢ ᠦᠨᠳᠦᠷ ᠦᠨᠡᠯᠡᠯᠳᠡ ᠶᠢ | ᠬᠦᠷᠳᠡᠵᠦ᠂ ᠠᠮᠵᠢᠯᠳᠠ ᠲᠠᠢ ᠪᠠᠷ ᠰᠤᠷᠤᠯᠭ᠎ᠠ ᠪᠠᠨ ᠲᠡᠬᠦᠰᠬᠡᠵᠦ᠂ ᠪᠦᠬᠦ ᠠᠶᠢᠮᠠᠭ ᠤᠨ ᠲᠠᠩᠰᠠᠨ ᠳᠤ ᠪᠠᠶᠢᠭ᠎ᠠ ᠤᠷᠤᠨ | ᠲᠤᠭ᠎ᠠ ᠲᠠᠢ ᠺᠠᠳ᠋ᠷ ᠠᠵᠢᠯᠳᠠᠨ ᠤ ᠲᠤᠮᠳᠠ ᠭᠠᠳᠠᠭᠠᠳᠤ ᠤᠯᠤᠰ ᠲᠤ ᠡᠷᠳᠡᠮ ᠤᠨ ᠴᠤᠯᠠ ᠬᠠᠮᠠᠭᠠᠯᠠᠭᠰᠠᠨ ᠲᠦᠷᠦᠬᠦᠤ | ᠨᠢᠬᠡ ᠳ᠋ᠤᠺᠲ᠋ᠤᠷ ᠪᠤᠯᠤᠭᠰᠠᠨ ᠪᠠᠶᠢᠨ᠎ᠠ᠃ | 2021 ᠤᠨ ᠤ 12 ᠰᠠᠷ᠎ᠠ ᠠᠴᠠ 2024 ᠤᠨ ᠤ 12 ᠰᠠᠷ᠎ᠠ ᠪᠤᠯᠳᠠᠯ᠎ᠠ᠂ ᠯᠢ ᠦᠷᠡᠵᠢᠮᠢᠰ ᠮᠤᠩᠭᠤᠯ | ᠤᠯᠤᠰ ᠤᠨ ᠤᠯᠤᠰ ᠤᠨ ᠶᠡᠭᠡ ᠰᠤᠷᠭᠠᠭᠤᠯᠢ ᠳᠤ ᠠᠮᠢᠳᠤ ᠪᠤᠳᠠᠰ ᠤᠨ ᠰᠢᠨᠵᠢᠯᠡᠬᠡᠨ ᠤ ᠴᠢᠭᠯᠡᠯ ᠢᠶᠠᠷ | ᠳ᠋ᠤᠺᠲ᠋ᠤᠷᠠᠨᠲ ᠢᠶᠠᠷ ᠰᠤᠷᠤᠯᠴᠠᠵᠤ᠂ ︽ᠮᠠᠤᠲ ᠤᠮᠢᠺᠢᠰ ᠤᠨ ᠠᠨᠠᠯᠢᠰ ᠲᠤ ᠰᠠᠭᠤᠷᠢᠯᠠᠭᠰᠠᠨ ᠦᠡᠭᠬᠡᠳᠤ | ᠪᠤᠭᠤᠳᠠᠢ ᠶᠢᠨ ᠦᠷ᠎ᠡ ᠶᠢᠨ ᠦᠡᠭᠬᠡ ᠨᠡᠶᠢᠯᠡᠯᠴᠡᠬᠦ ᠠᠷᠭ᠎ᠠ ᠵᠠᠮ ᠤᠨ ᠲᠤᠭᠳᠠᠴᠠ ᠶᠢᠨ ᠲᠤᠬᠠᠢ ᠰᠤᠳᠤᠯᠭᠠᠨ︾ ᠬᠡᠬᠦ | ᠭᠠᠷᠴᠠᠭ ᠲᠠᠢ ᠦᠬᠦᠯᠡᠯ ᠢᠶᠠᠷ ᠢᠶᠠᠨ ᠳ᠋ᠤᠺᠲ᠋ᠤᠷ ᠴᠤᠯᠠ ᠬᠠᠮᠠᠭᠠᠯᠠᠭᠰᠠᠨ ᠪᠠᠶᠢᠨ᠎ᠠ᠃ | ᠯᠢ ᠦᠷᠡᠵᠢᠮᠢᠰ ᠳ᠋ᠤᠺᠲ᠋ᠤᠷ ᠤᠨ ᠲᠠᠨᠢᠯᠴᠠᠭᠤᠯᠤᠭᠰᠠᠨ ᠢ ᠦᠨᠳᠦᠰᠦᠯᠡᠪᠡᠯ᠄ ︽ᠲᠤᠰ ᠦᠬᠦᠯᠡᠯ ᠳᠤ ᠴᠠᠭᠠᠨ᠂ | ᠨᠤᠭᠤᠭᠠᠨ᠂ ᠶᠠᠭᠠᠨ ᠪᠠ ᠬᠠᠷ᠎ᠠ ᠦᠡᠭᠬᠡ ᠲᠠᠢ ᠪᠤᠭᠤᠳᠠᠢ ᠠᠴᠠ ᠰᠢᠯᠢᠳᠡᠭ ᠡᠬᠦᠯᠳᠡᠷ ᠤᠨ ᠭᠧᠨ ᠢ 12 ᠰᠤᠩᠭᠤᠵᠦ᠂ | ᠴᠡᠴᠡᠭᠯᠡᠬᠦ ᠦᠶ᠎ᠡ᠂ ᠮᠦᠬᠦᠯᠢᠭ ᠤᠨ ᠤᠰᠤ ᠪᠦᠷᠢᠯᠳᠦᠬᠦ ᠦᠶ᠎ᠡ ᠪᠠ ᠮᠦᠬᠦᠯᠢᠭ ᠤᠨ ᠰᠦ ᠪᠦᠷᠢᠯᠳᠦᠬᠦ ᠦᠶ᠎ᠡ ᠬᠡᠵᠦ | ᠭᠤᠷᠪᠠᠨ ᠱᠠᠳᠤ ᠬᠤᠪᠢᠶᠠᠵᠦ᠂ ᠨᠢᠬᠡ ᠶᠢ ᠨᠢ ᠭᠤᠷᠪᠠ ᠤᠳᠠᠭ᠎ᠠ ᠲᠠᠪᠳᠠᠵᠦ᠂ ᠨᠡᠶᠢᠳᠡ 36 ᠦᠯᠢᠬᠡᠷ ᠬᠡᠪ ᠠᠪᠴᠦ᠂ | ᠬᠠᠷᠢᠴᠠᠭᠤᠯᠤᠨ ᠰᠤᠳᠤᠯᠤᠭᠰᠠᠨ ᠰᠠᠭᠤᠷᠢᠨ ᠲᠡᠬᠡᠷ᠎ᠡ ᠪᠠᠨ ᠳ᠋ᠦᠡᠭᠨᠡᠯᠳᠡ ᠬᠢᠵᠠᠢ᠃ ᠵᠤᠷᠢᠯᠭ᠎ᠠ ᠨᠢ᠂ ᠪᠤᠭᠤᠳᠠᠢ ᠶᠢᠨ | ᠰᠢᠨ᠎ᠡ ᠡᠬᠦᠯᠳᠡᠷ ᠢ ᠰᠤᠩᠭᠤᠨ ᠪᠤᠶᠢᠵᠢᠭᠤᠯᠬᠤ ᠵᠢᠴᠢ ᠭᠧᠨ ᠤ ᠮᠡᠷᠬᠡᠵᠢᠯ ᠢ ᠠᠰᠢᠭᠯᠠᠨ ᠪᠤᠭᠤᠳᠠᠢ ᠶᠢᠨ ᠰᠢᠮ᠎ᠡ | ᠲᠡᠵᠢᠬᠡᠯ ᠤᠨ ᠶᠠᠰᠤ ᠴᠢᠨᠡᠷ ᠢ ᠰᠠᠶᠢᠵᠢᠷᠠᠭᠤᠯᠬᠤ ᠳᠤ ᠪᠤᠢ︾ ᠬᠡᠪᠡ᠃ | ᠯᠢ ᠦᠷᠡᠵᠢᠮᠢᠰ 2012 ᠤᠨ ᠤ 9 ᠰᠠᠷ᠎ᠠ ᠠᠴᠠ 2015 ᠤᠨ ᠤ 7 ᠰᠠᠷ᠎ᠠ ᠪᠤᠯᠳᠠᠯ᠎ᠠ ᠦᠪᠦᠷ | ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠨᠤᠳᠤᠭ ᠪᠡᠯᠴᠢᠬᠡᠷ ᠤᠨ ᠰᠢᠨᠵᠢᠯᠡᠭᠡ ᠬᠢᠬᠡᠳ ᠮᠡᠷᠬᠡᠵᠢᠯ ᠢᠶᠠᠷ | ᠮᠠᠬᠢᠰᠲ᠋ᠧᠷ ᠲᠡᠬᠦᠰᠴᠤ᠂ ᠲᠦᠷᠦᠵᠦ ᠦᠰᠦᠭᠰᠡᠨ ᠨᠤᠳᠤᠭ ᠤᠰᠤ ᠬᠢᠨᠭ᠍ᠭᠠᠨ ᠠᠶᠢᠮᠠᠭ ᠲᠠᠭᠠᠨ ᠢᠷᠡᠵᠦ ᠠᠵᠢᠯᠯᠠᠨ᠂ | ᠭᠤᠤᠯᠳᠠᠭᠤ ᠭᠧᠨ ᠤ ᠤᠭ ᠶᠤᠰᠤ ᠶᠢ ᠠᠰᠢᠭᠯᠠᠵᠦ᠂ ᠠᠮᠢᠳᠤ ᠪᠤᠳᠠᠰ ᠤᠨ ᠰᠢᠨᠵᠢᠯᠡᠬᠡᠨ ᠤ ᠬᠠᠷᠠᠭᠠᠰᠤ ᠠᠴᠠ | ᠲᠠᠷᠢᠮᠠᠯ ᠤᠨ ᠡᠬᠦᠯᠳᠡᠷ ᠪᠤᠶᠢᠵᠢᠭᠤᠯᠬᠤ ᠪᠠ ᠲᠠᠷᠢᠵᠦ ᠤᠷᠭᠤᠭᠤᠯᠬᠤ ᠴᠢᠭᠯᠡᠯ ᠢᠶᠠᠷ ᠰᠤᠳᠤᠯᠭᠠᠨ ᠦᠷᠨᠢᠬᠦᠯᠵᠡᠢ᠃ | ᠲᠡᠷᠡ᠂ ᠨᠤᠳᠤᠭ ᠲᠠᠭᠠᠨ ᠢᠷᠡᠵᠦ ᠠᠵᠢᠯᠯᠠᠭᠰᠠᠨ ᠠᠷᠪᠠᠭᠠᠳ ᠵᠢᠯ ᠤᠨ ᠲᠤᠷᠰᠢ ᠬᠠᠮᠳᠤ ᠠᠵᠢᠯᠯᠠᠭᠰᠠᠳ ᠲᠠᠢ ᠪᠠᠨ | ᠪᠦᠯᠬᠦᠮᠳᠡᠨ ᠦᠷᠯᠦᠬᠡ ᠦᠳᠡᠰᠢ ᠲᠠᠢ ᠲᠡᠮᠡᠴᠠᠵᠦ᠂ ᠤᠷᠢᠳ ᠬᠤᠵᠢᠳ ᠪᠦᠬᠦ ᠤᠯᠤᠰ ᠤᠨ ᠡᠯ᠎ᠡ ᠭᠠᠵᠠᠷ ᠠᠴᠠ ᠡᠯ᠎ᠡ | ᠲᠦᠷᠦᠯ ᠤᠨ ᠪᠤᠭᠤᠳᠠᠢ ᠶᠢᠨ ᠦᠷ᠎ᠡ ᠶᠢ ᠨᠡᠶᠢᠳᠡ 1260 ᠬᠤᠪᠢ ᠴᠤᠭᠯᠠᠭᠤᠯᠪᠠ᠃ ᠡᠬᠦᠨ ᠳᠤ᠂ ᠦᠡᠭᠬᠡ ᠲᠠᠢ | ᠪᠤᠭᠤᠳᠠᠢ ᠶᠢᠨ ᠦᠷ᠎ᠡ ᠶᠢ ᠨᠡᠶᠢᠳᠡ 120 ᠭᠠᠷᠤᠢ ᠬᠤᠪᠢ ᠴᠤᠭᠯᠠᠭᠤᠯᠵᠦ᠂ ᠦᠨᠦᠳᠦᠷ ᠤᠨ ᠭᠠᠳᠠᠭᠠᠳᠤ ᠤᠯᠤᠰ ᠲᠤ | ᠳ᠋ᠤᠺᠲ᠋ᠤᠷ ᠴᠤᠯᠠ ᠬᠠᠮᠠᠭᠠᠯᠠᠬᠤ ᠳᠠᠭᠠᠨ ᠰᠠᠭᠤᠷᠢ ᠲᠠᠯᠪᠢᠭᠰᠠᠨ ᠪᠠᠶᠢᠨ᠎ᠠ᠃ | ᠡᠬᠦᠨ ᠠᠴᠠ ᠭᠠᠳᠠᠨ᠎ᠠ᠂ ᠯᠢ ᠦᠷᠡᠵᠢᠮᠢᠰ ᠮᠤᠩᠭᠤᠯ ᠤᠯᠤᠰ ᠤᠨ ᠤᠯᠤᠰ ᠤᠨ ᠶᠡᠭᠡ ᠰᠤᠷᠭᠠᠭᠤᠯᠢ ᠳᠤ | ᠳ᠋ᠤᠺᠲ᠋ᠤᠷᠠᠨᠲ ᠢᠶᠠᠷ ᠰᠤᠷᠤᠯᠴᠠᠵᠤ ᠪᠠᠶᠢᠭᠰᠠᠨ ᠲᠤᠬᠢᠶᠠᠯ ᠢᠶᠠᠨ ᠠᠰᠢᠭᠯᠠᠵᠦ ᠪᠠᠶᠢᠭᠠᠳ 50 ᠲᠦᠮᠡᠨ ᠲᠦᠬᠦᠷᠢᠭ ᠤᠨ | ᠡᠳ᠋ ᠤᠨ ᠵᠠᠰᠠᠭ ᠤᠨ ᠪᠡᠯᠡ ᠤᠷᠤᠭᠤᠯᠤᠯᠳᠠ ᠪᠦᠬᠦᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ | ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠤᠨ ᠪᠤᠭᠤᠮᠳᠠ ᠰᠢᠪᠳᠤᠯᠬᠤ ᠲᠦᠷᠦᠯ ᠵᠦᠢᠯ ᠪᠤᠯᠬᠤ — ︽ | ᠪᠤᠭᠤᠳᠠᠢ ᠶᠢᠨ ᠰᠢᠨ᠎ᠡ ᠡᠬᠦᠯᠳᠡᠷ ᠢ ᠰᠤᠩᠭᠤᠨ ᠪᠤᠶᠢᠵᠢᠭᠤᠯᠬᠤ ᠵᠢᠴᠢ ᠭᠧᠨ ᠤ ᠮᠡᠷᠬᠡᠵᠢᠯ ᠢ ᠠᠰᠢᠭᠯᠠᠨ ᠪᠤᠭᠤᠳᠠᠢ ᠶᠢᠨ | ᠰᠢᠮ᠎ᠡ ᠲᠡᠵᠢᠬᠡᠯ ᠤᠨ ᠶᠠᠰᠤ ᠴᠢᠨᠡᠷ ᠢ ᠰᠠᠶᠢᠵᠢᠷᠠᠭᠤᠯᠬᠤ ᠰᠤᠳᠤᠯᠭᠠᠨ︾ ︵ᠤᠯᠠᠨ ᠤᠯᠤᠰ ᠤᠨ ᠬᠠᠮᠵᠢᠯᠴᠠᠭᠠᠨ ᠤ | ᠲᠦᠷᠦᠯ ᠵᠦᠢᠯ︶ ᠤ ᠲᠦᠰᠦᠯ ᠢ ᠭᠤᠶᠤᠴᠢᠯᠠᠨ ᠤᠯᠤᠭᠰᠠᠨ ᠨᠢ ᠲᠡᠬᠦᠨ ᠤ ᠲᠤᠭᠳᠠᠭᠰᠠᠨ ᠴᠠᠭ ᠲᠠᠭᠠᠨ ᠳ᠋ᠤᠺᠲ᠋ᠤᠷ | ᠴᠤᠯᠠ ᠬᠠᠮᠠᠭᠠᠯᠠᠬᠤ ᠦᠬᠦᠯᠡᠯ ᠢᠶᠠᠨ ᠪᠢᠴᠢᠬᠦ ᠳᠤ ᠬᠠᠨᠭ᠍ᠭᠠᠯᠳᠠᠳᠠᠢ ᠪᠠᠷᠢᠮᠳᠠ ᠤᠯᠬᠤ ᠠᠰᠢᠳᠠᠢ ᠰᠠᠶᠢᠬᠠᠨ ᠨᠦᠬᠦᠴᠡᠯ | ᠪᠤᠯᠤᠭᠰᠠᠨ ᠪᠠᠶᠢᠵᠠᠢ᠃ | ᠯᠢ ᠦᠷᠡᠵᠢᠮᠢᠰ᠄ ︽ᠳ᠋ᠤᠺᠲ᠋ᠤᠷ ᠴᠤᠯᠠ ᠬᠠᠮᠠᠭᠠᠯᠠᠭᠰᠠᠨ ᠪᠤᠯ ᠲᠦᠮᠡᠨ ᠭᠠᠵᠠᠷ ᠤᠨ ᠠᠶᠠᠨ ᠤ ᠵᠦᠪᠬᠡᠨ | ᠲᠦᠷᠦᠬᠦᠤ ᠨᠢᠬᠡ ᠠᠯᠬᠤᠮ ᠲᠠᠳᠦᠢ᠃ ᠬᠤᠶᠢᠰᠢᠳᠠ ᠶᠢᠨ ᠠᠵᠢᠯ ᠤᠨ ᠲᠤᠮᠳᠠ ᠪᠠᠨ ᠪᠢ ᠠᠵᠢᠯ ᠤᠨ ᠪᠠᠶᠢᠷᠢ ᠳᠠᠭᠠᠨ | ᠰᠠᠭᠤᠷᠢᠯᠠᠵᠦ᠂ ᠬᠠᠮᠳᠤ ᠠᠵᠢᠯᠯᠠᠭᠰᠠᠳ ᠲᠠᠢ ᠪᠠᠨ ᠪᠦᠯᠬᠦᠮᠳᠡᠨ ᠲᠡᠮᠡᠴᠡᠵᠦ᠂ ᠨᠤᠳᠤᠭ ᠤᠰᠤ ᠬᠦᠮᠦᠨ ᠠᠷᠠᠳ ᠢᠶᠠᠨ | ᠪᠠᠶᠠᠵᠢᠭᠤᠯᠬᠤ ᠶᠢᠨ ᠲᠦᠯᠦᠬᠡ ᠦᠷᠬᠦᠯᠵᠢᠯᠡᠨ ᠵᠢᠳᠬᠦᠨ᠎ᠡ︾ ᠬᠡᠵᠦ ᠬᠡᠯᠡᠵᠦ ᠪᠠᠶᠢᠯ᠎ᠠ᠃ | | | | |